ᠺᠤᠮᠫᠢᠦ᠋ᠲ᠋ᠧᠷ ᠤᠨ ᠭᠦᠨᠦᠭᠡᠯ ᠢ ᠰᠡᠷᠭᠡᠢ᠌ᠯᠡᠭᠦ ᠠᠷᠭ᠎ᠠ

ᠦᠷᠭᠦᠯᠵᠢ ᠳᠤᠯᠤᠭᠠᠢ ᠳᠦᠨᠡᠷᠡᠭᠦ ᠪᠣᠶᠤ ᠴᠡᠭᠡᠵᠢᠯᠡᠭᠦ ᠴᠢᠳᠠᠪᠣᠷᠢ ᠮᠠᠭᠤᠳᠠᠭᠰᠠᠨ ᠶᠢᠡᠨ ᠰᠠᠷᠠᠵᠤ ᠮᠡᠳᠡᠭ᠍ᠰᠡᠨ ᠦᠦ ︖ ᠰᠢᠷᠡᠭᠡ ᠡᠯᠢᠭᠡᠳᠡᠨ ᠣᠠᠳᠠᠬᠤ ᠳᠠᠭᠠᠨ ᠺᠤᠮᠫᠢᠦ᠋ᠲ᠋ᠧᠷ ᠶᠢᠡᠨ ᠬᠠᠭᠠᠬᠤ ᠭᠡᠷᠡᠭ᠍ᠳᠡᠢ᠃ ᠭᠡᠭᠦ ᠳᠡᠭᠡᠨ ᠵᠥᠪᠭᠡᠨ ᠺᠤᠮᠫᠢᠦ᠋ᠲ᠋ᠧᠷ ᠤᠨ ᠶᠢᠡᠨ ᠭᠦᠰᠢᠭᠡ ᠶᠢ ᠯᠠ ᠬᠠᠭᠠᠬᠤ ᠪᠢᠰᠢ᠂  ᠵᠦᠪᠭᠡᠨ ᠭᠦᠰᠢᠭᠡ ᠶᠢ ᠬᠠᠭᠠᠪᠠᠯ ᠰᠠᠴᠤᠷᠠᠭ ᠤᠨ ᠭᠦᠨᠦᠭᠡᠯ ᠡᠭᠦᠰᠭᠦ ᠶᠢ ᠬᠤᠷᠢᠭᠯᠠᠵᠤ ᠳᠡᠢ᠌ᠯᠭᠦ ᠥᠭᠡᠢ ᠶ‍ᠦᠮ᠃ ᠢᠯᠡᠩᠭ᠋ᠦᠶ᠎ᠡ ᠰᠢᠷᠡᠭᠡ ᠡᠯᠢᠭᠡᠳᠡᠨ ᠣᠠᠳᠠᠪᠠᠯ ᠳᠤᠯᠤᠭᠠᠢ ᠰᠢᠭᠤᠳ ᠺᠤᠮᠫᠢᠦ᠋ᠲ᠋ᠧᠷ ᠳᠠᠰᠢ ᠬᠠᠠᠳᠤᠬᠤ ᠪᠣᠯᠬᠤᠷ ᠭᠡᠵᠢᠶ᠎ᠡ ᠨᠢᠭᠡ ᠡᠳᠦᠷ ᠮᠡᠨᠡᠭ᠌ ᠡᠪᠡᠳᠴᠢᠨ ᠪᠣᠶᠤ ᠳᠠᠷᠢᠭᠢᠨ ᠤ ᠬᠠᠪᠣᠳᠠᠷ ᠲᠤ ᠨᠡᠷᠪᠠᠭ᠍ᠳᠡᠪᠠᠯ ᠬᠤᠴᠤᠷᠴᠢᠬᠠᠨ᠎ᠠ ᠰᠢᠤ ︕

ᠰᠠᠴᠤᠷᠠᠭ ᠤᠨ ᠭᠦᠨᠦᠭᠡᠯ ᠥᠨᠡᠭᠡᠷ ᠠᠶᠤᠮᠰᠢᠭᠲᠠᠢ᠂ ᠡᠷᠡᠭᠦᠯ ᠴᠢᠭᠢᠷᠠᠭ ᠶᠡᠭᠤᠨ ᠡᠴᠡ ᠴᠤ ᠡᠷᠭᠢᠮ ᠰᠢᠤ ︕ ᠺᠤᠮᠫᠢᠦ᠋ᠲ᠋ᠧᠷ ᠤᠨ ᠡᠪᠡᠳᠴᠢᠨ᠂ ᠴᠡᠭᠡᠵᠢᠨ ᠠᠷᠬᠠᠭ ᠺᠤᠮᠫᠢᠦ᠋ᠲ᠋ᠧᠷ ᠤᠨ ᠡᠮᠦᠨ᠎ᠡ ᠪᠠᠢ᠌ᠩᠭ᠋ᠤ ᠰᠠᠭᠤᠵᠤ᠂ ᠢᠯᠠᠩᠭ᠋ᠤᠶ᠎ᠠ ᠭᠡᠳᠤᠨ ᠴᠠᠭ ᠶᠢᠡᠷ ᠨᠢᠭᠡᠯᠡ ᠭᠡᠪ ᠶᠢᠡᠷ ᠰᠠᠭᠤᠪᠠᠯ ᠶᠠᠷᠤᠨᠢ ᠨᠢ ᠭᠦᠵᠦᠭᠦᠤ ᠰᠡᠭᠡᠷ ᠡᠪᠠᠳᠴᠤ᠂ ᠴᠢᠨᠠᠭᠰᠢᠯᠡᠪᠠᠯ ᠡᠡᠵᠢᠯᠯᠡᠬᠤ ᠤᠷᠮ᠎ᠡ ᠥᠭᠡᠢ ᠪᠤᠯᠳᠠᠭ᠃ ᠳᠦᠭᠦᠮ ᠰᠢᠯᠭᠠᠯᠳᠠ ᠪᠠᠷ ᠮᠠᠭᠠᠳᠯᠠᠵᠤ ᠪᠣᠯᠤᠨ᠎ᠠ᠃

ᠲ᠋ᠤᠯᠤᠭᠠᠢ ᠪᠠᠨ ᠬᠠᠵᠠᠢ᠌ᠯᠭᠠᠨ ᠵᠡᠭᠦᠨ ᠭᠠᠷ ᠳᠠᠰᠢ ᠪᠠᠨ ᠠᠵᠢᠭᠯᠠᠭᠰᠠᠨ ᠤ ᠳᠠᠷᠠᠭ᠎ᠠ ᠳᠤᠷᠤᠭᠰᠢ 45 ᠭ᠍ᠷᠡᠳᠥ᠋ᠰ ᠶᠢᠡᠷ ᠠᠭᠠᠵᠢᠮ ᠶᠢᠡᠷ ᠡᠷᠭᠢᠭᠦᠯᠦᠨ᠎ᠡ᠃ ᠡᠨᠡ ᠦᠶᠡᠰ ᠭᠦᠵᠦᠭᠦᠤ ᠰᠡᠭᠡᠷ ᠴᠢᠨᠢ ᠰᠢᠷᠭᠢᠷᠠᠨ ᠡᠪᠠᠦᠡᠭᠦ ᠦᠤ ︖ ᠭᠡᠷᠪᠡ ᠡᠪᠡᠳᠴᠤ ᠪᠠᠢ᠌ᠪᠠᠯ ᠭᠢᠴᠢᠶᠡᠭᠦ ᠭᠡᠷᠡᠭ᠍ᠳᠡᠢ᠃ ᠤᠴᠢᠷ ᠨᠢ ᠳᠠ ᠺᠤᠮᠫᠢᠦ᠋ᠲ᠋ᠧᠷ ᠤᠨ ᠡᠪᠡᠳᠴᠢᠨ ᠪᠣᠯᠬᠤ ᠴᠡᠭᠡᠵᠢᠨ ᠠᠷᠬᠠᠭ ᠲ᠋ᠤ ᠨᠡᠷᠪᠠᠭ᠍ᠳᠡᠭ᠍ᠰᠡᠨ ᠪᠠᠢ᠌ᠵᠤ ᠮᠠᠳᠠᠨ᠎ᠠ᠃

ᠺᠤᠮᠫᠢᠦ᠋ᠲ᠋ᠧᠷ ᠪᠣᠯ ᠶᠠᠷᠭᠠᠴᠢᠨ ᠮᠦᠨ ᠦᠷᠭᠦᠯᠵᠢ ᠰᠦᠯᠵᠢᠶᠠᠨ ᠳᠤ ᠭᠠᠷᠳᠠᠭ ᠭᠦᠮᠦᠰ ᠨᠢᠷᠤᠭᠤ ᠰᠡᠭᠡᠷ ᠡᠪᠠᠦᠡᠴᠤ᠂ ᠪᠠᠶ᠎ᠠ ᠶᠢᠨ ᠦᠯᠦ ᠬᠠᠯᠳᠠᠭᠠᠬᠤ ᠴᠢᠳᠠᠪᠣᠷᠢ ᠶᠠᠪᠣᠬᠤ ᠳᠤᠳᠤᠮ ᠮᠠᠭᠤᠳᠠᠨ ᠰᠠᠨᠠᠭ᠎ᠠ ᠰᠡᠳᠭᠢᠯ ᠳᠦᠪᠯᠡᠷᠡᠵᠤ ᠳᠡᠢ᠌ᠯᠭᠦ ᠦᠭᠡᠶ ᠪᠤᠯᠳᠠᠭ᠃ ᠡᠭᠦᠨ ᠢ ᠪᠣᠢ ᠪᠣᠯᠭᠠᠭᠰᠠᠨ ᠶᠠᠷᠭᠠᠴᠢᠨ ᠪᠣᠯ ᠺᠤᠮᠫᠢᠦ᠋ᠲ᠋ᠸᠷ ᠮᠥᠨ᠃ ᠭᠦᠮᠦᠰ ᠺᠤᠮᠫᠢᠦ᠋ᠲ᠋ᠧᠷ ᠤᠨ ᠰᠠᠳᠠᠷᠠᠭᠤᠯᠤᠭᠰᠠᠨ ᠰᠠᠴᠤᠷᠠᠭ ᠤᠨ ᠭᠦᠨᠦᠭᠡᠯ ᠢ ᠠᠮᠠᠷᠬᠠᠨ ᠤᠮᠳᠠᠭᠠᠢ᠌ᠯᠠᠳᠠᠭ᠃ ᠲ᠋ᠡᠯᠡᠭᠡᠢ ᠶᠢᠨ MPRⅡ ᠤᠨ ᠰᠠᠴᠤᠷᠠᠭ ᠤᠨ ᠭᠦᠨᠦᠭᠡᠯ ᠢ ᠰᠡᠷᠭᠡᠢ᠌ᠯᠡᠭᠦ ᠡᠡᠮᠦᠷ ᠳᠦᠪᠰᠢᠨ ᠤ ᠳᠦᠷᠢᠮ ᠳᠤ 50 ᠰᠠᠠᠲ᠋ᠢᠮᠸᠲ᠋ᠷ ᠤᠨ ᠳᠤᠳᠤᠷ᠎ᠠ ᠮᠸᠲ᠋ᠷ ᠪᠦᠷᠢ ᠳᠤ 25 V ᠵᠢᠨ ᠰᠠᠴᠤᠷᠠᠭ ᠤᠨ ᠭᠡᠮᠵᠢᠶ᠎ᠡ ᠢ᠌ ᠰᠡᠷᠭᠡᠢ᠌ᠯᠡᠭᠦ ᠭᠡᠷᠡᠭ᠍ᠳᠡᠢ ᠭᠡᠮᠡᠨ ᠲᠤᠭᠳᠠᠭᠠᠪᠠ᠃ ᠲ᠋ᠡᠭᠡᠪᠠᠯ ᠺᠤᠮᠫᠢᠦ᠋ᠲ᠋ᠧᠷ ᠤᠨ ᠰᠠᠴᠤᠷᠠᠭ ᠤᠨ ᠭᠡᠮᠵᠢᠶ᠎ᠡ ᠭᠡᠳᠦᠢ ᠪᠠᠢ᠌ᠳᠠᠭ ᠪᠣᠯ ︖ ᠲ᠋ᠦᠦᠷ᠎ᠡ ᠨᠢᠭᠡᠳ ᠨᠢᠭᠡ ᠪᠠᠷ ᠳᠤᠭᠠᠴᠢᠶ᠎ᠠ᠃

ᠺᠤᠮᠫᠢᠦ᠋ᠲ᠋ᠧᠷ ᠤᠨ ᠳᠠᠷᠤᠭᠤᠯ ᠳᠤᠪᠴᠢ᠄ ᠮᠸᠲ᠋ᠷ ᠪᠦᠷᠢ 1000 V᠃ ᠬᠤᠯᠤᠭᠠᠨᠠᠴᠢᠷ᠄ ᠮᠸᠲ᠋ᠷ ᠪᠦᠷᠢ 450 V᠃ ᠭᠦᠰᠢᠭᠡ᠄ ᠮᠸᠲ᠋ᠷ ᠪᠦᠷᠢ 218 V᠃ ᠭᠤᠤᠯ ᠮᠠᠰᠢᠨ᠄ ᠮᠸᠲ᠋ᠷ ᠪᠦᠷᠢ 170 V᠃ ᠺᠤᠮᠫᠢᠦ᠋ᠲ᠋ᠧᠷ ᠤᠨ ᠰᠠᠴᠤᠷᠠᠭ ᠤᠨ ᠭᠦᠨᠦᠭᠡᠯ ᠢ ᠪᠦᠳᠦᠮᠵᠢᠳᠡᠢ ᠰᠡᠷᠭᠡᠢ᠌ᠯᠡᠭᠦ ᠭᠡᠳᠤᠨ ᠵᠣᠢ᠌ᠯ ᠤᠨ ᠠᠷᠭ᠎ᠠ :

ᠨᠢᠭᠡ᠂ ᠺᠦᠮᠫᠢᠥᠲ᠋ᠸᠷ ᠤᠨ ᠵᠠᠬ᠎ᠠ ᠳᠠᠭᠠᠨ ᠭᠡᠳᠤᠨ ᠫᠧᠩᠰᠡ ᠡᠡᠷᠰᠢ ᠶᠢᠨ ᠠᠯᠠᠭ᠎ᠠ (ᠣᠷᠭᠤᠮᠠᠯ) ᠳᠠᠯᠪᠢᠪᠠᠯ ᠰᠠᠴᠤᠷᠠᠭ ᠤᠨ ᠭᠦᠨᠦᠭᠡᠯ ᠢ ᠪᠦᠳᠦᠮᠵᠢᠳᠡᠢ ᠪᠠᠷ ᠪᠠᠭᠠᠰᠬᠠᠳᠠᠭ᠃

ᠬᠤᠶᠠᠷ᠂ ᠠᠮᠢᠳᠤᠷᠠᠯ ᠤᠨ ᠲᠦᠯᠦᠭᠡ ᠮᠤᠩᠭ᠋ᠠᠨᠢᠵᠤ ᠪᠠᠢ᠌ᠭ᠎ᠠ ᠭᠦᠮᠦᠰ ᠲ᠋ᠤ ᠠᠪᠴᠤ ᠭᠡᠯᠡᠪᠠᠯ ᠺᠦᠮᠫᠢᠥᠲ᠋ᠸᠷ ᠤᠨ ᠰᠠᠴᠤᠷᠠᠭ ᠤᠨ ᠭᠦᠨᠦᠭᠡᠯ ᠢ ᠰᠡᠷᠭᠡᠢ᠌ᠯᠡᠭᠦ ᠬᠠᠮᠤᠭ ᠤᠨ ᠳᠦᠭᠦᠮ ᠠᠷᠭ᠎ᠠ ᠪᠤᠯ ᠥᠳᠡ ᠶᠢᠨ ᠡᠮᠦᠨ᠎ᠡ ᠪᠦᠷᠢ ᠬᠤᠶᠠᠷ ᠡᠴᠡ ᠭᠤᠷᠪᠠᠨ ᠴᠤᠮᠤ ᠨᠤᠭᠤᠭᠠᠨ ᠴᠠᠢ ᠤᠤᠭᠤᠵᠤ᠂ ᠨᠢᠭᠡ ᠵᠦᠷᠵᠢ ᠢᠳᠠᠨ᠎ᠠ᠃ ᠴᠠᠢ ᠶᠢᠨ ᠳᠤᠳᠤᠷᠠᠭᠢ ᠡᠯᠪᠠᠭ᠌ ᠳᠡᠯᠪᠠᠭ᠌ ᠸᠢᠲ᠋ᠠᠮᠢᠨ A ᠵᠢᠨ ᠡᠭᠢ ᠪᠠᠶ᠎ᠠ ᠳᠤ ᠰᠢᠩᠭᠡᠭᠡᠭ᠍ᠳᠡᠭ᠍ᠰᠡᠨ ᠤ ᠳᠠᠷᠠᠭ᠎ᠠ ᠸᠢᠲ᠋ᠠᠮᠢᠨ A ᠪᠣᠯᠤᠨ ᠣᠯᠠᠷᠢᠳᠠᠭ᠃ ᠸᠢᠲ᠋ᠠᠮᠢᠨ A ᠭᠦᠷᠢᠨ ᠰᠠᠴᠤᠷᠠᠭ ᠢ ᠲ᠋ᠠᠨᠢᠬᠤ ᠪᠣᠳᠠᠰ ᠢ ᠨᠡᠢ᠌ᠯᠡᠭᠦᠯᠵᠤ ᠳᠡᠢ᠌ᠯᠭᠦ ᠪᠠᠷ ᠪᠠᠷᠠᠬᠤ ᠦᠭᠡᠶ ᠪᠠᠰᠠ ᠪᠦᠷᠦᠭ᠌ ᠪᠠᠷᠤᠭ ᠤᠨ ᠳᠤᠤᠷ᠎ᠠ ᠶᠠᠭᠤᠮ᠎ᠠ ᠶᠢ ᠳᠤᠳᠤᠷᠬᠠᠢ ᠥᠵᠡᠭᠦ ᠴᠢᠳᠠᠪᠣᠷᠢ ᠶᠢ ᠳᠡᠭᠡᠭ᠍ᠰᠢᠯᠡᠭᠦᠯᠳᠡᠭ᠌ ᠶᠤᠮ᠃ ᠡᠢ᠌ᠮᠤ ᠡᠴᠡ ᠨᠤᠭᠤᠭᠠᠨ ᠴᠠᠢ ᠨᠢ ᠺᠤᠮᠫᠢᠦ᠋ᠲ᠋ᠧᠷ ᠤᠨ ᠰᠠᠴᠤᠷᠠᠭ ᠤᠨ ᠭᠦᠨᠦᠭᠡᠯ ᠢ ᠰᠡᠷᠭᠡᠢ᠌ᠯᠡᠭᠦ ᠪᠠᠷ ᠪᠠᠷᠠᠬᠤ ᠦᠭᠡᠶ ᠪᠠᠰᠠ ᠬᠠᠷᠠᠭ᠎ᠠ ᠶᠢ ᠬᠠᠮᠠᠭᠠᠯᠠᠨ ᠰᠠᠢ᠌ᠵᠢᠷᠠᠭᠤᠯᠳᠠᠭ᠃

ᠭᠡᠷᠪᠡ ᠨᠤᠭᠤᠭᠠᠨ ᠴᠠᠢ ᠣᠤᠭᠤᠬᠤ ᠳᠠᠳᠬᠠᠯ ᠦᠭᠡᠶ ᠪᠣᠯ ᠣᠳᠪᠠᠯ᠎ᠠ ᠶᠢᠨ ᠴᠠᠢ ᠤᠤᠭᠤᠭᠰᠠᠨ ᠴᠤ ᠡᠭᠡᠭᠡ ᠠᠳᠡᠯᠢ ᠺᠤᠮᠫᠢᠦ᠋ᠲ᠋ᠧᠷ ᠤᠨ ᠰᠠᠴᠤᠷᠠᠭ ᠤᠨ ᠭᠦᠨᠦᠭᠡᠯ ᠢ ᠰᠡᠷᠭᠡᠢ᠌ᠯᠡᠭᠦ ᠪᠠ ᠪᠠᠶ᠎ᠠ ᠮᠠᠬᠠᠪᠣᠤᠨ ᠤᠨ ᠴᠢᠳᠠᠪᠣᠷᠢ ᠶᠢ᠌ ᠲ᠋ᠤᠭᠢᠷᠠᠭᠤᠯᠬᠤ ᠣᠢ᠌ᠯᠠᠳᠤᠯ ᠲᠡᠶ᠃ ᠣᠷᠭᠠᠨᠢᠭ ᠴᠢᠴᠠᠷᠭᠠᠨ᠎ᠠ ᠴᠤ ᠰᠠᠴᠤᠷᠠᠭ ᠤᠨ ᠭᠦᠨᠦᠭᠡᠯ ᠢ ᠡᠰᠡᠷᠭᠦᠴᠡᠭᠦ ᠣᠢ᠌ᠯᠠᠳᠤᠯ ᠲᠡᠶ ᠶᠤᠮ᠃

ᠭᠤᠷᠪᠠ᠂ ᠰᠦᠯᠵᠢᠶ᠎ᠠ ᠳᠤ ᠭᠠᠷᠬᠤ ᠡᠴᠡ ᠡᠮᠦᠨ᠎ᠡ ᠬᠠᠴᠡᠷ ᠨᠢᠭᠤᠷ ᠶᠢᠡᠨ ᠰᠡᠢ᠌ᠬᠠᠨ ᠬᠠᠮᠠᠭᠠᠯᠠᠨ᠎ᠡ᠃ ᠵᠢᠱᠢᠶᠠᠯᠠᠪᠠᠯ ᠰᠤᠪᠣᠤᠨ ᠤᠨ ᠣ ᠳᠦᠷᠭᠢᠪᠠᠯ ᠪᠣᠭᠢᠷᠳᠤᠯ ᠤᠨ ᠭᠦᠨᠦᠭᠡᠯ ᠪᠡ ᠰᠠᠴᠤᠷᠠᠭ ᠤᠨ ᠭᠦᠨᠦᠭᠡᠯ ᠢ ᠪᠦᠳᠦᠮᠵᠢᠳᠡᠢ ᠪᠠᠷ ᠰᠡᠷᠭᠡᠢ᠌ᠯᠡᠵᠤ ᠳᠡᠢ᠌ᠯᠳᠡᠭ᠌᠃ ᠲ᠋ᠡᠷᠠᠭ᠎ᠠ ᠨᠢ ᠺᠤᠮᠫᠢᠦ᠋ᠲ᠋ᠧᠷ ᠶᠢᠡᠨ ᠨᠡᠭᠡᠭᠡᠭ᠍ᠰᠡᠨ ᠤ ᠳᠠᠷᠠᠭ᠎ᠠ ᠬᠠᠴᠠᠷ ᠨᠢᠭᠤᠷ ᠨᠢ ᠮᠠᠰᠢ ᠠᠷᠪᠢᠨ ᠴᠠᠭᠢᠯᠭᠠᠨ ᠰᠤᠷᠢᠠᠵᠢᠨ ᠤ ᠰᠠᠴᠤᠷᠠᠭ ᠤᠨ ᠮᠥᠭᠦᠯᠢᠭ᠌ ᠤᠳ ᠢ ᠰᠤᠷᠤᠨᠠᠭᠤᠯᠳᠠᠭ ᠪᠣᠯᠬᠤᠷ ᠴᠠᠭ ᠳᠤᠬᠠᠢ ᠳ᠋ᠤᠨᠢ ᠴᠠᠪᠠᠷ ᠣᠰᠤ ᠪᠠᠷ ᠨᠢᠭᠤᠷ ᠶᠢᠠᠨ ᠣᠭᠢᠶᠠᠬᠤ ᠭᠡᠷᠡᠭ᠍ᠳᠡᠢ᠃ ᠢᠩᠭᠢᠪᠠᠯ ᠰᠠᠴᠤᠷᠠᠭ ᠤᠨ ᠭᠦᠨᠦᠭᠡᠯ ᠢ 70% ᠭᠠᠷᠤᠢ ᠪᠠᠷ ᠪᠠᠭᠠᠰᠬᠠᠳᠠᠭ ᠶᠤᠮ᠃

ᠳᠦᠷᠪᠠ᠂ ᠺᠤᠮᠫᠢᠦ᠋ᠲ᠋ᠧᠷ ᠤᠨ ᠭᠦᠰᠢᠭᠡ ᠳ᠋ᠡᠭᠡᠨ ᠲ᠋ᠦᠰᠬᠠᠢ ᠭᠡᠷᠡᠭᠯᠡᠭᠦ ᠥᠩᠭᠡ ᠱᠥᠭᠦᠷᠡᠭᠦᠯᠭᠦ ᠬᠠᠪᠳᠡᠰᠤ ᠤᠭᠰᠠᠷᠡᠨ ᠰᠠᠴᠤᠷᠠᠭ ᠤᠨ ᠭᠦᠨᠦᠭᠡᠯ ᠢ ᠪᠠᠭᠠᠰᠬᠠᠵᠤ ᠪᠤᠯᠤᠨ᠎ᠠ᠃ ᠦᠷᠦᠭᠡᠨ ᠳᠤᠳᠤᠷ᠎ᠠ ᠪᠠᠨ ᠳᠡᠮᠦᠷᠯᠢᠭ᠌ ᠤᠨ ᠵᠦᠢᠯ ᠢ ᠲ᠋ᠤᠳᠠᠭᠤ ᠲ᠋ᠠᠯᠪᠢᠵᠤ᠂ ᠴᠠᠭᠢᠯᠭᠠᠨ ᠰᠤᠷᠢᠠᠵᠢᠨ ᠳᠤᠯᠭᠢᠶᠠᠨ ᠢ ᠳᠠᠭᠢᠠᠳᠠ ᠰᠠᠴᠤᠷᠠᠭᠤᠯᠬᠤ ᠡᠴᠡ ᠵᠠᠢ᠌ᠯᠠᠰᠭᠢᠬᠤ ᠭ᠍ᠡᠷᠡᠭ᠍ᠳᠡᠢ᠃ ᠺᠤᠮᠫᠢᠥ᠋ᠲ᠋ᠸᠷ ᠭᠡᠷᠡᠭᠯᠡᠭᠦ ᠳᠡᠭᠡᠨ ᠭᠦᠰᠢᠭᠡ ᠶᠢᠨ ᠴᠡᠭᠡᠨ ᠪᠠᠢ᠌ᠳᠠᠯ ᠢ ᠵᠤᠭᠢᠰᠳᠠᠢ ᠪᠠᠷ ᠳᠤᠭᠢᠷᠠᠭᠤᠯᠵᠤ᠂ ᠶᠠᠷᠤ ᠶᠢᠨ ᠪᠠᠢ᠌ᠳᠠᠯ ᠳᠤᠤᠷ᠎ᠠ ᠭᠦᠰᠢᠭᠡ ᠤᠯᠡᠮ ᠴᠡᠭᠡᠨ ᠪᠣᠯ ᠴᠠᠭᠢᠯᠭᠠᠨ ᠰᠤᠷᠢᠠᠵᠢᠨ ᠤ ᠰᠠᠴᠤᠷᠠᠭ ᠣᠯᠠᠮ ᠴᠢᠩᠭ᠎ᠠ ᠪᠠᠢ᠌ᠳᠠᠭ᠃ ᠭᠡᠪᠠᠴᠤ ᠭᠡᠳᠤ ᠪᠦᠷᠦᠩᠭᠦᠢ ᠪᠣᠯᠭᠠᠵᠤ ᠪᠣᠯᠬᠤ ᠦᠭᠡᠶ᠃ ᠡᠰᠡ ᠳᠠᠢ᠌ᠮᠤ ᠪᠣᠯ ᠨᠢᠳᠤ ᠶᠠᠳᠠᠷᠠᠵᠤ᠂ ᠬᠠᠷᠠᠭ᠎ᠠ ᠮᠠᠭᠤᠳᠠᠳᠠᠭ ᠶᠤᠮ᠃

ᠳᠠᠪᠣ᠂ ᠠᠯᠢ ᠴᠢᠳᠠᠬᠤ ᠪᠠᠷ ᠰᠢᠨ᠎ᠠ ᠭᠡᠯᠪᠠᠷᠢ ᠶᠢᠨ ᠺᠦᠮᠫᠢᠥᠲ᠋ᠸᠷ ᠢ ᠠᠪᠴᠤ ᠭᠡᠷᠡᠭᠯᠡᠵᠤ᠂ ᠬᠠᠭᠤᠴᠢᠨ ᠺᠤᠮᠫᠢᠦ᠋ᠲ᠋ᠧᠷ ᠢ ᠭᠡᠷᠡᠭᠯᠡᠭᠦ ᠦᠭᠡᠶ ᠪᠣᠯ ᠰᠠᠢ᠌ᠨ᠃ ᠬᠠᠭᠤᠴᠢᠨ ᠺᠤᠮᠫᠢᠦ᠋ᠲ᠋ᠧᠷ ᠤᠨ ᠰᠠᠴᠤᠷᠠᠭ ᠤᠨ ᠭᠦᠨᠦᠭᠡᠯ ᠨᠠᠩ ᠭᠡᠴᠡᠭᠦᠤ ᠪᠠᠢ᠌ᠵᠤ᠂ ᠠᠳᠠᠯᠢᠬᠠᠨ ᠢᠩ ᠳᠤᠳᠤᠷ᠎ᠠ ᠢᠵᠢᠯ ᠭᠡᠯᠪᠠᠷᠢ ᠶᠢᠨ ᠺᠤᠮᠫᠢᠦ᠋ᠲ᠋ᠧᠷ ᠶᠢᠡᠷ ᠠᠪᠴᠤ ᠭᠡᠯᠡᠪᠠᠯ ᠬᠠᠭᠤᠴᠢᠨ ᠺᠤᠮᠫᠢᠦ᠋ᠲ᠋ᠧᠷ ᠤᠨ ᠰᠠᠴᠤᠷᠠᠭ ᠤᠨ ᠭᠦᠨᠦᠭᠡᠯ ᠨᠢ ᠰᠢᠨ᠎ᠠ ᠺᠤᠮᠫᠢᠦ᠋ᠲ᠋ᠧᠷ ᠤᠨ 1 ᠊᠊᠊᠊᠊᠊᠊᠊᠊᠊᠊᠊᠊᠊᠊ 2 ᠳᠠᠭᠢᠨ ᠲᠡᠶ ᠳᠡᠩᠴᠡᠳᠡᠭ᠌ ᠶᠤᠮ᠃

ᠵᠢᠷᠭᠤᠭ᠎ᠠ᠂ ᠺᠤᠮᠫᠢᠦ᠋ᠲ᠋ᠧᠷ ᠢ ᠶᠠᠮᠠᠷ ᠭᠠᠵᠠᠷ ᠲᠤ ᠳᠠᠯᠪᠢᠬᠤ ᠨᠢ ᠮᠠᠰᠢ ᠴᠢᠬᠤᠯᠠ ᠪᠠᠢ᠌ᠳᠠᠭ᠃ ᠺᠤᠮᠫᠢᠦ᠋ᠲ᠋ᠧᠷ ᠤᠨ ᠠᠷᠤ ᠳᠠᠯ᠎ᠠ ᠶᠢ ᠭᠦᠮᠤᠨ ᠤ ᠵᠥᠭ᠌ ᠬᠠᠠᠳᠤᠭᠤᠯᠬᠤ ᠦᠭᠡᠶ ᠪᠣᠯ ᠬᠠᠮᠤᠭ ᠰᠠᠢ᠌ᠨ᠃ ᠣᠴᠢᠷ ᠨᠢ ᠺᠤᠮᠫᠢᠦ᠋ᠲ᠋ᠧᠷ ᠤᠨ ᠰᠠᠴᠤᠷᠠᠭ ᠡᠭᠦᠰᠭᠦ ᠬᠠᠮᠤᠭ ᠴᠢᠩᠭ᠎ᠠ ᠭᠠᠵᠠᠷ ᠪᠣᠯ ᠺᠤᠮᠫᠢᠦ᠋ᠲ᠋ᠸᠷ ᠤᠨ ᠠᠷᠤ ᠳᠠᠯ᠎ᠠ᠂ ᠲ᠋ᠠᠷᠠᠭᠠᠯᠠᠪᠠᠯ ᠬᠤᠶᠠᠷ ᠬᠠᠵᠠᠭᠤ ᠪᠣᠯᠤᠨ᠎ᠠ᠃ ᠠᠵᠢᠯᠯᠠᠬᠤ ᠳᠠᠭᠠᠨ ᠺᠤᠮᠫᠢᠦ᠋ᠲ᠋ᠧᠷ ᠡᠴᠡ 50 ᠊᠊᠊᠊᠊᠊᠊᠊᠊᠊᠊᠊᠊᠊᠊ 75 ᠰᠠᠠᠲ᠋ᠢᠮᠸᠲ᠋ᠷ ᠵᠠᠢ᠌ᠳᠠᠢ ᠪᠠᠢ᠌ᠪᠠᠯ ᠬᠠᠮᠤᠭ ᠰᠠᠢ᠌ᠨ᠃ ᠢᠩᠭᠢᠪᠠᠯ ᠴᠠᠭᠢᠯᠭᠠᠨ ᠰᠤᠷᠢᠠᠵᠢᠨ ᠤ ᠰᠠᠴᠤᠷᠠᠭ ᠤᠨ ᠭᠦᠨᠦᠭᠡᠯ ᠡᠴᠡ ᠵᠠᠢ᠌ᠯᠠᠰᠭᠢᠵᠤ ᠳᠠᠢ᠌ᠯᠤᠨ᠎ᠠ᠃

ᠳᠤᠯᠤᠭ᠎ᠠ᠂ ᠦᠷᠦᠭᠡᠨ ᠳᠤᠳᠤᠷ᠎ᠡ ᠰᠡᠯᠭᠢ ᠨᠡᠪᠳᠡᠷᠡᠭᠦᠯᠭᠦ ᠶᠢ᠌ ᠠᠩᠬᠠᠷᠦᠨ᠎ᠡ᠃ ᠰᠤᠳᠤᠯᠭᠠᠨ ᠤ ᠭᠡᠷᠡᠴᠢᠯᠡᠭ᠍ᠰᠡᠨ ᠶᠢᠡᠷ᠂ ᠺᠦᠮᠫᠢᠥᠲ᠋ᠸᠷ ᠤᠨ ᠭᠦᠰᠢᠭᠡ ᠡᠴᠡ ᠨᠢᠭᠡ ᠵᠣᠢ᠌ᠯ ᠤᠨ ᠥᠮᠡᠨ ᠡᠭᠦᠰᠭᠦ ᠡᠳ᠋ ᠢᠯᠭᠠᠷᠡᠳᠠᠭ᠃ ᠡᠢ᠌᠌ᠮᠤ ᠪᠣᠯᠬᠤᠷ ᠺᠤᠮᠫᠢᠦ᠋ᠲ᠋ᠧᠷ ᠳᠠᠯᠪᠢᠭᠰᠠᠨ ᠦᠷᠦᠭᠡᠨ ᠰᠠᠯᠭᠢᠨ ᠰᠤᠯᠪᠢᠴᠠᠭᠤᠷ ᠤᠭᠰᠡᠷᠡᠵᠤ᠂ ᠭᠡᠷᠪᠡ ᠤᠭᠰᠠᠷᠠᠭᠰᠡᠨ ᠥᠭᠡᠢ ᠪᠤᠯ ᠰᠥᠯᠵᠢᠶᠡᠨ ᠳᠤ ᠭᠠᠷᠬᠤ ᠳᠠᠭᠠᠨ ᠰᠠᠯᠭᠢ ᠨᠡᠪᠳᠡᠷᠡᠭᠦᠯᠭᠦ ᠶᠢ ᠠᠩᠬᠠᠷᠬᠤ ᠭᠡᠷᠡᠭ᠍ᠳᠡᠢ᠃

ᠨᠢ᠋ᠮᠠ᠂ ᠬᠤᠯᠤᠤᠪᠠᠩ᠂ ᠪᠣᠷᠴᠠᠭ ᠤᠨ ᠴᠢᠴᠡᠭᠡᠰᠤ᠂ ᠳᠦᠪᠠᠤᠨ ᠬᠠᠰᠢ᠂ ᠪᠣᠷᠤᠭ ᠮᠢᠬ᠎ᠠ᠂ ᠡᠯᠢᠭᠡ ᠮᠠᠳᠤ ᠶᠢᠨ ᠸᠢᠲ᠋ᠠᠮᠢᠨ A᠂ C ᠪᠠ ᠣᠭᠤᠷᠠᠭ ᠡᠯᠪᠠᠭ᠌ ᠠᠭᠤᠯᠬᠤ ᠢᠳᠡᠭᠡᠨ ᠢ ᠵᠤᠭᠢᠬᠤ ᠭᠡᠮᠵᠢᠶ᠎ᠡ ᠪᠠᠷ ᠠᠷᠪᠢᠨ ᠢᠳᠠᠪᠠᠯ ᠰᠠᠢ᠌ᠨ᠃



ᠵᠤᠬᠢᠶᠠᠭᠴᠢ ᠶᠢᠨ ᠬᠠ‍‌ᠶᠢᠭ ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 6845
ᠴᠠᠭ᠄ 2011 ᠤᠨ ᠤ 10 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁