ᠨᠤᠳᠤᠭ ᠰᠢᠳᠦᠭᠡᠨ

ᠠᠪᠣ ᠶᠢᠨ ᠰᠢᠳᠦᠭᠡᠨ

ᠮᠥᠩᠭᠡᠳᠡ ᠣᠷᠤᠰᠢᠭᠰᠠᠨ ᠨᠤᠳᠤᠭ

ᠡᠵᠢ ᠶᠢᠨ ᠬᠠᠢ᠌ᠷ᠎ᠠ

ᠣᠶᠠᠩᠭ᠋ᠠᠨ ᠴᠤᠤᠷᠢᠶ᠎ᠠ ᠲᠡᠶ ᠣᠷᠤᠨ︕

ᠳᠤᠭᠤᠯ ᠤᠨ ᠭᠤᠤᠯ ᠤᠨ

ᠳᠠᠠᠵᠢ ᠶᠢ ᠳᠡᠷᠡᠯᠡᠭ᠍ᠰᠡᠨ ᠭᠠᠵᠠᠷ

ᠳᠠᠭᠤᠨ ᠳᠤ ᠭᠠᠷᠳᠠᠭ

ᠣᠯᠠᠭᠠᠨ ᠳᠤᠯᠤᠭᠠᠢ ᠶᠢᠨ

ᠰᠢᠷᠤᠢ ᠲᠡᠶ

ᠡᠨᠡ ᠪᠣᠯ ᠮᠢᠨᠤ

ᠡᠷᠳᠡᠨᠢᠳᠤ ᠰᠠᠢ᠌ᠬᠠᠨ ᠥᠯᠦᠭᠡᠢ︕

ᠠᠰᠢᠳᠠ ᠵᠠᠶᠠᠭᠠᠬᠤ

ᠪᠣᠷᠬᠠᠨ ᠢᠷᠦᠭᠡᠯᠳᠤ ᠣᠷᠤᠨ︕


ᠱᠠᠩ ᠤᠨ ᠳᠠᠮᠠᠭ᠎ᠠ ᠶᠢ

ᠣᠭᠳᠤᠵᠤ ᠪᠠᠢ᠌ᠭᠰᠠᠨ ᠭᠠᠵᠠᠷ ᠊᠊᠊᠊᠊᠊᠊᠊᠊᠊᠊᠊᠊᠊᠊

ᠳᠠᠮᠠᠭ᠎ᠠ ᠶᠢᠨ ᠴᠠᠢ᠌ᠳᠠᠮ

ᠳᠡᠦᠭᠡ ᠶᠢᠨ ᠮᠦᠷ ᠵᠢᠠᠷ

ᠳᠤᠤᠯᠢ ᠳᠡᠮᠳᠡᠭᠯᠡᠨ

ᠣᠶᠠᠰᠴᠤ ᠢᠷᠠᠨ᠎ᠠ︕


ᠰᠢᠯᠢ ᠶᠢᠨ ᠳᠠᠠᠵᠢ ᠳᠤ

ᠡᠷ᠎ᠡ ᠶᠢᠨ ᠰᠦᠷ ᠢ ᠰᠢᠯᠭᠠᠭᠰᠠᠨ

ᠰᠦᠷᠯᠢᠭ᠌ ᠦᠨᠳᠦᠷ

ᠴᠠᠭᠠᠨ ᠳᠤᠯᠤᠭᠠᠢ ᠵᠢᠨ  

ᠣᠷᠤᠢ ᠲᠡᠶ︕

ᠳᠤᠮᠤᠭ᠎ᠠ ᠦᠭᠡᠶ ᠨᠠᠰᠤᠨ ᠤ

ᠭᠡᠭᠡᠨ ᠰᠤᠶᠤᠷᠬᠠᠯ ᠢ ᠳᠠᠯᠠᠯᠵᠤ

ᠳᠤᠮᠤᠴᠤᠳ ᠡᠷ᠎ᠡ ᠶᠢᠨ

ᠠᠪᠠ ᠶᠢᠨ ᠵᠤᠭ᠎ᠠ ᠳᠠᠢ᠌ᠯᠤᠭᠰᠠᠨ

ᠳ᠋ᠦ᠋ᠩᠰᠢᠭᠤᠷ ᠦᠨᠳᠦᠷ

ᠬᠤᠧᠨ ᠳᠤᠯᠤᠭᠠᠢ ᠵᠢᠨ  

ᠡᠩᠭᠡᠷ ᠳᠠᠢ

ᠡᠨᠡ ᠪᠣᠯ ᠮᠢᠨᠤ

ᠡᠷᠳᠡᠨᠢᠳᠤ ᠠᠷᠪᠠᠨ ᠭᠦᠰᠡᠯ

ᠡᠯᠢᠭᠡ ᠪᠦᠳᠤᠨ

ᠡᠰᠡᠨᠢᠨ ᠮᠠᠠᠳᠤ ᠶᠢᠨ ᠵᠠᠶᠠᠭ᠎ᠠ︕


  2010.12.19


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1601
ᠴᠠᠭ᠄ 2010 ᠤᠨ ᠤ 12 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ