ᠦᠪᠡᠷ ᠢ ᠪᠠᠨ ᠠᠷᠭᠠᠳᠠᠬᠤᠢ

ᠰᠤᠠᠵᠢᠬᠤ ᠭᠡᠪᠠᠯ ᠦᠪᠡᠷ ᠢ ᠪᠠᠨ ᠯᠠ ᠰᠤᠠᠵᠢ

ᠴᠡᠴᠡᠭ᠌ ᠤᠨ ᠳᠠᠯᠪᠢ ᠪᠠᠷ ᠭᠤᠶᠤᠭᠰᠠᠨ ᠡᠷᠪᠠᠭᠡᠢ ᠡᠴᠠ

ᠵᠢᠷᠭᠠᠯ ᠲᠡᠶ ᠦᠦ ᠭᠡᠵᠤ ᠪᠢᠳᠡᠭᠡᠢ ᠠᠰᠠᠭᠤ

ᠪᠦᠷᠢᠳᠤ ᠶᠢᠨ ᠣᠰᠤᠨ ᠢ ᠵᠤᠷᠢᠭᠰᠠᠨ ᠠᠶᠠᠠᠴᠢᠨ ᠡᠴᠠ

ᠭᠦᠰᠡᠯ ᠲᠡᠶ ᠦᠦ ᠭᠡᠵᠤ ᠪᠢᠳᠡᠭᠡᠢ ᠠᠰᠠᠭᠤ

ᠬᠠᠷᠢᠨ ᠦᠪᠡᠷ ᠡᠴᠠ ᠪᠠᠨ ᠶᠠᠭᠤ ᠪᠦᠭᠦᠨ ᠢ ᠠᠰᠠᠭᠤ

ᠰᠥᠵᠢᠷᠡᠭᠦ

ᠳᠠᠯᠳᠠ ᠶᠢᠨ ᠰᠢᠳᠦᠭᠡᠨ ᠡᠴᠠ ᠪᠠᠨ

ᠰᠥᠡᠳᠡᠷᠯᠡᠭᠦ

ᠬᠤᠯᠠ ᠶᠢᠨ ᠦᠨᠳᠦᠷ ᠡᠴᠠ ᠪᠠᠨ

ᠳᠠᠰᠤᠭᠰᠠᠨ ᠦᠭᠡᠶ ᠭᠦᠮᠤᠨ ᠳᠤ ᠰᠡᠳᠭᠢᠯ ᠶᠢᠡᠨ ᠪᠢᠳᠡᠭᠡᠢ ᠥᠭ᠌

ᠳᠠᠪᠠᠭᠤᠯᠵᠤ ᠶᠠᠷᠢᠬᠤ ᠥᠭᠡ ᠪᠠᠨ ᠠᠯᠬᠤᠮ ᠪᠦᠷᠢ ᠳᠤ ᠭᠢᠨᠠ

ᠳᠠᠭᠠᠭᠠᠮᠠᠭᠠᠢ ᠬᠠᠢ᠌ᠷ᠎ᠠ ᠶᠢᠨ ᠭᠦᠡᠳᠤ ᠶᠢᠨ ᠵᠢᠩ ᠢ ᠵᠢᠷᠦᠭᠡ ᠪᠠᠷ ᠶᠢᠡᠨ ᠮᠠᠳᠠᠷᠠ

ᠳᠠᠷᠬᠠᠨ ᠴᠠᠭᠠᠵᠠᠳᠤ ᠣᠷᠤᠨ ᠤ ᠮᠢᠨᠢ ᠪᠦᠷᠢᠨ ᠡᠷᠭᠡᠳᠤ ᠨᠢ ᠭᠠᠭᠴᠠᠬᠠᠨ

ᠦᠪᠡᠷ ᠡᠴᠠ ᠪᠠᠨ ᠯᠠ ᠶᠠᠭᠤ ᠪᠦᠭᠦᠨ ᠢ ᠬᠠᠷᠠ

ᠵᠢᠷᠭᠠᠯᠳᠠᠢ ᠶᠠᠪᠣᠭ᠎ᠠ ᠪᠠᠨ ᠬᠠᠨᠢ ᠶᠢᠨ ᠶᠢᠡᠨ ᠬᠠᠷᠠᠴᠠᠨ ᠡᠴᠠ ᠡᠷᠢ

ᠦᠵᠡᠰᠭᠦᠯᠡᠩ ᠪᠦᠭᠦᠨ ᠤ ᠴᠢᠨᠢ ᠬᠠᠭᠠᠨ ᠡᠷᠭᠡ ᠳᠡᠭᠦᠨ ᠤ ᠭᠢ

ᠥᠳᠡᠯᠭᠦ ᠳᠤ ᠴᠢᠨᠢ ᠭᠦᠳᠦᠯᠦᠯᠴᠡᠭᠦ ᠠᠭᠤᠯᠠ ᠳᠦᠰᠢᠭ᠌ ᠳᠠᠷᠠ

ᠳᠤᠭᠤᠭᠢᠯᠠᠬᠤ ᠭᠡᠪᠠᠯ ᠦᠪᠡᠷ ᠢ ᠪᠠᠨ ᠯᠠ ᠳᠤᠭᠤᠭᠢᠯᠠ

ᠳᠤᠭᠠᠳᠠᠢ ᠭᠡᠳᠤᠨ ᠰᠠᠢ᠌ᠨ ᠡᠳᠦᠷ ᠶᠢᠡᠨ ᠳᠤᠬᠢᠳᠠᠢ᠌ᠬᠠᠨ ᠥᠩᠭᠡᠷᠡᠭᠡ

ᠣᠷᠢᠶᠠᠯᠳᠤᠬᠤ ᠣᠯᠤᠰᠤ ᠰᠢᠭ᠌ ᠵᠥᠭ᠌ ᠳᠣᠢ᠌ᠮᠤ ᠦᠭᠡᠶ ᠡᠴᠠ

ᠣᠷᠤᠨ ᠵᠠᠢ ᠪᠠᠨ ᠴᠢᠯᠦᠭᠡᠯᠡ

ᠭᠦᠯᠭᠦᠭᠡᠷᠡᠯᠳᠦᠭᠦ ᠥᠭᠡᠳᠡᠰᠤ ᠰᠢᠭ᠌ ᠡᠯᠡᠷ ᠪᠠᠯᠠᠷ ᠡᠴᠠ

ᠭᠦᠯ ᠣᠯᠠ ᠪᠠᠨ ᠣᠯ

ᠦᠮᠴᠢᠨ ᠳᠤ ᠴᠢᠨᠢ ᠪᠠᠭᠳᠠᠬᠤ ᠶᠤᠰᠤᠳᠠᠢ ᠡᠷᠭᠡ ᠴᠢᠯᠦᠭᠡ ᠪᠠᠨ ᠡᠳ᠋ᠯᠡ

ᠦᠷᠦᠭᠡᠨ ᠳᠤ ᠴᠢᠨᠢ ᠪᠠᠢ᠌ᠬᠤ ᠶᠤᠰᠤᠳᠠᠢ ᠰᠡᠷᠭᠦᠮ᠎ᠡ ᠠᠭᠠᠷ ᠢ ᠣᠷᠤᠭᠤᠯ

ᠶᠠᠭᠤᠨ ᠤ ᠴᠤ ᠲᠦᠯᠦᠭᠡ ᠪᠣᠤ ᠵᠦᠳᠡ᠂ ᠠᠮᠠᠷᠠᠬᠤ ᠰᠢᠭ ᠠᠮᠠᠷᠠ

ᠶᠠᠭᠠᠭᠢᠨ᠎ᠡ ᠭᠡᠵᠤ ᠪᠢᠳᠡᠭᠡᠢ ᠪᠣᠳᠤᠯᠢ᠂ ᠠᠯᠢᠶᠠᠯᠠᠭᠰᠠᠨ ᠰᠢᠭ ᠠᠯᠢᠶᠠᠯᠠ

ᠰᠢᠪᠠᠭᠤ ᠭᠦᠷᠳᠡᠯ᠎ᠡ ᠣᠷᠤᠰᠢᠬᠤ ᠮᠦᠴᠢᠷ ᠳᠠᠢ

ᠰᠢᠪᠠᠵᠢ ᠭᠦᠷᠳᠡᠯ᠎ᠡ ᠣᠷᠤᠩᠨᠠᠬᠤ ᠭᠠᠵᠠᠷ ᠳᠠᠢ

ᠭᠦᠯ ᠳᠤᠤᠷᠠᠭᠢ ᠭᠦᠷᠦᠰᠤᠨ ᠤ ᠪᠠᠨ ᠪᠦᠯᠢᠶᠡᠨ ᠢ ᠮᠡᠳᠡᠷᠡᠭᠦ

ᠨᠢᠯᠬ᠎ᠠ ᠨᠤᠭᠤᠭᠠᠨ ᠳᠤ ᠭᠦᠷᠳᠡᠯ᠎ᠡ ᠣᠷᠤᠨ ᠳᠠᠢ

ᠰᠠᠨᠠᠭ᠎ᠠ ᠠᠯᠭᠠᠰᠠᠵᠤ ᠣᠢ᠌ᠮᠤᠷᠬᠤ ᠭᠡᠷᠡᠭ᠌ ᠥᠭᠡᠢ

ᠰᠠᠷᠠ ᠨᠠᠷᠠ ᠡᠭᠡᠯᠵᠢᠯᠡᠭᠦ ᠪᠠᠷ ᠶᠢᠡᠨ ᠡᠭᠡᠯᠵᠢᠯᠡᠨ᠎ᠡ

ᠰᠠᠨᠠᠭᠠᠨ ᠳᠤ ᠴᠢᠨᠢ ᠣᠷᠤᠮ᠎ᠠ ᠦᠭᠡᠶ ᠭᠦᠮᠤᠨ ᠢ ᠳᠤᠷᠠᠰᠬᠤ ᠭᠡᠪᠠᠯ ᠬᠤᠳᠠᠯ

ᠰᠠᠨᠠᠭᠠᠤᠨ ᠡᠭᠢᠯᠡᠭ᠍ᠰᠡᠨ ᠬᠣᠢ᠌ᠨ᠎ᠠ ᠦᠯᠳᠠᠨ᠎ᠡ ᠭᠡᠪᠠᠯ ᠨᠠᠩ ᠬᠤᠳᠠᠯ

ᠪᠣᠷᠤᠭᠠᠨ ᠪᠦᠭᠦᠨ ᠡᠭᠦᠯᠡᠨ ᠤ ᠭᠢ ᠰᠢᠤ ᠳ᠋ᠡ

ᠪᠣᠳᠤᠯ ᠪᠣᠯᠭᠠᠨ ᠰᠡᠳᠭᠢᠯ ᠤᠨ ᠭᠢ ᠰᠢᠤ ᠳ᠋ᠡ

ᠵᠠᠯᠬᠠᠭᠠᠬᠤ ᠭᠡᠪᠠᠯ ᠦᠪᠡᠷ ᠢ ᠪᠠᠨ ᠯᠠ ᠵᠠᠯᠬᠠᠭ᠎ᠠ

ᠵᠠᠶᠠᠭ᠎ᠠ ᠰᠠᠨᠠᠭ᠎ᠠ ᠬᠤᠶᠠᠷ ᠢ ᠵᠡᠷᠭᠡᠳᠡ ᠲᠤᠬᠢᠶᠠᠭᠰᠠᠨ ᠦᠭᠡᠶ ᠭᠡᠵᠤ

ᠳᠡᠭ᠍ᠷᠢ ᠳᠡᠭᠡᠨ ᠪᠣᠤ ᠭᠤᠮᠤᠳᠠ

ᠵᠢᠭᠠᠭᠰᠠᠨ ᠪᠠᠢ᠌ᠷᠢᠨ ᠳ᠋ᠤᠨᠢ ᠵᠤᠭᠰᠤᠭᠰᠠᠨ ᠦᠭᠡᠶ ᠪᠠᠢ᠌ᠵᠤ

ᠵᠠᠭᠤᠷᠠᠳᠤ ᠶᠢᠨ ᠰᠠᠢ᠌ᠬᠠᠨ ᠳᠤ ᠪᠣᠤ ᠭᠤᠮᠤᠷᠬ᠎ᠠ

ᠪᠣᠴᠠᠯᠤᠮ᠎ᠠ ᠠᠭᠤᠷ ᠶᠢᠡᠨ ᠭᠡᠨ ᠳᠤ ᠴᠤ ᠪᠣᠤ ᠭᠠᠷᠭ᠎ᠠ

ᠪᠣᠯᠴᠢᠮ ᠦᠭᠡᠶ ᠥᠭᠡ ᠶᠢ ᠠᠮᠠᠷᠠᠭ ᠲᠠᠭᠠᠨ ᠪᠣᠤ ᠰᠤᠨᠤᠰᠬ᠎ᠠ

ᠪᠣᠴᠠᠭᠠᠤᠨ ᠬᠠᠷᠠᠬᠤ ᠳᠤ ᠶᠠᠪᠣᠵᠤ ᠥᠩᠭᠡᠷᠡᠭ᠍ᠰᠡᠨ ᠵᠠᠮ ᠶᠢᠡᠨ ᠯᠠ ᠳᠤᠯᠢᠳᠠ

ᠶᠡᠭᠦᠷᠡᠭᠦ ᠭᠡᠵᠤ ᠪᠣᠢ ᠡᠷᠭᠢ ᠣᠷᠤᠭᠤ ᠴᠢᠯᠠᠭᠤ ᠪᠢᠳᠡᠭᠡᠢ ᠰᠢᠳᠠ

ᠶᠡᠭᠦᠯᠡᠭᠦ ᠭᠡᠵᠤ ᠪᠣᠢ ᠭᠤᠨᠢᠭ ᠶᠢᠡᠨ ᠵᠢᠪᠠᠷ ᠥᠭᠡᠳᠡ ᠬᠠᠷᠠᠭᠤᠯ

ᠣᠷᠤᠰᠴᠤ ᠪᠣᠢ ᠠᠮᠢᠳᠤᠷᠠᠯ ᠶᠤᠮ ᠡ᠂ ᠠᠶᠤᠯ ᠬᠠᠶᠠ ᠳᠠᠭᠠᠷᠢᠬᠤ ᠶᠤᠮ

ᠣᠷᠤᠰᠢᠵᠤ ᠪᠣᠢ ᠬᠠᠷᠠᠩᠭ᠋ᠤᠢ ᠶᠤᠮ ᠡ᠂ ᠳᠦᠭ᠍ᠰᠢᠭᠦᠷᠢ ᠬᠠᠶᠠ ᠲᠤᠬᠢᠶᠠᠬᠤ ᠶᠤᠮ

ᠳᠤᠳᠤᠨᠤ ᠬᠠᠯᠠᠭᠤᠨ ᠪᠦᠭᠦᠨ ᠳᠤ ᠢᠳᠡᠭᠡᠯ ᠪᠢᠳᠡᠭᠡᠢ ᠥᠭ᠌

ᠳᠤᠷᠠᠯᠠᠯ ᠳᠠᠴᠢᠶᠠᠯ ᠪᠦᠭᠦᠨ ᠳᠤ ᠵᠤᠷᠢᠭ ᠪᠢᠳᠡᠭᠡᠢ ᠥᠭ᠌

ᠳᠠᠶᠠᠭᠳᠠᠬᠤ ᠭᠡᠪᠠᠯ ᠦᠪᠡᠷ ᠢ ᠪᠠᠨ ᠯᠠ ᠳᠠᠶᠠᠭᠳᠠ

ᠦᠨᠢ ᠶᠢᠨ ᠶ‍ᠦᠮᠰᠢᠭ᠌ ᠦᠳᠡᠰᠢ ᠶᠢᠨ ᠰᠠᠷᠠᠨ ᠳ᠋ᠤ

ᠦᠯᠢᠭᠡᠷ ᠤᠨ ᠶ‍ᠦᠮᠰᠢᠭ᠌ ᠳᠤᠷᠠᠯᠠᠯ ᠪᠢᠳᠡᠭᠡᠢ ᠣᠶᠠᠩᠭ᠋ᠠᠯᠠ

ᠠᠶᠤᠯ ᠪᠠᠷᠳᠠᠭ᠎ᠠ ᠲᠡᠶ ᠴᠤ ᠣᠷᠭᠢᠯ ᠥᠭᠡᠳᠡ ᠨᠢ ᠵᠤᠷᠢ

ᠠᠮᠳᠠ ᠰᠢᠮᠳᠠ ᠲᠡᠶ ᠴᠤ ᠵᠡᠭᠦᠳᠤ ᠪᠠᠨ ᠪᠣᠤ ᠮᠠᠨᠠ

ᠳᠠᠭᠠᠷᠠᠵᠤ ᠪᠠᠢ᠌ᠨ᠎ᠠ ᠭᠡᠵᠤ ᠳᠠᠭᠵᠢᠵᠤ ᠪᠠᠢ᠌ᠪᠠᠴᠤ ᠪᠢᠳᠡᠭᠡᠢ ᠶᠠᠷᠢ

ᠡᠪᠡᠳᠴᠤ ᠪᠠᠢ᠌ᠨ᠎ᠠ ᠭᠡᠵᠤ ᠡᠪᠭᠡᠷᠴᠤ ᠪᠠᠢ᠌ᠪᠠᠴᠤ ᠪᠣᠤ ᠭᠡᠯᠡ

ᠬᠤᠭᠤᠷᠠᠭᠰᠠᠨ ᠰᠢᠭ ᠬᠤᠭᠤᠷᠠᠵᠤ ᠰᠠᠯ

ᠬᠠᠭᠠᠴᠠᠭᠰᠠᠨ ᠰᠢᠭ ᠬᠠᠭᠠᠴᠠᠵᠤ ᠳᠠᠶᠠᠭᠳᠠ


2012.8.27


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1249
ᠴᠠᠭ᠄ 2012 ᠤᠨ ᠤ 09 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁