ᠴᠠᠭ
(ᠬᠡᠦᠬᠡᠳ ᠤᠨ ᠰᠢᠯᠦᠭ᠌)

ᠴᠢᠭ᠌ ᠴᠠᠭ ᠴᠢᠭ᠌ ᠴᠠᠭ

ᠴᠠᠭᠠᠷᠢᠭ ᠵᠠᠮ ᠶᠢᠡᠨ ᠡᠪᠭᠡᠨ᠎ᠡ

ᠴᠠᠭᠠᠳᠠᠢ ᠨᠠᠭᠠᠳᠠᠢ ᠳᠤ ᠪᠠᠨ ᠣᠰᠤᠯᠳᠠᠯ ᠥᠭᠡᠢ

ᠴᠠᠭᠠᠷᠠᠵᠤ ᠯᠠᠪᠳᠠᠭᠤᠨ ᠶᠠᠪᠣᠨ᠎ᠠ


ᠳᠢᠭ᠌ ᠳᠠᠭ ᠳᠢᠭ᠌ ᠳᠠᠭ

ᠳᠤᠭᠤᠷᠢᠭ ᠵᠢᠮ ᠶᠢᠡᠨ ᠡᠯᠭᠦᠨ᠎ᠡ

ᠳᠤᠳᠤᠷ ᠪᠣᠳᠤᠯ ᠶᠢᠡᠨ ᠠᠯᠳᠠᠯ ᠥᠭᠡᠢ

ᠳᠤᠭᠠᠳᠠᠢ ᠳᠡᠷᠦᠦᠬᠠᠨ ᠭᠡᠯᠳᠦᠷᠢᠨ᠎ᠡ


ᠨᠢᠭᠡ ᠬᠤᠶᠠᠷ ᠨᠢᠭᠡ ᠬᠤᠶᠠᠷ

ᠬᠠᠠᠳᠤᠭᠰᠠᠨ ᠵᠥᠭ᠌ ᠲᠤ ᠪᠠᠨ ᠰᠢᠭᠤᠳᠤᠨ᠎ᠠ

ᠨᠢᠭᠡ ᠯᠠ ᠰᠡᠳᠭᠢᠯ ᠶᠢᠡᠷ ᠬᠤᠪᠢᠷᠠᠯ ᠥᠭᠡᠢ

ᠨᠠᠢ᠌ᠷᠠᠯ ᠭᠦᠭ᠍ᠵᠢᠮ ᠴᠢᠪᠬᠠᠳᠠᠨ᠎ᠠ


ᠡᠷᠡᠭ᠌ ᠰᠤᠷᠠᠭ ᠭᠡᠵᠤ

ᠡᠷᠡᠭᠡᠯᠵᠡᠯ ᠶᠠᠷᠤ ᠪᠠᠢ᠌ᠬᠤ ᠥᠭᠡᠢ

ᠡᠷᠡᠩ ᠳᠠᠷᠠᠩ ᠭᠡᠵᠤ

ᠡᠷᠳᠡᠭᠡᠷ ᠶᠠᠭ ᠪᠣᠯᠬᠤ ᠥᠭᠡᠢ


ᠡᠷᠭᠡ ᠴᠢᠯᠦᠭᠡ ᠶᠡᠮᠡᠷ ᠢ

ᠴᠠᠭ ᠰᠠᠢ᠌ᠬᠠᠨ ᠮᠠᠳᠠᠨ᠎ᠠ

ᠡᠯᠢᠭᠡ ᠵᠢᠷᠦᠭᠡ ᠡᠷᠭᠢᠮ ᠢ

ᠴᠠᠭ ᠦᠨᠡᠨ ᠣᠭᠭᠠᠨ᠎ᠠ


ᠬᠤᠷᠤᠮ ᠵᠠᠭᠤᠷ᠎ᠠ ᠶᠢ ᠠᠯᠳᠠᠯ ᠥᠭᠡᠢ

ᠬᠤᠷᠳᠤᠨ ᠣᠳᠠᠭᠠᠨ ᠨᠢ ᠬᠤᠪᠢᠷᠠᠯ ᠥᠭᠡᠢ

ᠭᠡᠨ ᠭᠦᠮᠤᠨ ᠭᠡᠵᠤ ᠢᠯᠭᠠᠯ ᠥᠭᠡᠢ

ᠭᠡᠯᠡ ᠠᠮᠠ ᠪᠤᠯᠤᠭ᠎ᠠ ᠥᠭᠡᠢ


ᠴᠠᠭ ᠣᠷᠤᠭᠰᠢ ᠪᠠᠨ ᠶᠠᠪᠣᠨ᠎ᠠ

ᠨᠠᠷᠠ ᠭᠦᠭᠡᠭᠡᠴᠡᠯᠳᠦᠵᠤ ᠶᠠᠪᠣᠨ᠎ᠠ

ᠴᠠᠭ ᠡᠮᠦᠨᠡᠰᠢ ᠪᠠᠨ ᠶᠠᠪᠣᠨ᠎ᠠ

ᠰᠠᠷᠠ ᠳᠠᠭᠤᠵᠤ ᠶᠠᠪᠣᠨ᠎ᠠ


ᠴᠠᠭ ᠤᠨ ᠬᠡᠦᠬᠡᠳ ᠪᠢᠳᠠ

ᠴᠠᠭ ᠴᠠᠭ ᠲᠤ ᠪᠠᠨ ᠪᠣᠰᠴᠠᠭᠠᠨ᠎ᠠ

ᠴᠠᠭ ᠴᠠᠭ ᠲᠤ ᠪᠠᠨ ᠴᠠᠯᠠᠭᠠᠢ᠌ᠳᠠᠬᠤ ᠥᠭᠡᠢ

ᠴᠢᠷᠮᠠᠢ᠌ᠨ ᠰᠤᠷᠤᠯᠴᠠᠨ ᠥᠭᠡᠳᠡᠯᠡᠨ᠎ᠡ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ  ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 1476
ᠴᠠᠭ᠄ 2014 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁