ᠳᠤᠯᠤᠩ

ᠦᠷᠯᠦᠭᠡ ᠶᠢᠨ ᠨᠠᠷᠠ ᠳᠠᠭᠢᠭᠠᠤᠨ ᠯᠠ ᠮᠠᠠᠳᠤᠨ᠎ᠠ ᠰᠢᠤ

ᠦᠳᠡᠰᠢ ᠶᠢᠨ ᠶᠠᠭᠠᠨ ᠳᠤᠯᠤᠩ ᠡ

ᠴᠢᠨᠤ ᠭᠤᠸ᠎ᠠ ᠥᠵᠡᠰᠭᠦᠯᠡᠩ ᠮᠢᠨᠤ ᠵᠡᠭᠦᠳᠤᠨ ᠳᠤ ᠯᠠ ᠦᠯᠠᠳᠠᠨ᠎ᠡ ᠁

ᠡᠪᠭᠡᠭᠡᠰᠦᠳᠡᠢ ᠮᠦᠷᠦᠭᠡᠳᠦᠯ ᠳᠠᠯᠠᠪᠴᠢ ᠪᠠᠨ ᠳᠡᠯᠭᠡᠵᠤ ᠰᠢᠪᠠᠭᠤ ᠪᠣᠯᠵᠤ ᠰᠦᠨᠢᠵᠢᠨ ᠬᠤᠷᠮᠤᠢ ᠳᠤ ᠴᠢᠨᠢ ᠬᠤᠷᠭᠤᠳᠠᠨ᠎ᠠ

ᠰᠡᠳᠭᠢᠯ ᠤᠨ ᠮᠢᠨᠢ ᠨᠢᠭᠡᠨ ᠰᠡᠮᠡᠷᠡᠭᠡᠢ ᠰᠢᠪᠠᠭᠤᠨ ᠤ ᠳᠠᠯᠠᠪᠴᠢᠨ ᠳᠤ ᠭᠢᠯᠳᠠᠭᠠᠨᠠᠨ᠎ᠠ

ᠡᠩᠰᠡᠷᠡᠭ᠍ᠰᠡᠨ ᠭᠤᠮᠤᠳᠠᠯ ᠢ ᠮᠢᠨᠢ ᠠᠪᠴᠤ ᠰᠠᠷᠨᠢᠨ ᠣᠤᠠᠬᠤ ᠳᠤ ᠴᠢᠨᠢ

ᠡᠩᠭᠦᠷᠡᠢ᠌ᠭᠡᠨ ᠳᠦᠷᠭᠦ ᠪᠠᠨ ᠣᠰᠤᠨ ᠤ ᠭᠡ ᠪᠦᠷᠢ ᠡᠴᠠ ᠬᠠᠢ᠌ᠨ᠎ᠠ

ᠪᠣᠯᠪᠠᠷᠠᠢ᠌ᠬᠠᠨ ᠪᠣᠳᠤᠯ ᠳᠠᠭᠠᠨ ᠨᠢᠯᠬᠠᠷᠠᠭᠰᠠᠨ ᠮᠦᠴᠡᠰ ᠶᠢᠡᠨ ᠣᠳᠠᠨ ᠤ ᠮᠦᠴᠢᠷ ᠲᠤ ᠳᠠᠮᠠᠭᠠᠯᠠᠨ᠎ᠠ


ᠶᠠᠭᠤᠨ ᠳᠤ ᠴᠢᠮᠠᠳᠤ ᠭᠤᠮᠤᠳᠠᠳᠠᠭ ᠶᠢᠡᠨ ᠪᠢ ᠦᠪᠡᠷ ᠡᠴᠠ ᠪᠠᠨ ᠪᠠᠢ᠌ᠨ ᠳᠠᠭᠢᠨ ᠠᠰᠠᠭᠤᠨ᠎ᠠ

ᠶᠠᠭᠤᠨ ᠤ ᠲᠦᠯᠦᠭᠡ ᠨᠠᠮ᠎ᠠ ᠶᠢ ᠭᠤᠮᠤᠳᠠᠭᠠᠳᠠᠭ ᠶᠢᠡᠨ ᠴᠢ ᠴᠤ ᠦᠪᠡᠷ ᠡᠴᠠ ᠪᠠᠨ ᠠᠰᠠᠭᠤ


ᠡᠨᠡ ᠣᠷᠤᠢ ᠪᠢ ᠳᠠᠭᠢᠭᠠᠤᠨ ᠯᠠ ᠴᠢᠮ᠎ᠠ ᠪᠠᠨ ᠪᠠᠷᠠᠯᠠᠬᠤ ᠪᠠᠷ ᠢᠷᠠᠯ᠎ᠠ ᠁

ᠭᠤᠷᠤᠬᠠᠨ ᠤ ᠰᠢᠪᠠᠨᠡᠭᠡ ᠮᠦᠨ ᠯᠠ ᠨᠠᠮᠤᠭᠤᠬᠠᠨ

ᠣᠳᠠᠨ ᠤ ᠮᠦᠴᠢᠷ ᠣᠤᠯ ᠤᠨ ᠭᠢ ᠰᠢᠭ᠌ ᠶᠢᠡᠨ ᠡᠷᠭᠡᠯᠡᠩᠭᠦᠢ

ᠢᠨᠠᠭ ᠬᠤᠤᠰ ᠤᠳ ᠮᠦᠷᠤ ᠪᠠᠨ ᠨᠠᠯᠠᠯᠴᠠᠨ᠎ᠠ

ᠴᠢᠨᠤ ᠯᠠ ᠭᠤᠸᠠᠯᠢᠭ ᠳᠦᠷᠭᠦ ᠪᠠᠷ ᠶᠠᠭᠤ ᠪᠦᠭᠦᠨ ᠵᠢᠷᠭᠠᠵᠤ ᠶᠠᠭᠤ ᠪᠦᠭᠦᠨ ᠪᠠᠰᠠ ᠠᠭᠤᠰᠴᠤ ᠠᠷᠢᠯᠤᠨ᠎ᠡ

ᠳᠤᠯᠤᠩ ᠮᠢᠨᠢ

ᠰᠡᠳᠭᠢᠯ ᠤᠨ ᠬᠠᠢ᠌ᠯᠠᠨ ᠮᠢᠨᠢ

ᠠᠮᠢᠰᠬᠤᠭ᠎ᠠ ᠪᠠᠨ ᠭᠦᠷᠳᠡᠯ᠎ᠡ ᠴᠢᠮ᠎ᠠ ᠲᠡᠶ ᠨᠡᠢ᠌ᠯᠡᠭᠦᠯᠭᠦ ᠭᠡᠵᠤ ᠭᠡᠴᠢᠨᠡᠨ ᠵᠤᠪᠠᠪᠠ ᠪᠢ ︖

ᠠᠮᠢᠳᠤ ᠪᠠᠷ ᠶᠢᠠᠨ ᠴᠢᠯᠠᠭᠤᠵᠢᠵᠤ ᠴᠢᠮ᠎ᠠ ᠶᠢ ᠰᠠᠭᠢᠬᠤ ᠭᠡᠵᠤ ᠡᠨᠡ ᠦᠦ ︖

                        


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1452
ᠴᠠᠭ᠄ 2011 ᠤᠨ ᠤ 09 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁