《ᠪᠦᠭᠦᠳᠡᠭᠡᠷ ᠳᠠᠭᠤᠯᠠᠵᠤ᠂ ᠪᠦᠭᠦᠳᠡᠭᠡᠷ ᠪᠦᠵᠢᠭᠯᠡᠭᠦ》 ᠪᠣᠯ ᠰᠤᠷᠭᠠᠭᠤᠯᠢ ᠶᠢᠨ ᠭᠦᠷᠢᠶᠡᠨ ᠤ ᠣᠷᠠᠯᠢᠭ ᠤᠨ ᠭᠦᠮᠦᠵᠢᠯ ᠤᠨ ᠬᠠᠮᠤᠭ ᠴᠢᠬᠤᠯᠠ ᠠᠵᠢᠯᠯᠠᠭ᠎ᠠ ᠮᠦᠨ
᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊《ᠬᠤᠪᠸᠢ ᠮᠤᠵᠢ ᠭᠤᠷᠪᠠᠨ ᠵᠢᠯ ᠤᠨ ᠳᠤᠳᠤᠷ᠎ᠠ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠢ ᠳᠠᠭᠤᠯᠠᠵᠤ ᠪᠦᠵᠢᠭᠯᠡᠵᠤ ᠴᠢᠳᠠᠬᠤ ᠪᠣᠯᠭᠠᠬᠤ ᠪᠠᠷ ᠪᠠᠢ᠌ᠨ᠎ᠠ》 ᠭᠡᠭᠦ ᠮᠡᠳᠡᠭᠡᠯᠡᠯ ᠡᠴᠡ ᠣᠯᠤᠭᠰᠠᠨ ᠰᠡᠩᠭᠡᠷᠡᠭᠦᠯᠦᠯ

ᠭᠢᠴᠢᠶᠠᠯ ᠤᠨ ᠭᠡᠷ ᠤᠨ ᠵᠢᠭᠠᠨ ᠰᠤᠷᠭᠠᠯᠳᠠ ᠭᠢᠭᠡᠳ ᠰᠤᠷᠭᠠᠭᠤᠯᠢ ᠶᠢᠨ ᠭᠦᠷᠢᠶᠡᠨ ᠤ ᠰᠤᠷᠭᠠᠨ ᠭᠦᠮᠦᠵᠢᠯ ᠨᠢ ᠭᠡᠪᠰᠢᠵᠢᠨ ᠣᠶᠠᠯᠳᠤᠪᠠᠯ ᠰᠠ‍‌ᠶᠢ ᠭᠡᠪ ᠴᠢᠨᠠᠷ ᠤᠨ ᠰᠤᠷᠭᠠᠨ ᠭᠦᠮᠦᠵᠢᠯ ᠨᠢ ᠰᠢᠯᠤᠭᠤᠬᠠᠨ ᠠᠮᠵᠢᠯᠳᠠᠳᠠᠢ ᠶᠠᠪᠣᠭᠳᠠᠵᠤ ᠴᠢᠳᠠᠨ᠎ᠠ᠃ ᠰᠤᠷᠭᠠᠭᠤᠯᠢ ᠶᠢᠨ ᠭᠦᠷᠢᠶᠡᠨ ᠤ ᠳᠠᠮᠢᠷ ᠣᠷᠠᠯᠢᠭ ᠤᠨ ᠵᠤᠭᠢᠰᠳᠠᠢ ᠭᠦᠳᠡᠯᠭᠡᠭᠡᠨ ᠨᠢ ᠭᠢᠴᠢᠶᠠᠯ ᠤᠨ ᠭᠡᠷ ᠤᠨ ᠵᠢᠭᠠᠨ ᠰᠤᠷᠭᠠᠯᠳᠠ ᠳᠤ ᠳᠤᠳᠠᠭᠳᠠᠵᠤ ᠪᠣᠯᠬᠤ ᠦᠭᠡᠶ ᠲᠦᠯᠭᠢᠴᠠ ᠭᠦᠴᠤᠨ ᠪᠣᠯᠬᠤ ᠶᠢ ᠥᠢᠯᠡᠳᠦᠯᠭᠡ ᠨᠢᠭᠡᠨᠲᠡ ᠭᠡᠷᠡᠴᠢᠯᠡᠭ᠍ᠰᠡᠨ ᠪᠠᠢ᠌ᠬᠤ ᠳᠤ ᠬᠤᠶᠠᠷ ᠵᠣᠢ᠌ᠯ ᠤᠨ ᠠᠵᠢᠯᠯᠠᠭ᠎ᠠ ᠨᠢ ᠬᠠᠷᠰᠢᠯᠳᠠᠬᠤ ᠴᠢᠨᠠᠷᠳᠠᠢ ᠭᠡᠵᠤ ᠦᠵᠡᠪᠠᠯ ᠲᠦᠮᠡᠨ ᠪᠣᠷᠤᠭᠤ ᠪᠣᠯᠬᠤ ᠪᠦᠭᠡᠳ ᠰᠤᠷᠭᠠᠨ ᠭᠦᠮᠦᠵᠢᠯ ᠤᠨ ᠣᠢ᠌ᠯᠠᠰ ᠤᠨ ᠨᠢᠭᠡᠨ ᠶᠡᠭᠡ ᠣᠰᠤᠯ ᠪᠣᠯᠬᠤ ᠶᠤᠮ᠃ ᠡᠢ᠌ᠮᠦᠷᠭᠦ ᠦᠵᠡᠯᠳᠠ ᠳᠠᠨᠢᠯᠳᠠ ᠨᠢ ᠭᠡᠪ ᠴᠢᠨᠠᠷ ᠤᠨ ᠰᠤᠷᠭᠠᠨ ᠭᠦᠮᠦᠵᠢᠯ ᠤᠨ ᠭᠡᠪ ᠶᠢᠡᠷ ᠳᠤᠤᠱᠯᠠᠨ ᠭᠡᠷᠡᠭ᠍ᠵᠢᠭᠦᠯᠭᠦ ᠳᠤ ᠨᠠᠯᠢᠶᠠᠤᠨ ᠬᠠᠷᠰᠢ ᠪᠣᠯᠵᠤ ᠪᠠᠢ᠌ᠭ᠎ᠠ ᠨᠢ ᠮᠠᠨ ᠤ ᠭᠦᠳᠡᠭᠡ ᠶᠢᠨ ᠳᠤᠮᠳᠠᠳᠤ ᠪᠠᠭ᠎ᠠ ᠰᠤᠷᠭᠠᠭᠤᠯᠢ ᠳᠤ ᠨᠠᠢ᠌ᠳᠠᠮ ᠤᠨ ᠥᠵᠡᠭ᠍ᠳᠡᠯ ᠪᠣᠯᠵᠤ ᠪᠠᠢ᠌ᠨ᠎ᠠ᠃ ᠭᠡᠪ ᠴᠢᠨᠠᠷ ᠤᠨ ᠰᠤᠷᠭᠠᠨ ᠭᠦᠮᠦᠵᠢᠯ ᠤᠨ ᠣᠨᠤᠯᠵᠢᠭᠤᠨ ᠳᠤᠷᠠᠳᠤᠭᠳᠠᠵᠤ ᠡᠴᠢᠨᠡᠨ ᠵᠢᠯ ᠪᠣᠯᠤᠭᠰᠠᠨ ᠪᠠᠢ᠌ᠬᠤ ᠳᠤ ᠳᠤᠤᠱᠳᠠᠢ ᠶᠠᠪᠣᠭᠳᠠᠵᠤ ᠳᠡᠢ᠌ᠯᠭᠦ ᠦᠭᠡᠶ ᠪᠠᠢ᠌ᠭ᠎ᠠ ᠨᠢ ᠳᠠᠷᠤᠢ ᠣᠳᠤᠷᠢᠳᠤᠯᠭ᠎ᠠ ᠨᠡᠷ ᠤᠨ ᠦᠵᠡᠯᠳᠠ ᠳᠠᠨᠢᠯᠳᠠ ᠶᠢᠨ ᠥᠭᠡᠷᠡᠴᠢᠯᠡᠯᠳᠡ ᠶᠢᠨ ᠵᠤᠷᠢᠭ ᠰᠠᠨᠠᠭ᠎ᠠ ᠭᠦᠷᠦᠯᠴᠡᠭᠦ ᠦᠭᠡᠶ ᠪᠠᠢ᠌ᠭ᠎ᠠ ᠨᠢ ᠳᠠᠷᠤᠢ ᠣᠳᠤᠷᠢᠳᠤᠯᠭ᠎ᠠ ᠨᠡᠷ ᠤᠨ ᠦᠵᠡᠯᠳᠠ ᠳᠠᠨᠢᠯᠳᠠ ᠶᠢᠨ ᠥᠭᠡᠷᠡᠴᠢᠯᠡᠯᠳᠡ ᠶᠢᠨ ᠵᠤᠷᠢᠭ ᠰᠠᠨᠠᠭ᠎ᠠ ᠭᠦᠷᠦᠯᠴᠡᠭᠦ ᠦᠭᠡᠶ ᠪᠠᠢ᠌ᠭ᠎ᠠ ᠳᠤ ᠣᠷᠤᠰᠢᠨ᠎ᠠ᠃ ᠶᠠᠷᠤᠨᠢ ᠳᠤᠤᠱᠳᠠᠢ ᠶᠠᠪᠣᠭᠳᠠᠵᠤ ᠳᠡᠢ᠌ᠯᠭᠦ ᠦᠭᠡᠶ ᠬᠠᠷᠢᠨ ᠮᠠᠶ‍ᠢᠭᠯᠠᠬᠤ ᠠᠵᠢᠯᠯᠠᠭ᠎ᠠ ᠪᠠᠷ ᠳᠡᠭᠡᠷᠡᠭᠢ ᠶᠢᠨ ᠭᠢᠨ ᠤ ᠪᠠᠢ᠌ᠴᠠᠭᠠᠯᠳᠠ ᠶᠢᠨ ᠨᠢᠳᠤ ᠬᠠᠷᠠᠭ᠎ᠠ ᠶᠢ《ᠪᠠᠶᠠᠰᠬᠠᠵᠤ》 ᠦᠨᠳᠦᠷ ᠬᠤᠪᠢ ᠣᠯᠤᠭᠠᠤᠨ 《ᠠᠮᠢᠳᠤᠷᠠᠯ ᠶᠢᠡᠨ ᠠᠷᠭᠠᠴᠠᠭᠠᠵᠤ》 ᠪᠠᠢ᠌ᠳᠠᠭ ᠨᠢ ᠴᠥᠭᠡᠨ ᠪᠢᠰᠢ᠃ ᠮᠠᠶ‍ᠢᠭᠯᠠᠬᠤ ᠦᠵᠡᠯ ᠭᠡᠪ ᠴᠢᠨᠠᠷ ᠤᠨ ᠰᠤᠷᠭᠠᠨ ᠭᠦᠮᠦᠵᠢᠯ ᠳᠤ ᠲᠤᠢ᠌ᠯ ᠤᠨ ᠶᠡᠭᠡ ᠬᠤᠤᠷ ᠭᠦᠨᠦᠭᠡᠯ ᠠᠪᠴᠢᠷᠠᠳᠠᠭ᠃

2010 ᠣᠨ ᠤ 5 ᠰᠠᠷ᠎ᠠ ᠶᠢᠨ 16 ᠊ᠤ ᠡᠳᠦᠷ ᠤᠨ 《ᠳᠤᠮᠳᠠᠳᠤ ᠣᠯᠤᠰ ᠤᠨ ᠰᠤᠷᠭᠠᠨ ᠭᠦᠮᠦᠵᠢᠯ ᠤᠨ ᠰᠤᠨᠢᠨ》 ᠭᠢᠳᠠᠤᠨ ᠭᠡᠪᠯᠡᠯ ᠤᠨ ᠳᠦᠷᠦᠭᠦᠤ ᠭᠡᠪᠯᠡᠯ ᠤᠨ ᠳᠦᠷᠦᠭᠦᠤ ᠵᠤᠷᠪᠣᠰ ᠲᠤ ᠪᠠᠭ᠎ᠠ ᠭᠠᠷᠴᠠᠭ ᠶᠢᠡᠷ《ᠭᠢᠴᠢᠶᠠᠯ ᠤᠨ ᠭᠡᠷ ᠤᠨ ᠵᠢᠭᠠᠨ ᠰᠤᠷᠭᠠᠯᠳᠠ ᠭᠢᠭᠡᠳ ᠭᠢᠴᠢᠶᠠᠯ ᠤᠨ ᠭᠠᠳᠠᠭᠤᠷᠭᠢ ᠳᠠᠮᠢᠷ ᠣᠷᠠᠯᠢᠭ ᠤᠨ ᠭᠦᠳᠡᠯᠭᠡᠭᠡᠨ ᠢ ᠣᠶᠠᠯᠳᠠᠭᠤᠯᠵᠤ᠂ ᠭᠦᠳᠡᠭᠡ ᠶᠢᠨ ᠰᠤᠷᠭᠠᠭᠤᠯᠢ ᠶᠢᠨ ᠣᠷᠠᠯᠢᠭ ᠤᠨ ᠭᠦᠮᠦᠵᠢᠯ ᠤᠨ ᠨᠥᠭᠦᠴᠡᠯ ᠢ ᠰᠠᠢ᠌ᠵᠢᠷᠠᠭᠤᠯᠬᠤ》 ᠭᠡᠰᠡᠨ ᠪᠠ ᠳᠤᠮᠤ ᠭᠠᠷᠴᠠᠭ ᠲᠤ 《ᠬᠤᠪᠧᠢ ᠮᠤᠵᠢ ᠭᠤᠷᠪᠠᠨ ᠵᠢᠯ ᠤᠨ ᠳᠤᠳᠤᠷ᠎ᠠ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠢ ᠳᠠᠭᠤᠯᠠᠵᠤ ᠪᠦᠵᠢᠭᠯᠡᠵᠤ ᠴᠢᠳᠠᠬᠤ ᠪᠣᠯᠭᠠᠬᠤ ᠪᠠᠷ ᠪᠠᠢ᠌ᠨ᠎ᠠ》 ᠭᠡᠵᠤ ᠮᠡᠳᠡᠭᠡᠯᠡᠭ᠍ᠰᠡᠨ ᠪᠠᠢ᠌ᠨ᠎ᠠ᠃

ᠮᠡᠳᠡᠭᠡᠯᠡᠯ ᠢ ᠦᠨᠳᠦᠰᠦᠯᠠᠪᠠᠯ᠂ ᠳᠤᠰ ᠮᠤᠵᠢ ᠨᠢ 2010 ᠣᠨ ᠡᠴᠡ 2012 ᠣᠨ ᠪᠣᠯᠳᠠᠯ᠎ᠠ ᠪᠦᠭᠦᠢᠯᠡ ᠳᠤᠮᠳᠠᠳᠤ ᠪᠠᠭ᠎ᠠ ᠰᠤᠷᠭᠠᠭᠤᠯᠢ ᠳᠤ 《ᠪᠦᠭᠦᠳᠡᠭᠡᠷ ᠳᠠᠭᠤᠯᠠᠵᠤ᠂ ᠪᠦᠭᠦᠳᠡᠭᠡᠷ ᠪᠦᠵᠢᠭᠯᠡᠭᠦ》 ᠣᠷᠠᠯᠢᠭ ᠤᠨ ᠭᠦᠮᠦᠵᠢᠯ ᠢ ᠳᠤᠤᠱᠯᠠᠭᠤᠯᠵᠤ᠂ ᠭᠤᠷᠪᠠᠨ ᠵᠢᠯ ᠤᠨ ᠳᠤᠳᠤᠷ᠎ᠠ ᠠᠯᠪᠠᠨ ᠵᠢᠷᠤᠮ ᠤᠨ ᠰᠤᠷᠭᠠᠨ ᠭᠦᠮᠦᠵᠢᠯ ᠤᠨ ᠬᠠᠷᠢᠶ᠎ᠠ ᠳ᠋ᠠᠭᠢ 600 ᠲᠦᠮᠡᠨ ᠰᠤᠷᠤᠭᠴᠢ ᠶᠢ《ᠭᠦᠮᠤᠨ ᠪᠦᠷᠢ ᠳᠠᠭᠤᠯᠠᠵᠤ ᠴᠢᠳᠠᠬᠤ᠂ ᠭᠦᠮᠤᠨ ᠪᠦᠷᠢ ᠪᠦᠵᠢᠭᠯᠡᠵᠤ ᠴᠢᠳᠠᠬᠤ》 ᠲᠦᠰᠤᠯ ᠢ ᠨᠡᠢ᠌ᠳᠡᠯᠡᠭ᠍ᠰᠡᠨ ᠪᠠᠢ᠌ᠨ᠎ᠠ᠃ ᠬᠤᠪᠧᠢ ᠮᠤᠵᠢ ᠶᠢᠨ ᠠᠪᠣᠭᠰᠠᠨ ᠡᠨᠡᠭᠦ ᠠᠵᠢᠯᠯᠠᠭ᠎ᠠ ᠶᠢ ᠭᠦᠩᠭᠡᠪᠴᠢᠯᠡᠵᠤ ᠪᠣᠯᠬᠤ ᠦᠭᠡᠶ᠃ ᠵᠠᠷᠢᠮ ᠭᠦᠮᠤᠨ 《ᠳᠠᠭᠤᠯᠠᠵᠤ ᠪᠦᠵᠢᠭᠯᠡᠭᠦ ᠶᠢ ᠪᠠᠰᠠ ᠭᠡᠨ ᠴᠢᠳᠠᠬᠤ ᠦᠭᠡᠶ ᠪᠣᠢ ︖》 ᠭᠡᠵᠤ ᠭᠡᠯᠡᠭᠦ ᠮᠠᠭᠠᠤᠨ᠃ ᠭᠡᠳᠡᠯ᠎ᠡ ᠪᠢ ᠭᠦᠳᠡᠭᠡ ᠵᠢᠨ ᠲ᠋ᠤᠮᠳᠠᠳᠤ ᠪᠠᠭ᠎ᠠ ᠰᠤᠷᠭᠠᠭᠤᠯᠢ ᠪᠠᠷ ᠣᠯᠠᠨ ᠶᠠᠪᠣᠵᠤ ᠥᠩᠭᠡᠷᠡᠭ᠍ᠰᠡᠨ᠃ ᠰᠤᠷᠭᠠᠭᠤᠯᠢ ᠶᠢᠨ ᠭᠦᠷᠢᠶᠡᠨ ᠳᠤ ᠶᠠᠷᠤᠨᠢ ᠪᠠᠭᠰᠢ ᠶᠢᠨ ᠭᠢᠴᠢᠶᠠᠯ ᠳᠠᠢ᠌ᠯᠪᠣᠷᠢᠯᠠᠬᠤ ᠳᠠᠭᠤᠨ᠂ ᠰᠤᠷᠤᠭᠴᠢ ᠶᠢᠨ ᠣᠩᠰᠢᠯᠭ᠎ᠠ ᠶᠢᠨ ᠳᠠᠭᠤᠨ ᠵᠡᠷᠭᠡ ᠶᠢ ᠣᠯᠵᠤ ᠰᠤᠨᠤᠰᠳᠠᠭ ᠡᠴᠡ ᠪᠢᠰᠢ ᠬᠠᠮᠢᠭ᠎ᠠ ᠡᠴᠡ ᠳᠠᠭᠤᠯᠠᠬᠤ ᠳᠠᠭᠤᠨ᠂ ᠪᠦᠵᠢᠭᠯᠡᠭᠦ ᠪᠠᠢ᠌ᠳᠠᠯ ᠢ ᠣᠯᠵᠤ ᠬᠠᠷᠠᠬᠤ ᠪᠣᠢ ︕ ᠭᠦᠳᠡᠭᠡ ᠶᠢᠨ ᠣᠯᠠᠩᠭᠢ ᠳᠤᠮᠳᠠᠳᠤ ᠪᠠᠭ᠎ᠠ ᠰᠤᠷᠭᠠᠭᠤᠯᠢ ᠳ᠋ᠤᠨᠢ ᠳᠤᠰᠬᠠᠢ ᠳᠠᠮᠢᠷ᠂ ᠳᠠᠭᠤᠤ ᠵᠢᠷᠤᠭ ᠤᠨ ᠪᠠᠭᠰᠢ ᠭᠡᠵᠤ ᠪᠠᠢ᠌ᠬᠤ ᠦᠭᠡᠶ᠂ ᠵᠠᠷᠢᠮ ᠰᠤᠷᠭᠠᠭᠤᠯᠢ ᠳ᠋ᠤᠨᠢ ᠪᠠᠢ᠌ᠳᠠᠭ ᠴᠤ ᠰᠤᠷᠭᠠᠭᠤᠯᠢ ᠶᠢᠨ ᠳᠠᠯ᠎ᠠ ᠨᠢ ᠳᠠᠮᠠᠢ ᠭᠦᠡᠳᠦᠳᠭᠡᠵᠤ ᠴᠢᠬᠤᠯᠴᠢᠯᠠᠬᠤ ᠦᠭᠡᠶ ᠡᠴᠡ ᠪᠣᠰᠤᠳ ᠳᠦᠷᠤᠯ ᠤᠨ ᠭᠢᠴᠢᠶᠠᠯ ᠵᠢᠭᠠᠯᠭᠠᠬᠤ ᠪᠣᠶᠤ ᠳᠤᠰᠬᠠᠢ ᠮᠡᠷᠭᠡᠵᠢᠯ ᠤᠨ ᠭᠢᠴᠢᠶᠠᠯ ᠣᠷᠤᠭᠰᠠᠨ ᠴᠤ 《ᠨᠠᠭᠠᠳᠠ ᠪᠠᠭᠰᠢ》 ᠪᠢᠰᠢ ᠪᠣᠯ 《ᠳᠠᠪᠳᠠ ᠪᠠᠭᠰᠢ》 ᠪᠣᠯᠵᠤ ᠨᠢᠭᠡ ᠠᠷᠠᠰᠤᠨ ᠪᠦᠮᠪᠦᠭᠡ ᠪᠠᠨ ᠣᠯᠠᠨ ᠤ ᠳᠤᠮᠳᠠ ᠬᠠᠶᠠᠭᠠᠤᠨ 《ᠨᠠᠭᠠᠳᠠ ︕》 ᠭᠡᠭᠦ ᠪᠣᠶᠤ ᠨᠠᠩ ᠬᠤᠤᠷᠳᠠᠢ ᠨᠢ ᠣᠳᠠᠯ ᠦᠭᠡᠶ ᠰᠢᠯᠭᠠᠬᠤ ᠭᠡᠵᠤ ᠪᠠᠢ᠌ᠬᠤ ᠳᠤ ᠪᠠᠰᠠ ᠶᠠᠭᠤᠨᠠᠢ ᠳᠠᠮᠢᠷ ᠭᠡᠳᠡᠯ᠎ᠡ ᠳᠠᠭᠤᠤ ᠭᠡᠳ ᠡᠷᠢᠭᠡᠳ ᠪᠠᠢ᠌ᠬᠤ ᠶᠤᠮ᠃ 《ᠳᠠᠪᠳᠠ ︕》 ᠭᠡᠵᠤ ᠴᠢᠩᠭ᠋᠎ᠠ ᠳᠤᠤᠭᠠᠷᠤᠭᠰᠠᠭᠠᠷ ᠰᠤᠷᠤᠭᠴᠢᠳ ᠨᠢ ᠳᠤᠷᠠᠳᠠᠢ ᠳᠤᠷ᠎ᠠ ᠦᠭᠡᠶ᠂ ᠣᠠᠳᠤᠢ ᠰᠤᠠᠳᠤᠢ ᠠᠯᠬᠤᠵᠤ ᠭᠢᠴᠢᠶᠠᠯ ᠤᠨ ᠭᠡᠷ ᠲᠤ ᠪᠠᠨ ᠣᠷᠤᠪᠠᠯ ᠨᠤᠮ ᠶᠢᠡᠨ ᠭᠠᠷᠭᠠᠵᠤ ᠮᠡᠯᠡᠷᠡᠭ᠍ᠰᠡᠭᠡᠷ ᠳᠤᠭᠵᠢᠷᠠᠵᠤ ᠨᠣᠢ᠌ᠷᠰᠤᠵᠤ ᠣᠷᠭᠢᠳᠠᠭ᠃ ᠨᠠᠩ ᠢᠨᠢᠶᠠᠵᠤ ᠴᠤ ᠪᠣᠯᠬᠤ ᠦᠭᠡᠶ ᠠᠭᠤᠷᠯᠠᠵᠤ ᠴᠤ ᠪᠣᠯᠬᠤ ᠦᠭᠡᠶ ᠨᠢᠭᠡ ᠣᠴᠢᠷ ᠢ ᠳᠤᠷᠠᠳᠪᠠᠯ᠂ ᠬᠤᠭᠤᠴᠠᠭᠠᠨ ᠡᠴᠦᠰ ᠤᠨ ᠨᠢᠭᠡᠳᠦᠯᠳᠡᠢ ᠰᠢᠯᠭᠠᠬᠤ ᠪᠣᠯᠤᠭᠰᠠᠭᠠᠷ ᠯᠠ ᠡᠮᠦᠨ᠎ᠡ ᠬᠠᠭᠠᠰ ᠰᠠᠷ᠎ᠠ ᠳᠤ ᠮᠡᠳᠡᠭ᠍ᠳᠡᠯ ᠤᠨ ᠰᠠᠮᠪᠠᠷ᠎ᠠ ᠨᠢᠭᠡᠨᠲᠡ 《ᠳᠠᠮᠢᠷ᠂ ᠳᠠᠭᠤᠤ ᠵᠢᠷᠤᠭ ᠵᠡᠷᠭᠡ ᠶᠢᠨ ᠰᠤᠯᠠ ᠭᠢᠴᠢᠶᠠᠯ ᠤᠳ ᠭᠢᠴᠢᠶᠡᠯᠯᠡᠭᠦ ᠪᠠᠨ ᠵᠤᠭᠰᠤᠨ᠎ᠠ》 ᠊᠊᠊᠊᠊᠊᠊᠊᠊᠊᠊᠊᠊᠊᠊᠊᠊᠊᠊᠊᠊᠊᠊᠊᠊᠊᠊᠊᠊ ᠰᠤᠷᠭᠠᠭᠤᠯᠢ ᠶᠢᠨ ᠵᠦᠪᠯᠠᠯ ᠡᠴᠡ ᠭᠡᠵᠤ ᠳᠠᠷᠪᠠᠢ᠌ᠳᠠᠯ᠎ᠠ ᠪᠢᠴᠢᠭ᠍ᠰᠡᠨ ᠪᠠᠢ᠌ᠳᠠᠭ᠃ ᠡᠢ᠌ᠮᠦᠷᠭᠦ ᠪᠣᠳᠠᠳᠤ ᠭᠡᠷᠡᠭ᠌ ᠤᠨ ᠵᠢᠱᠢᠶ᠎ᠠ ᠨᠤᠭᠤᠳ ᠡᠴᠡ ᠪᠢᠳᠠ ᠶᠠᠭᠠᠭᠢᠨ ᠨᠢᠭᠡ ᠶᠠᠭᠤᠮ᠎ᠠ ᠰᠡᠳᠭᠢᠭᠦ ᠦᠭᠡᠶ ᠪᠣᠢ ︖ ᠱᠠᠯᠪᠢᠩ ᠠᠮᠳᠠᠳᠠᠢ ᠭᠡᠳ ᠴᠠᠭ ᠴᠠᠭ ᠢᠳᠡᠭᠡᠳ ᠪᠣᠯᠬᠤ ᠦᠭᠡᠶ ᠶᠤᠮ᠃ ᠪᠠᠰᠠ ᠳᠠᠪᠤᠨ ᠳᠠᠷᠢᠶ᠎ᠠ᠂ ᠮᠠᠯ ᠤᠨ ᠠᠰᠢᠭ᠂ ᠨᠤᠭᠤᠭ᠎ᠠ ᠴᠠᠭ᠎ᠠ ᠵᠡᠷᠭᠡ ᠶᠢ ᠵᠤᠭᠢᠰᠳᠠᠢ ᠡᠳ᠋ᠯᠡᠪᠠᠯ ᠰᠠ‍‌ᠶᠢ ᠭᠦᠮᠤᠨ ᠤ ᠪᠠᠶ᠎ᠠ ᠶᠢᠨ ᠡᠷᠡᠭᠦᠯ ᠴᠢᠭᠢᠷᠠᠭ ᠦᠰᠤᠨ ᠪᠣᠢ᠌ᠵᠢᠯᠳᠠ ᠳᠤ ᠴᠢᠩᠭ᠋᠎ᠠ ᠱᠠᠭᠠᠷᠳᠠᠭᠳᠠᠬᠤ ᠲᠡᠶ ᠠᠳᠠᠯᠢ ᠪᠠᠷ ᠭᠢᠴᠢᠶᠠᠯ ᠤᠨ ᠭᠡᠷ ᠤᠨ ᠵᠢᠭᠠᠨ ᠰᠤᠷᠭᠠᠯᠳᠠ ᠪᠠ ᠰᠤᠷᠭᠠᠭᠤᠯᠢ ᠶᠢᠨ ᠭᠦᠷᠢᠶᠡᠨ ᠤ ᠳᠠᠮᠢᠷ ᠣᠷᠠᠯᠢᠭ ᠤᠨ ᠭᠦᠳᠡᠯᠭᠡᠭᠡᠨ ᠵᠢᠴᠢ ᠶᠡᠭᠡ ᠪᠠᠢ᠌ᠭᠠᠯᠢ ᠶᠢᠨ ᠵᠤᠭᠠᠴᠠᠯ ᠵᠡᠷᠭᠡ ᠶᠢ ᠳᠤᠭᠢᠷᠠᠮᠵᠢᠳᠠᠢ ᠣᠶᠠᠯᠳᠤᠭᠤᠯᠵᠤ ᠬᠠᠢ᠌ᠴᠢ ᠶᠢᠨ ᠭᠡᠯᠪᠠᠷᠢᠳᠤ ᠳᠡᠩᠴᠡᠭᠦᠷᠢ ᠶᠢ ᠪᠠᠶᠡᠯᠡᠭᠦᠯᠮᠡᠡᠵᠢᠨ ᠰᠠ‍‌ᠶᠢ ᠣᠳᠤᠭᠢ ᠰᠤᠷᠤᠭᠴᠢᠳ ᠤᠨ ᠪᠠᠶ᠎ᠠ ᠰᠠᠳᠭᠢᠴᠠ ᠶᠢᠨ ᠡᠷᠡᠭᠦᠯ ᠡᠩᠭᠡ ᠭᠦᠭ᠍ᠵᠢᠯᠳᠡ ᠶᠢᠨ ᠱᠠᠭᠠᠷᠳᠠᠯᠭ᠎ᠠ ᠳᠤ ᠨᠠᠢ᠌ᠴᠠᠵᠤ ᠴᠢᠳᠠᠨ᠎ᠠ᠃

《ᠦᠨᠡᠨ᠂ ᠴᠠᠢ᠌ᠯᠭᠠᠨ᠂ ᠰᠠᠢ᠌ᠬᠠᠨ ᠪᠠ ᠳᠠᠪᠰᠢᠬᠤ ᠳᠤ ᠭᠦᠷᠭᠦ》 ᠰᠤᠷᠭᠠᠭᠤᠯᠢ ᠶᠢᠨ ᠭᠦᠷᠢᠶᠡᠨ ᠤ ᠰᠤᠶᠤᠯ ᠤᠨ ᠠᠭᠤᠷ ᠠᠮᠢᠰᠬᠤᠯ ᠢ ᠪᠣᠢ ᠪᠣᠯᠭᠠᠬᠤ ᠪᠠᠷ ᠮᠠᠷᠠᠢ᠌ᠵᠤ ᠪᠠᠢ᠌ᠭ᠎ᠠ ᠬᠤᠪᠧᠢ ᠮᠤᠵᠢ ᠶᠢᠨ ᠰᠤᠷᠭᠠᠨ ᠭᠦᠮᠦᠵᠢᠯ ᠳᠤ ᠠᠪᠴᠤ ᠪᠠᠢ᠌ᠭ᠎ᠠ ᠠᠵᠢᠯᠯᠠᠭ᠎ᠠ ᠨᠢ ᠳᠤᠮᠳᠠᠳᠤ ᠪᠠᠭ᠎ᠠ ᠰᠤᠷᠭᠠᠭᠤᠯᠢ ᠶᠢᠨ ᠣᠷᠠᠯᠢᠭ ᠤᠨ ᠪᠣᠯᠪᠠᠰᠤᠷᠠᠯ ᠪᠠ ᠭᠤᠸ᠎ᠠ ᠰᠠᠢ᠌ᠬᠠᠨ ᠤ ᠰᠤᠨᠢᠷᠬᠠᠯ ᠤᠨ ᠰᠡᠳᠬᠢᠯᠭᠡ ᠶᠢ ᠳᠡᠭᠡᠭ᠍ᠰᠢᠯᠡᠭᠦᠯᠵᠤ ᠣᠶᠤᠨ ᠰᠠᠨᠠᠭ᠎ᠠ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠵᠤ ᠴᠢᠳᠠᠨ᠎ᠠ᠃ ᠳᠠᠭᠢᠨ ᠳᠠᠮᠢᠷ ᠣᠷᠠᠯᠢᠭ ᠤᠨ ᠭᠦᠳᠡᠯᠭᠡᠭᠡᠨ ᠢ ᠡᠷᠴᠢᠮᠳᠡᠢ ᠰᠠᠢ᠌ᠨ ᠭᠢᠵᠤ ᠳᠠᠢ᠌ᠯᠪᠠᠯ ᠳᠡᠭᠦᠨ ᠤ ᠭᠦᠮᠤᠨ ᠢ ᠭᠦᠮᠦᠵᠢᠭᠦᠯᠭᠦ ᠣᠠᠴᠠᠭᠠᠢ ᠴᠢᠳᠠᠪᠭᠢ ᠶᠢ ᠪᠠᠳᠠᠷᠠᠭᠤᠯᠵᠤ᠂ ᠦᠷᠭᠡᠨ ᠣᠯᠠᠨ ᠰᠤᠷᠤᠭᠴᠢᠳ ᠲᠤ ᠳᠠᠮᠢᠷ ᠣᠷᠠᠯᠢᠭ ᠤᠨ ᠭᠦᠮᠦᠵᠢᠯ ᠣᠯᠭᠤᠬᠤ ᠪᠠᠷ ᠪᠠᠷᠠᠬᠤ ᠦᠭᠡᠶ ᠡᠭᠡ ᠣᠯᠤᠰ᠂ ᠨᠡᠢ᠌ᠭᠡᠮ ᠵᠢᠷᠤᠮ᠂ ᠬᠠᠮᠳᠤ ᠨᠠᠢ᠌ᠳᠠ ᠪᠠᠨ ᠬᠠᠢ᠌ᠷᠠᠯᠠᠬᠤ ᠦᠵᠡᠯ ᠤᠨ ᠭᠦᠮᠦᠵᠢᠯ ᠢ ᠠᠮᠢᠳᠤᠯᠢᠭ ᠰᠠᠢ᠌ᠬᠠᠨ ᠭᠢᠵᠤ ᠰᠤᠷᠤᠭᠴᠢᠳ ᠶᠤᠰᠤ ᠮᠤᠷᠠᠯ᠂ ᠣᠶᠤᠨ ᠣᠬᠠᠭᠠᠨ᠂ ᠪᠠᠶ᠎ᠠ ᠮᠠᠬᠠᠪᠣᠤᠨ ᠪᠠ ᠭᠤᠸ᠎ᠠ ᠰᠠᠢ᠌ᠬᠠᠨ ᠵᠡᠷᠭᠡ ᠪᠦᠭᠦ ᠳᠠᠯ᠎ᠠ ᠪᠠᠷ ᠭᠦᠭ᠍ᠵᠢᠭᠦ ᠭᠡᠪ ᠴᠢᠨᠠᠷ ᠤᠨ ᠰᠤᠷᠭᠠᠨ ᠭᠦᠮᠦᠵᠢᠯ ᠢ ᠵᠢᠩᠭᠢᠨᠢ ᠪᠠᠷ ᠭᠦᠷᠳᠡᠵᠤ ᠴᠢᠳᠠᠨ᠎ᠠ᠃

ᠦᠨᠡᠨᠳᠡᠭᠡᠨ ᠬᠤᠪᠧᠢ ᠮᠤᠵᠢ ᠶᠢᠨ ᠠᠪᠴᠤ ᠪᠠᠢ᠌ᠭ᠎ᠠ ᠡᠨᠡᠭᠦ ᠠᠵᠢᠯᠯᠠᠭ᠎ᠠ ᠨᠢ ᠳᠠᠢ᠌ᠮᠤ ᠭᠦᠴᠢᠷ ᠪᠢᠰᠢ ᠶᠤᠮ᠃ ᠱᠠᠭᠠᠷᠳᠠᠯᠭ᠎ᠠ ᠨᠢ ᠴᠤ ᠳᠠᠢ᠌ᠮᠤ ᠦᠨᠳᠦᠷ ᠪᠢᠰᠢ᠃ ᠭᠡᠪᠠᠴᠤ ᠭᠢᠭᠦ ᠦᠭᠡᠶ ᠪᠣᠯ ᠶᠠᠮᠠᠷ ᠴᠤ ᠭᠡᠷᠡᠭ᠌ ᠦᠭᠡᠶ᠃ ᠮᠡᠳᠡᠭᠡᠯᠡᠯ ᠢ ᠦᠨᠳᠦᠰᠦᠯᠠᠪᠠᠯ᠂ ᠲᠦᠰᠤᠯ ᠳᠡᠭᠡᠨ ᠳᠤᠷᠠᠳᠤᠭᠰᠠᠨ ᠨᠢ ᠭᠠᠷᠠᠭ ᠪᠦᠷᠢ ᠠᠩᠭᠢ ᠨᠢᠭᠡᠴᠡ ᠪᠠᠷ ᠶᠢᠡᠨ ᠨᠢᠭᠡ ᠣᠳᠠᠭ᠎ᠠ ᠶᠢᠨ ᠨᠠᠢ᠌ᠷᠠᠯ ᠳᠠᠭᠤᠤ ᠪᠠ ᠬᠠᠮᠳᠤᠷᠠᠯ ᠪᠦᠵᠢᠭ᠌ ᠭᠢᠭᠦ ᠭᠡᠷᠡᠭ᠍ᠳᠡᠢ ᠭᠡᠵᠡᠢ᠃ ᠡᠢ᠌ᠮᠤ ᠠᠮᠠᠷᠬᠠᠨ ᠪᠠᠢ᠌ᠬᠤ ᠳᠤ ᠮᠠᠨ ᠤ ᠭᠢᠨ ᠶᠠᠭᠠᠭᠢᠭᠠᠤᠨ ᠭᠢᠭᠦ ᠦᠭᠡᠶ ᠪᠣᠢ ︖ ᠢᠩᠭᠢᠭ᠍ᠰᠡᠭᠡᠷ ᠰᠤᠷᠤᠯᠭ᠎ᠠ ᠶᠢ ᠨᠥᠯᠦᠭᠡᠯᠡᠨ᠎ᠡ ᠭᠡᠵᠤ ᠥᠵᠡᠭᠦ ᠶᠤᠮ ᠴᠢᠨᠢ ᠶᠠᠭᠠᠭᠢᠨ ᠭᠢᠵᠤ ᠳᠡᠢ᠌ᠯᠭᠦ ᠪᠣᠢ᠃ ᠭᠡᠷᠪᠡ ᠦᠷᠭᠦᠯᠵᠢ ᠶᠢᠨ ᠴᠢᠨᠠᠷᠳᠠᠢ ᠭᠢᠭᠡᠳ ᠵᠤᠷᠰᠢᠯ ᠪᠣᠯᠭᠠᠴᠢᠭᠰᠠᠭᠠᠷ ᠪᠠᠰᠠ ᠶᠠᠭᠤᠨᠠᠢ ᠳᠡᠭᠡᠷᠡᠭᠢ ᠶᠢᠨ ᠭᠢᠨᠠᠯᠳᠠ ᠳᠠᠯᠪᠢᠬᠤ᠂ ᠪᠠᠢ᠌ᠴᠠᠭᠠᠨ ᠥᠨᠡᠯᠡᠭᠦ ᠶᠢ ᠭᠦᠯᠢᠶᠡᠭᠦ ᠴᠢᠬᠤᠯᠠ ᠪᠠᠢ᠌ᠬᠤ ᠪᠣᠢ᠃ ᠵᠥᠪᠭᠡᠨ ᠳᠡᠭᠡᠷ᠎ᠡ ᠱᠠᠳᠤᠨ ᠤ ᠬᠠᠮᠤᠶ᠎ᠠ ᠪᠦᠭᠦᠢ ᠪᠠᠢ᠌ᠭᠤᠯᠤᠯᠭ᠎ᠠ ᠡᠴᠡ ᠳᠤᠰᠬᠠᠢ ᠮᠡᠷᠭᠡᠵᠢᠯ ᠲᠡᠶ ᠪᠠᠭᠰᠢ ᠪᠠ ᠳᠤᠨᠤᠭ ᠳᠦᠭᠦᠭᠡᠷᠦᠮᠵᠢ ᠵᠡᠷᠭᠡ ᠶᠢ ᠬᠠᠩᠭ᠋ᠠᠭᠠᠤᠨ ᠥᠭ᠍ᠪᠠᠯ ᠪᠣᠯᠴᠢᠬᠠᠬᠤ ᠪᠢᠰᠢᠤ ︕

ᠪᠢᠳᠠ ᠡᠨᠡᠭᠦ ᠠᠵᠢᠯᠯᠠᠭ᠎ᠠ ᠶᠢ ᠳᠦᠭᠡᠮᠡᠯᠵᠢᠭᠦᠯᠤᠨ ᠭᠢᠵᠤ ᠪᠣᠯᠤᠨ᠎ᠠ᠃ ᠣᠴᠢᠷ ᠨᠢ ᠡᠨᠡ ᠪᠣᠯ ᠭᠡᠪ ᠴᠢᠨᠠᠷ ᠤᠨ ᠰᠤᠷᠭᠠᠨ ᠭᠦᠮᠦᠵᠢᠯ ᠢ ᠭᠢᠭᠦ ᠶᠢᠨ ᠴᠢᠬᠤᠯᠠ ᠪᠦᠷᠢᠯᠳᠦᠭᠦᠨ ᠪᠣᠯᠬᠤ ᠶᠤᠮ᠃ ᠰᠤᠷᠤᠭᠴᠢᠳ ᠤᠨ ᠪᠠᠶ᠎ᠠ ᠰᠠᠳᠭᠢᠴᠠ ᠶᠢᠨ ᠡᠷᠡᠭᠦᠯ ᠶᠢᠡᠷ ᠭᠦᠭ᠍ᠵᠢᠭᠦ ᠳᠤ ᠳᠤᠩ ᠠᠰᠢᠭᠳᠠᠢ ᠪᠦᠭᠡᠳ ᠪᠣᠰᠤᠳ ᠳᠦᠷᠤᠯ ᠤᠨ ᠰᠢᠡᠵᠢᠯᠡᠭᠦ ᠣᠬᠠᠭᠠᠨ ᠢ ᠴᠢᠷᠮᠠᠢ᠌ᠨ ᠰᠤᠷᠤᠯᠴᠠᠬᠤ ᠳᠤᠷᠠᠰᠢᠯ ᠢ ᠨᠢ ᠨᠡᠮᠡᠭ᠍ᠳᠡᠭᠦᠯᠭᠦ ᠶᠤᠮ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1536
ᠴᠠᠭ᠄ 2012 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ