ᠨᠤᠳᠤᠭ ᠮᠢᠨᠢ ᠰᠠᠨᠠᠭᠳᠠᠨ᠎ᠠ

ᠰᠦᠷᠦᠭ᠌ ᠶᠢᠡᠨ ᠬᠠᠷᠢᠭᠤᠯᠤᠨ ᠪᠠᠶᠠᠰᠳᠠᠭ ᠮᠠᠯᠴᠢᠨ ᠠᠪᠣ ᠮᠢᠨᠢ ᠰᠠᠨᠠᠭᠳᠠᠨ᠎ᠠ

ᠰᠦ᠋ ᠪᠠᠨ ᠡᠷᠭᠦᠨ ᠰᠠᠷᠠᠪᠴᠢᠯᠠᠳᠠᠭ ᠴᠠᠢ᠌ᠯᠭᠠᠨ ᠡᠵᠢ ᠮᠢᠨᠢ ᠰᠠᠨᠠᠭᠳᠠᠨ᠎ᠠ

ᠭᠦᠤ ᠪᠠᠨ ᠰᠠᠨᠠᠨ ᠣᠶᠠᠷᠠᠳᠠᠭ ᠨᠤᠳᠤᠭ ᠣᠰᠤ ᠮᠢᠨᠢ ᠰᠠᠨᠠᠭᠳᠠᠨ᠎ᠠ

ᠭᠦᠷᠡᠩ ᠵᠢᠷᠦᠭᠡᠨ ᠳᠤ ᠣᠶᠠᠭᠠᠳᠠᠢ ᠳᠦᠷᠦᠭ᠍ᠰᠡᠨ ᠨᠤᠳᠤᠭ ᠮᠢᠨᠢ ᠰᠠᠨᠠᠭᠳᠠᠨ᠎ᠠ

ᠴᠡᠭᠡᠨ ᠳᠤᠩᠭ᠋ᠠᠯᠠᠭ ᠪᠣᠯᠠᠭ ᠳᠠᠩᠨᠠᠢ ᠳᠤ ᠠᠮᠳᠠᠯᠠᠭᠳᠠᠨ ᠰᠠᠨᠠᠭᠳᠠᠨ᠎ᠠ

ᠴᠡᠴᠡᠭ᠌ ᠤᠨ ᠦᠨᠦᠷᠳᠠᠢ ᠰᠠᠯᠭᠢ ᠨᠢ ᠰᠡᠳᠭᠢᠯ ᠳᠤ ᠥᠭᠡᠢ᠌ᠯᠡᠭ᠍ᠳᠡᠨ ᠰᠠᠨᠠᠭᠳᠠᠨ᠎ᠠ

ᠪᠠᠯᠴᠢᠷ ᠨᠠᠰᠤ ᠪᠠᠨ ᠣᠷᠭᠢᠭᠰᠠᠨ ᠡᠳᠦᠷ ᠬᠤᠨᠤᠭ ᠤᠳ ᠮᠢᠨᠢ ᠰᠠᠨᠠᠭᠳᠠᠨ᠎ᠠ

ᠪᠠᠶᠠᠰᠤᠨ ᠭᠦᠭᠡᠷᠴᠤ ᠥᠰᠦᠭ᠍ᠰᠡᠨ ᠥᠯᠦᠭᠡᠢ ᠨᠤᠳᠤᠭ ᠮᠢᠨᠢ ᠰᠠᠨᠠᠭᠳᠠᠨ᠎ᠠ

ᠣᠷᠳᠤ ᠶᠢᠨ ᠳᠠᠭᠤᠨ ᠤ ᠠᠶᠠᠯᠠᠭᠤ ᠵᠢᠷᠦᠭᠡᠨ ᠳᠤ ᠡᠭᠡᠰᠢᠭᠯᠡᠨ ᠰᠠᠨᠠᠭᠳᠠᠨ᠎ᠠ

ᠣᠨᠠᠭᠠᠨ ᠪᠠᠭ᠎ᠠ ᠶᠢᠨ ᠨᠠᠢ᠌ᠵᠠ ᠤᠳ ᠮᠢᠨᠢ ᠵᠡᠭᠦᠳᠤᠨ ᠳᠤ ᠡᠷᠭᠢᠯᠳᠤᠨ ᠰᠠᠨᠠᠭᠳᠠᠨ᠎ᠠ

ᠬᠠᠷᠠᠬᠤ ᠨᠢᠳᠤᠨ ᠳᠤ ᠳᠤᠯᠠᠭᠠᠬᠠᠨ ᠬᠠᠢ᠌ᠷᠠᠳᠠᠢ ᠨᠤᠳᠤᠭ ᠮᠢᠨᠢ ᠰᠠᠨᠠᠭᠳᠠᠨ᠎ᠠ

ᠬᠠᠮᠢᠭ᠎ᠠ ᠬᠤᠯᠠ ᠶᠠᠪᠣᠭᠰᠠᠨ ᠴᠤ ᠳᠦᠷᠦᠭ᠍ᠰᠡᠨ ᠨᠤᠳᠤᠭ ᠮᠢᠨᠢ ᠰᠠᠨᠠᠭᠳᠠᠨ᠎ᠠ

ᠳᠠᠩᠨᠠᠢ ᠴᠠᠢ᠌ᠯᠭᠠᠵᠤ ᠥᠰᠦᠭ᠍ᠰᠡᠨ ᠴᠠᠭᠠᠨ ᠢᠳᠡᠭᠡ ᠮᠢᠨᠢ ᠰᠠᠨᠠᠭᠳᠠᠨ᠎ᠠ

ᠳᠠᠨᠠᠨ ᠴᠠᠭᠠᠨ ᠮᠤᠩᠭ᠋ᠤᠯ ᠭᠡᠷ ᠬᠠᠷᠠᠭᠠᠨ ᠳᠤ ᠮᠢᠨᠢ ᠳᠤᠳᠤᠷᠠᠵᠤ ᠰᠠᠨᠠᠭᠳᠠᠨ᠎ᠠ

ᠳᠠᠭ᠎ᠠ ᠰᠤᠷᠭᠠᠵᠤ ᠣᠬᠠᠭ᠎ᠠ ᠳᠦᠷᠦᠭᠡᠯᠡᠭ᠍ᠰᠡᠨ ᠪᠠᠯᠴᠢᠷ ᠨᠠᠰᠤ ᠮᠢᠨᠢ ᠰᠠᠨᠠᠭᠳᠠᠨ᠎ᠠ

ᠳᠠᠪᠠᠯ ᠲᠡᠶ ᠵᠠᠶᠠᠭᠠᠨ ᠳᠠᠭᠠᠨ ᠪᠠᠬᠠᠷᠬᠠᠳᠠᠭ ᠮᠠᠯᠴᠢᠨ ᠲᠦᠮᠡᠨ ᠮᠢᠨᠢ ᠰᠠᠨᠠᠭᠳᠠᠨ᠎ᠠ

ᠴᠢᠯᠠᠭᠤ ᠨᠠᠮᠠᠵᠤ ᠰᠥᠵᠦᠭ᠌ ᠶᠢᠡᠨ ᠳᠠᠭᠠᠳᠬᠠᠳᠠᠭ ᠣᠪᠣᠭ᠎ᠠ ᠳᠠᠭᠢᠯᠭ᠎ᠠ ᠮᠢᠨᠢ ᠰᠠᠨᠠᠭᠳᠠᠨ᠎ᠠ

ᠴᠠᠢ᠌ᠯᠭᠠᠨ ᠰᠡᠳᠭᠢᠯ ᠲᠡᠶ ᠥᠭ᠍‍ᠭᠢᠶᠡᠮᠦᠷᠴᠢ ᠪᠣᠶᠠᠠᠰᠠᠭ ᠪᠣᠷᠬᠠᠨ ᠠᠷᠠᠤᠨ ᠮᠢᠨᠢ ᠰᠠᠨᠠᠭᠳᠠᠨ᠎ᠠ

ᠴᠢᠩ ᠵᠢᠷᠤᠮᠳᠤ ᠡᠷᠯᠭᠡᠩ ᠪᠠᠭᠠᠳᠤᠷᠠᠯᠢᠭ ᠣᠭᠰᠠᠭ᠎ᠠ ᠦᠨᠳᠦᠰᠦ ᠮᠢᠨᠢ ᠰᠠᠨᠠᠭᠳᠠᠨ᠎ᠠ

ᠴᠠᠴᠠᠨ ᠴᠡᠯᠮᠡᠭ᠌ ᠣᠠᠭᠭ᠎ᠠ ᠪᠠᠨ ᠬᠠᠢ᠌ᠷᠠᠯᠠᠭᠰᠠᠨ ᠳᠡᠭ᠍ᠷᠢᠯᠢᠭ᠌ ᠣᠪᠣᠭ ᠮᠢᠨᠢ ᠰᠠᠨᠠᠭᠳᠠᠨ᠎ᠠ

ᠠᠴᠢᠶ᠎ᠠ ᠨᠢ ᠳᠡᠩᠴᠡᠭᠦᠯᠦᠭ᠍ᠰᠡᠨ ᠨᠡᠭᠦᠳᠡᠯ ᠭᠦᠳᠦᠯ ᠳᠠᠪᠠᠵᠤ ᠰᠠᠨᠠᠭᠳᠠᠨ᠎ᠠ

ᠠᠷᠭᠤᠮᠠᠭ ᠭᠦᠯᠦᠭ᠌ ᠤᠨ ᠦᠣᠷᠰᠡᠭᠡ ᠰᠤᠨᠤᠷ ᠲᠤ ᠴᠤᠢᠩᠨᠠᠨ ᠰᠠᠨᠠᠭᠳᠠᠨ᠎ᠠ

ᠬᠤᠷ᠎ᠠ ᠪᠣᠷᠤᠭᠠᠨ ᠤ ᠴᠢᠭᠢᠭ᠌ ᠴᠡᠭᠡᠵᠢ ᠠᠭᠤᠵᠢᠷᠠᠭᠤᠯᠤᠨ ᠰᠠᠨᠠᠭᠳᠠᠨ᠎ᠠ

《ᠬᠤᠠᠳᠤ》 ᠶ᠋ᠢᠨ ᠰᠠᠢ᠌ᠬᠠᠨ ᠦᠵᠡᠮᠵᠢ ᠬᠠᠷᠠᠭ᠎ᠠ ᠪᠣᠯᠢᠶᠠᠵᠤ ᠰᠠᠨᠠᠭᠳᠠᠨ᠎ᠠ

ᠦᠨᠳᠦᠷ ᠰᠦᠷᠯᠢᠭ᠌ ᠠᠭᠤᠯᠠ ᠬᠠᠩᠭ᠋ᠠᠢ ᠵᠠᠯᠭᠠᠯᠳᠤᠨ ᠣᠨᠢᠶᠠᠳᠤᠷᠠᠵᠤ ᠰᠠᠨᠠᠭᠳᠠᠨ᠎ᠠ

ᠡᠪᠦᠭᠡ ᠳᠡᠭᠡᠳᠦᠰ ᠤᠨ ᠨᠤᠳᠤᠭ ᠣᠰᠤ ᠰᠡᠳᠭᠢᠯ ᠳᠤ ᠪᠠᠳᠡᠭᠡᠷᠡᠨ ᠰᠠᠨᠠᠭᠳᠠᠨ᠎ᠠ

ᠬᠤᠷᠳᠤᠨ ᠭᠦᠯᠦᠭ᠌ ᠤᠨ ᠳᠠᠪᠭᠢᠭ᠎ᠠ ᠵᠢᠯᠪᠢ ᠭᠦᠷᠭᠡᠵᠤ ᠰᠠᠨᠠᠭᠳᠠᠨ᠎ᠠ

ᠬᠤᠯᠠ ᠶᠢᠨ ᠴᠡᠩᠭᠡᠷ ᠵᠡᠷᠭᠡᠯᠭᠡᠨ ᠠᠯᠤᠰ ᠳᠤ ᠳᠤᠨᠢᠷᠬᠠᠵᠤ ᠰᠠᠨᠠᠭᠳᠠᠨ᠎ᠠ

ᠴᠠᠪᠠᠷ ᠠᠷᠢᠭᠤᠬᠠᠨ ᠠᠭᠠᠷ ᠢ ᠨᠢ ᠬᠠᠨᠤᠳᠠᠯ᠎ᠠ ᠪᠠᠨ ᠠᠮᠢᠰᠬᠤᠮᠠᠷ ᠰᠠᠨᠠᠭᠳᠠᠨ᠎ᠠ

ᠴᠡᠴᠡᠭ᠌ ᠲᠡᠶ ᠨᠤᠭᠤᠭᠠᠨ ᠵᠥᠯᠭᠡᠨ ᠳᠡᠭᠡᠷ᠎ᠡ ᠨᠢ ᠳᠤᠷ᠎ᠠ ᠪᠠᠷ ᠶᠢᠡᠨ ᠭᠦᠯᠪᠦᠷᠮᠡᠷ ᠰᠠᠨᠠᠭᠳᠠᠨ᠎ᠠ

ᠨᠠᠢ᠌ᠷ ᠤᠨ ᠮᠡᠡᠭᠯᠡᠢ ᠡᠷ᠎ᠡ ᠶᠢᠨ ᠭᠤᠷᠪᠠᠨ ᠨᠠᠭᠠᠳᠤᠮ ᠨᠢᠳᠤᠨ ᠳᠤ ᠥᠵᠡᠭ᠍ᠳᠡᠨ ᠰᠠᠨᠠᠭᠳᠠᠨ᠎ᠠ

ᠨᠠᠢ᠌ᠭᠤᠨ ᠳᠡᠯᠭᠡᠷᠡᠭᠦ ᠵᠤᠨ ᠤ ᠴᠡᠴᠡᠭ᠌ ᠨᠠᠮᠢ᠋ᠢ ᠳᠠᠯᠠᠯᠤᠨ ᠰᠠᠨᠠᠭᠳᠠᠨ᠎ᠠ

ᠨᠠᠮᠳᠠᠷ ᠳᠡᠦᠭᠡ ᠪᠠᠨ ᠭᠡᠷᠢᠶᠡᠰᠦᠯᠡᠭ᠍ᠰᠡᠨ ᠡᠯᠦᠡᠴᠡ ᠶᠢᠨ ᠣᠳᠤᠮ ᠮᠢᠨᠢ ᠰᠠᠨᠠᠭᠳᠠᠨ᠎ᠠ

ᠨᠠᠮᠢ᠋ᠢ ᠳᠦᠷᠦᠭᠦᠯᠦᠭ᠍ᠰᠡᠨ ᠨᠤᠳᠤᠭ ᠲᠠᠭᠠᠨ ᠳᠠᠮᠡᠤᠯᠠᠨ ᠭᠦᠷᠦᠮᠡᠷ ᠰᠠᠨᠠᠭᠳᠠᠨ᠎ᠠ



ᠵᠤᠬᠢᠶᠠᠭᠴᠢ ᠶᠢᠨ ᠬᠠ‍‌ᠶᠢᠭ ᠄ ᠪᠠᠶᠠᠠᠭᠤᠤᠯ ᠵᠸᠤ ᠶᠢᠨ ᠮᠤᠩᠭ᠋ᠤᠯ ᠭᠡᠯᠡ ᠪᠠᠷ ᠺᠢᠨᠤ᠋ ᠵᠥᠴᠦᠭᠡ ᠣᠷᠴᠢᠭᠤᠯᠤᠨ ᠦᠢᠯᠡᠳᠬᠦ ᠳᠦᠪ

ᠵᠤᠬᠢᠶᠠᠭᠴᠢ᠄ ᠮᠤ᠋·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1948
ᠴᠠᠭ᠄ 2011 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁