ᠣᠴᠢᠷ ᠲᠡᠶ ᠨᠢᠭᠡᠨ ᠱᠠᠭ᠎ᠠ

ᠱᠠᠭ᠎ᠠ ᠬᠠᠶᠠᠯᠴᠠᠬᠤ ᠪᠦᠷᠢ

ᠴᠢ

ᠱᠠᠯᠠᠮᠠᠭᠠᠢ ᠣᠷᠠᠨ ᠭᠠᠷ ᠶᠢᠡᠷ ᠶᠢᠡᠨ

ᠱᠥᠭᠦᠳᠡᠭ᠌ ᠪᠠᠢ᠌ᠯ᠎ᠠ ᠰᠢᠤ᠂ ᠨᠠᠮᠢ᠋ᠢ

ᠬᠤᠷᠤᠰᠬᠤ ᠳᠤ ᠪᠠᠨ ᠪᠢ

ᠬᠤᠯᠠ ᠰᠢᠳᠡᠴᠢᠭᠡᠳᠡᠭ᠌ ᠡ

ᠬᠤᠶᠠᠭᠤᠯᠠ ᠶᠢᠨ ᠳᠤᠮᠳᠠ

ᠨᠢᠭᠡ ᠱᠠᠭ᠎ᠠ ᠭᠢᠯᠢᠰᠳᠡᠳᠡᠭ᠌ ᠪᠠᠢ᠌ᠯ᠎ᠠ ᠰᠢᠤ

ᠭᠡᠳᠦᠢ ᠡᠷᠢᠭ᠍ᠰᠡᠨ ᠴᠤ ᠣᠯᠵᠤ ᠳᠡᠢ᠌ᠯᠭᠦ ᠦᠭᠡᠶ

ᠭᠡᠪᠠᠷᠢᠭ᠍‍ᠭᠡᠨ ᠨᠢᠯᠪᠣᠰᠤ ᠪᠠᠨ ᠴᠢ ᠳᠤᠭᠣᠢ᠌ᠬᠠᠨ ᠠᠷᠴᠢᠬᠤ ᠳᠤ

ᠭᠦᠭᠡᠷᠦᠭᠦᠢ᠌ᠯᠡᠨ ᠰᠠᠨᠠᠵᠤ ᠪᠢ

ᠬᠠᠷᠠᠮᠰᠠᠳᠠᠭ ᠪᠠᠢ᠌ᠯ᠎ᠠ ᠰᠢᠤ

ᠮᠠᠷᠭᠠᠰᠢ ᠨᠢ ᠪᠣᠯᠬᠤ ᠳᠤ

ᠳᠠᠪᠤᠨ ᠱᠠᠭ᠎ᠠ ᠪᠦᠷᠢᠳᠦᠭᠦᠯᠴᠢᠭᠡᠭᠡᠳ

ᠮᠠᠭᠤᠬᠠᠢ ᠠᠭᠠᠰᠢᠯᠠᠭᠰᠠᠨ ᠥᠴᠦᠭᠡᠳᠦᠷ ᠤᠨ ᠣᠴᠢᠷ ᠶᠢᠡᠨ

ᠮᠠᠷᠳᠠᠴᠢᠬᠠᠭᠰᠠᠨ ᠶᠤᠮ ᠰᠢᠭ

ᠳᠤᠭᠯᠠᠳᠠᠭ ᠪᠠᠢ᠌ᠯ᠎ᠠ ᠰᠢᠤ

᠁᠁

ᠴᠤᠬᠤᠮ ᠭᠡᠵᠢᠶ᠎ᠡ ᠴᠤ ᠶᠤᠮ ᠪᠢᠯᠠ

ᠴᠤᠩᠬᠤ ᠨᠡᠭᠡᠭᠡᠯᠳᠡᠳᠡᠢ

ᠰᠠᠷᠠᠨ ᠳᠡᠷᠭᠡᠯ ᠪᠠᠢ᠌ᠭᠰᠠᠨ

ᠡᠢ᠌ᠮᠤ ᠯᠠ ᠰᠠᠢ᠌ᠬᠠᠨ

ᠵᠠᠯᠠᠭᠤ ᠨᠠᠰᠤᠨ ᠤ ᠦᠳᠡᠰᠢ

ᠥᠢᠮᠡᠭᠡᠨ ᠦᠭᠡᠶ

ᠨᠠᠮ ᠨᠠᠮᠤᠭᠤᠬᠠᠨ ᠦᠳᠡᠰᠢ

ᠴᠢ ᠨᠠᠮᠢ᠋ᠢ ᠰᠡᠮᠡᠭᠡᠷᠭᠡᠨ ᠳᠠᠭᠤᠳᠠᠯ᠎ᠠ

ᠴᠢᠯᠠᠭᠤᠳᠠᠭᠰᠠᠨ ᠳᠠᠷᠠ ᠱᠠᠭ᠎ᠠ ᠪᠠᠨ

ᠡᠷᠢᠭᠦ ᠪᠠᠷ ᠶᠠᠪᠣᠶ᠎ᠠ

ᠡᠷᠢᠭᠦ ᠪᠠᠷ ᠶᠠᠪᠣᠶ᠎ᠠ ᠭᠡᠯ᠎ᠡ ᠁

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1934
ᠴᠠᠭ᠄ 2009 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁