ᠴᠠᠭᠠᠰᠤᠨ ᠰᠢᠪᠠᠭᠤᠨ ᠤ ᠦᠴᠢᠯ

ᠪᠢ ᠪᠣᠯ ᠨᠢᠭᠡᠨ ᠴᠠᠭᠠᠰᠤᠨ ᠰᠢᠪᠠᠭᠤ

ᠡᠭᠦᠯᠡᠨ ᠳᠤ ᠳᠤᠯᠳᠠᠯ᠎ᠠ ᠦᠨᠳᠦᠷ ᠲᠤ ᠨᠢᠰᠤᠨ᠎ᠡ

ᠡᠯᠢᠨ ᠬᠠᠯᠢᠨ ᠠᠭᠠᠷ ᠲᠤ ᠳᠡᠭᠦᠯᠢᠨ᠎ᠡ

ᠡᠭᠡᠷᠡᠮ᠎ᠡ ᠭᠦᠡᠳᠡᠢ ᠳᠠᠯ᠎ᠠ ᠳᠡᠭᠡᠭᠦᠷ ᠨᠢᠰᠤᠨ᠎ᠡ

ᠡᠷᠢᠶᠡᠨ ᠪᠠᠷᠠᠭᠠᠨ ᠵᠡᠭᠡᠯᠢ ᠳᠡᠭᠡᠭᠦᠷ ᠨᠢᠰᠤᠨ᠎ᠡ

ᠠᠭᠤᠳᠠᠮ ᠳᠡᠨᠢᠭᠡᠷ ᠳᠠᠯᠠᠢ ᠳᠡᠭᠡᠭᠦᠷ ᠨᠢᠰᠤᠨ᠎ᠡ

ᠣᠷᠭᠤᠭ᠎ᠠ ᠬᠠᠳᠠ ᠠᠭᠤᠯᠠᠨ ᠳᠡᠭᠡᠭᠦᠷ ᠨᠢᠰᠤᠨ᠎ᠡ

ᠳᠠᠰᠭᠢᠮ᠎ᠠ ᠭᠦᠢᠳᠡᠨ ᠡᠪᠦᠯ ᠨᠠᠮᠢ᠋ᠢ ᠭᠦᠯᠳᠡᠭᠡᠵᠤ ᠡᠰᠡ ᠴᠢᠳᠠᠨ᠎ᠠ

ᠳᠤᠬᠤ ᠰᠢᠳᠠᠭᠠᠮ᠎ᠠ ᠵᠤᠨ ᠨᠠᠮᠢ᠋ᠢ ᠨᠤᠴᠤᠭᠠᠵᠤ ᠡᠰᠡ ᠴᠢᠳᠠᠨ᠎ᠠ

ᠣᠴᠢᠷ ᠨᠢ ᠪᠢ ᠪᠣᠯ ᠨᠢᠭᠡᠨ ᠴᠠᠭᠠᠰᠤᠨ ᠰᠢᠪᠠᠭᠤ

ᠥᠨᠡᠨᠳᠡᠭᠡᠨ ᠨᠠᠳᠠ ᠳᠤ ᠵᠥᠭ᠌ ᠴᠢᠭ᠌ ᠭᠡᠷᠡᠭ᠌ ᠥᠭᠡᠢ

ᠵᠢᠷᠦᠭᠡᠨ ᠡᠴᠡ ᠣᠶᠠᠭᠠᠳᠠᠢ ᠨᠢᠭᠡᠨ ᠣᠳᠠᠰᠤᠨ ᠤ ᠨᠥᠭᠦᠭᠡ ᠥᠵᠦᠭᠦᠷ ᠲᠤ

ᠦᠨᠳᠦᠷ ᠲᠤ ᠭᠠᠷᠴᠤ ᠡᠭᠦᠯᠡᠨ ᠳᠤ ᠳᠡᠭᠦᠯᠢᠭ᠍ᠰᠡᠨ ᠴᠤ

ᠣᠴᠢᠷ ᠦᠭᠡᠶ ᠭᠠᠭᠴᠠᠭᠠᠷᠳᠠᠬᠤ ᠡᠴᠠ ᠶᠡᠭᠡ ᠠᠶᠤᠨ᠎ᠠ

ᠪᠣᠴᠠᠬᠤ ᠵᠠᠮ ᠣᠨᠠᠬᠤ ᠭᠠᠵᠠᠷ ᠦᠭᠡᠶ ᠪᠣᠯᠬᠤ ᠡᠴᠠ ᠠᠶᠤᠨ᠎ᠠ

ᠪᠠᠶ᠎ᠠ ᠡᠴᠠ ᠮᠢᠨᠢ ᠳᠠᠳᠠᠭᠰᠠᠨ ᠳᠠᠷᠠ ᠰᠢᠷᠭᠡᠭ᠌ ᠣᠳᠠᠰᠤ

ᠪᠦᠭᠡ ᠦᠭᠡᠶ ᠳᠠᠰᠤᠷᠠᠵᠤ ᠭᠦᠯ ᠦᠭᠡᠶ ᠪᠣᠯᠬᠤ ᠡᠴᠠ ᠠᠶᠤᠨ᠎ᠠ

ᠪᠢ ᠪᠣᠯ ᠨᠢᠭᠡᠨ ᠴᠠᠭᠠᠰᠤᠨ ᠰᠢᠪᠠᠭᠤ

ᠥᠩᠭᠡ ᠢᠯᠭᠠᠷᠠᠮ᠎ᠠ ᠵᠢᠭᠦᠷ ᠳᠠᠢ

ᠦᠨᠳᠦᠷ ᠲᠤ ᠳᠡᠭᠦᠯᠢᠭᠦ ᠯᠠ ᠵᠢᠮ᠎ᠠ ᠳᠠᠢ

ᠥᠭᠦᠯ ᠦᠭᠡᠶ ᠮᠥᠩᠭᠡ ᠠᠮᠢ ᠳᠠᠢ

ᠡᠪᠦᠯ ᠦᠭᠡᠶ ᠵᠤᠨ ᠤ ᠵᠢᠷᠭᠠᠯ ᠳᠠᠢ

ᠡᠷᠭᠡ ᠳᠤᠷ᠎ᠠ ᠶᠢᠨ ᠣᠷᠤᠨ ᠵᠠᠢ ᠳᠠᠢ

ᠡᠳᠦᠷ ᠲᠡᠭᠡᠨ ᠨᠢᠰᠭᠦ ᠯᠠ ᠬᠤᠪᠢ ᠳᠠᠢ

ᠴᠠᠭ ᠳᠡᠦᠭᠡ ᠨᠠᠮᠢ᠋ᠢ ᠪᠠᠯᠠᠯᠠᠵᠤ ᠡᠰᠡ ᠴᠢᠳᠠᠨ᠎ᠠ

ᠴᠠᠭᠢᠯᠭᠠᠨ ᠳᠸᠭ᠍ᠨᠢᠭ᠌ ᠨᠠᠮᠢ᠋ᠢ ᠬᠤᠴᠤᠷᠭᠠᠵᠤ ᠡᠰᠡ ᠴᠢᠳᠠᠨ᠎ᠠ

ᠣᠴᠢᠷ ᠨᠢ ᠪᠢ ᠪᠣᠯ ᠴᠠᠭᠠᠰᠤᠨ ᠰᠢᠪᠠᠭᠤ

ᠥᠨᠡᠨᠳᠡᠭᠡᠨ ᠨᠠᠳᠠ ᠳᠤ ᠣᠢ ᠪᠢᠯᠢᠭ᠌ ᠴᠢᠬᠤᠯᠠ ᠥᠭᠡᠢ

ᠣᠳᠠᠰᠤ ᠴᠠᠭᠠᠰᠤ ᠡᠨᠡ ᠯᠠ ᠬᠤᠶᠠᠷ

ᠠᠮᠢ ᠠᠮᠢᠰᠬᠤᠯ ᠠᠯᠢᠪᠠ ᠴᠤᠭᠴᠠᠰ ᠮᠢᠨᠢ ᠪᠢᠯᠠ

ᠣᠴᠢᠷ ᠦᠭᠡᠶ ᠣᠯᠠᠨ ᠳᠤ ᠮᠠᠭᠳᠠᠭᠳᠠᠭᠰᠠᠨ ᠴᠤ

ᠣᠷᠠᠯᠢᠭᠴᠢᠨ ᠭᠡᠦᠭᠡᠨ ᠤ ᠳᠠᠷᠠ ᠭᠠᠷ ᠳᠤ

ᠡᠭᠦᠯᠡ ᠭᠦᠯᠭᠡᠯᠡᠮ᠎ᠡ ᠦᠨᠳᠦᠷ ᠲᠤ ᠭᠠᠷᠤᠭᠰᠠᠨ ᠴᠤ

ᠣᠳᠠᠰᠤᠨ ᠤ ᠥᠵᠦᠭᠦᠷ ᠳᠠᠭᠢ ᠨᠥᠭᠦᠭᠡ ᠭᠠᠷ ᠳᠤ

ᠥᠨᠡᠨᠳᠡᠭᠡᠨ ᠪᠢ ᠪᠣᠯ ᠦᠴᠦᠭᠡᠨ ᠨᠢᠭᠡᠨ ᠴᠠᠭᠠᠰᠤᠨ ᠰᠢᠪᠠᠭᠤ

ᠥᠭᠦᠯ ᠶᠢᠡᠨ ᠮᠡᠳᠡᠳᠡᠭ᠌ ᠦᠭᠡᠶ ᠳᠡᠨᠡᠭ᠌ ᠰᠢᠪᠠᠭᠤ ︕


ᠵᠤᠬᠢᠶᠠᠭᠴᠢ ᠶᠢᠨ ᠬᠠ‍‌ᠶᠢᠭ ᠄ ᠣᠷᠳᠤᠰ

ᠵᠤᠬᠢᠶᠠᠭᠴᠢ᠄ ᠴᠡᠯᠡᠭᠡᠷ
ᠬᠠᠷᠢᠶ᠎ᠠ᠄ ᠰᠢᠯᠦᠭ
ᠳᠠᠷᠤᠮ᠄ 1835
ᠴᠠᠭ᠄ 2011 ᠤᠨ ᠤ 12 ᠰᠠᠷ᠎ᠠ ᠶᠢᠨ 01