ᠵᠡᠭᠡᠷᠭᠡᠨ᠎ᠡ

ᠵᠡᠭᠡᠷᠭᠡᠨ᠎ᠡ ᠵᠢ

        ᠡᠮ ᠳᠤ ᠣᠷᠤᠨ᠎ᠠ ᠭᠡᠰᠡᠨ ᠳᠤ ᠨᠢ ᠪᠢᠰᠢ

ᠵᠡᠭᠡᠷᠭᠡᠨ᠎ᠡ ᠵᠢ

       ᠦᠨ᠎ᠡ ᠳᠤ ᠣᠷᠤᠯ᠎ᠠ ᠭᠡᠰᠡᠨ ᠳᠤ ᠨᠢ ᠊᠊᠊᠊᠊᠊᠊᠊᠊᠊᠊᠊᠊᠊᠊

ᠵᠡᠪᠰᠡᠭ᠌ ᠪᠠᠷᠢᠭᠰᠠᠨ ᠢᠷᠭᠡᠳ

ᠵᠥᠭ᠌ ᠪᠦᠷᠢ ᠡᠴᠠ ᠢᠷᠡᠵᠡᠭᠡᠯ᠎ᠡ᠃

ᠴᠢᠰᠤᠨ ᠤ ᠢᠯᠠᠭ᠎ᠠ ᠰᠢᠭ ᠴᠤᠭᠯᠠᠷᠠᠯ᠎ᠠ

ᠨᠢᠰᠤᠬᠠᠢ ᠬᠡᠦᠬᠡᠳ ᠰᠢᠭ᠌ ᠨᠤᠤᠷᠠᠯᠳᠤᠯ᠎ᠠ

ᠵᠤ᠋ ᠮᠠᠩᠬ᠎ᠠ ᠳᠤ ᠮᠢᠨᠢ (ᠦᠨᠡᠨ ᠳᠤ ᠪᠠᠨ)

       ᠵᠤᠭᠤᠰ ᠪᠣᠯᠠᠭᠰᠠᠨ ᠦᠭᠡᠶ ᠡ

ᠵᠤᠮᠠᠯᠠᠵᠤ ᠥᠭ᠍ᠳᠡᠭᠡᠭᠦ ᠪᠠᠷ ᠨᠢ (ᠡᠴᠦᠰ ᠲᠤ ᠪᠠᠨ)

       ᠵᠤᠪᠠᠯᠠᠩ ᠪᠣᠯᠤᠭᠰᠠᠨ ᠡ

ᠬᠠᠳᠤᠭᠤᠷ ᠶᠢᠡᠨ ᠮᠠᠳᠠᠷᠠᠳᠠᠯ᠎ᠠ

        ᠬᠠᠷᠠᠯᠠᠳᠠᠯ᠎ᠠ ᠭᠢᠷᠭᠠᠯ᠎ᠠ

ᠬᠠᠪᠣᠷ ᠶᠢᠡᠨ ᠮᠠᠷᠳᠠᠳᠠᠯ᠎ᠠ

        ᠬᠠᠳᠠᠳᠠᠯ᠎ᠠ ᠵᠥᠭᠡᠭᠡᠯ᠎ᠡ

ᠭᠦᠷᠵᠡ ᠡᠷᠭᠢᠭᠦᠯᠵᠤ

ᠭᠦᠷᠦᠰᠤ ᠲᠡᠶ᠂ ᠦᠨᠳᠦᠰᠦ ᠲᠡᠶ ᠨᠢ ᠣᠷᠪᠠᠭᠤᠯᠤᠯ᠎ᠠ

ᠭᠦᠮᠤᠨ ᠡᠴᠠ ᠣᠷᠢᠳᠠᠵᠤ

ᠭᠦᠷᠢᠶᠡᠨ ᠳᠤ ᠪᠠᠨ᠂ ᠦᠷᠦᠭᠡᠨ ᠳᠤ ᠪᠠᠨ ᠣᠷᠤᠭᠤᠯᠤᠯ᠎ᠠ᠃

ᠨᠤᠳᠤᠭ ᠤᠨ ᠵᠡᠭᠡᠷᠭᠡᠨ᠎ᠡ ᠡᠮ ᠳᠤ ᠣᠷᠤᠪᠠᠴᠤ

ᠨᠤᠬᠤᠴᠠᠵᠤ ᠪᠣᠳᠤᠪᠠᠯ ᠵᠤᠭᠤᠰ ᠭᠦᠷᠪᠠᠴᠤ

ᠵᠢᠭᠡᠯᠡᠵᠤ ᠠᠪᠴᠢᠷᠠᠭᠰᠠᠨ ᠡᠮ ᠨᠢ

        ᠵᠢᠩᠭᠢᠨᠢ ᠡᠰᠡᠭᠦ ᠵᠢ

ᠱᠡᠭᠡᠯᠡᠵᠤ ᠠᠪᠴᠢᠷᠠᠭᠰᠠᠨ

        ᠵᠢᠩᠯᠢ ᠨᠢ ᠯᠠ ᠮᠠᠳᠠᠨ᠎ᠡ᠃

ᠡᠨᠡ ᠵᠢᠯ ᠤᠨ ᠵᠡᠭᠡᠷᠭᠡᠨ᠎ᠡ

       ᠦᠨ᠎ᠡ ᠳᠤ ᠭᠦᠷᠦᠭ᠍ᠰᠡᠨ ᠨᠢ ᠦᠨᠡᠨ

ᠡᠷᠭᠢᠭᠦ ᠵᠢᠯ ᠡ᠊ᠨᠳᠡ ᠡᠴᠠ

       ᠦᠨᠳᠦᠰᠦ ᠶᠢ ᠨᠢ ᠴᠤ ᠣᠯᠬᠤ ᠦᠭᠡᠶ ᠨᠢ ᠦᠨᠡᠨ

ᠡᠷᠭᠢ᠂   ᠨᠥᠭᠡ᠂ ᠭᠠᠩᠭ᠎ᠠ ᠁

       ᠥᠭᠢᠳᠭᠡᠵᠤ ᠣᠨᠠᠭᠰᠠᠨ ᠮᠠᠯ

ᠡᠯᠡᠰᠤ᠂ ᠮᠠᠩᠬ᠎ᠠ᠂ ᠴᠦᠯ ᠁

       ᠦᠩ ᠨᠢ ᠮᠠᠭᠤᠳᠠᠭᠰᠠᠨ ᠭᠦᠷᠦᠰᠤ

ᠡᠭᠡ ᠭᠠᠵᠠᠷ ᠤᠨ ᠡᠮᠵᠡᠭ᠌ ᠰᠢᠷᠬ᠎ᠠ ᠵᠢ

       ᠡᠮᠭᠡᠨᠢᠯ ᠤᠨ ᠨᠢᠯᠪᠣᠰᠤ ᠡᠳᠡᠭᠡᠭᠡᠵᠤ ᠴᠢᠳᠠᠬᠤ ᠦᠭᠡᠶ᠃     

ᠨᠤᠭᠤᠭᠠᠨ ᠥᠩᠭᠡ ᠪᠠᠨ ᠠᠯᠳᠠᠯ᠎ᠠ

        ᠨᠤᠳᠤᠭ ᠮᠢᠨᠢ ᠡ

ᠨᠤᠮᠤᠬᠠᠨ ᠵᠠᠩ ᠶᠢᠡᠨ ᠠᠯᠳᠠᠯ᠎ᠠ

        ᠲ᠋ᠡᠨᠡᠭ᠌ ᠮᠢᠨᠢ ᠡ

ᠳᠤᠷᠭᠠᠭᠤᠯᠢ ᠭᠡᠳᠡᠭ᠌ ᠶᠠᠭᠤ ᠵᠢ

      ᠲ᠋ᠠᠨᠢᠵᠤ ᠮᠡᠳᠡᠭᠦ ᠡᠴᠠ ᠡᠮᠤᠨ᠎ᠡ

      ᠲ᠋ᠤᠮᠤᠭᠤ ᠪᠠᠨ ᠠᠯᠳᠠᠬᠤ ᠡᠴᠠ

ᠳᠤᠮᠤᠭ᠎ᠠ ᠪᠠᠨ ᠠᠯᠳᠠᠬᠤ ᠨᠢ ᠦᠦ ︖



ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1573
ᠴᠠᠭ᠄ 2011 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ