ᠲᠦᠮᠡᠠᠳᠠᠯᠠᠢ ᠶᠢᠨ ᠰᠤᠷᠪᠣᠯᠵᠢᠯᠭ᠎ᠠ᠄ ᠭᠡᠯᠡ ᠳᠤ ᠣᠷᠤᠵᠤ ᠭᠦᠯ ᠵᠠᠯᠭᠠᠨ᠎ᠠ

ᠪᠠᠭ᠎ᠠ ᠰᠤᠷᠭᠠᠭᠤᠯᠢ ᠶᠢᠨ ᠰᠤᠷᠭᠠᠨ ᠭᠦᠮᠦᠵᠢᠯ ᠪᠣᠯ ᠰᠠᠭᠤᠷᠢ ᠰᠤᠷᠭᠠᠨ ᠭᠦᠮᠦᠵᠢᠯ ᠤᠨ ᠰᠠᠭᠤᠷᠢ᠂ ᠭᠡᠯᠡ ᠪᠢᠴᠢᠭ᠌ ᠪᠣᠯ ᠪᠦᠭᠦᠢᠯᠡ ᠰᠤᠷᠭᠠᠨ ᠭᠦᠮᠦᠵᠢᠯ ᠤᠨ ᠰᠠᠭᠤᠷᠢ᠃ ᠳᠤᠭ᠎ᠠ᠂ ᠭᠢᠮᠢ᠂ ᠹᠢᠽᠢᠺ ᠁ ᠶᠠᠭᠤ ᠰᠤᠷᠤᠭᠰᠠᠨ ᠴᠤ ᠣᠷᠢᠳᠠᠪᠠᠷ ᠭᠡᠯᠡ ᠰᠤᠷᠬᠤ ᠦᠭᠡᠶ ᠪᠣᠯ ᠪᠣᠯᠬᠤ ᠥᠭᠡᠢ


《ᠪᠠᠭ᠎ᠠ ᠰᠤᠷᠭᠠᠭᠤᠯᠢ ᠶᠢᠨ ᠰᠤᠷᠭᠠᠨ ᠭᠦᠮᠦᠵᠢᠯ ᠪᠣᠯ ᠰᠠᠭᠤᠷᠢ ᠰᠤᠷᠭᠠᠨ ᠭᠦᠮᠦᠵᠢᠯ ᠤᠨ ᠰᠠᠭᠤᠷᠢ᠂ ᠭᠡᠯᠡ ᠪᠢᠴᠢᠭ᠌ ᠪᠣᠯ ᠪᠦᠭᠦᠢᠯᠡ ᠰᠤᠷᠭᠠᠨ ᠭᠦᠮᠦᠵᠢᠯ ᠤᠨ ᠰᠠᠭᠤᠷᠢ᠃ ᠳᠤᠭ᠎ᠠ᠂ ᠭᠢᠮᠢ᠂ ᠹᠢᠽᠢᠺ ᠁ ᠶᠠᠭᠤ ᠰᠤᠷᠤᠭᠰᠠᠨ ᠴᠤ ᠣᠷᠢᠳᠠᠪᠠᠷ ᠭᠡᠯᠡ ᠰᠤᠷᠬᠤ ᠦᠭᠡᠶ ᠪᠣᠯ ᠪᠣᠯᠬᠤ ᠦᠭᠡᠶ》 ᠬᠦᠬᠡᠬᠤᠲᠠ ᠶᠢᠨ ᠭᠢᠩᠭ᠋ᠠᠨ ᠵᠠᠮ ᠤᠨ ᠪᠠᠭ᠎ᠠ ᠰᠤᠷᠭᠠᠭᠤᠯᠢ ᠶᠢᠨ ᠳᠠᠳ᠋ ᠵᠠᠭᠢᠷᠤᠯ ᠭᠦᠷᠵᠡᠪ ᠶᠠᠷᠢᠵᠤ ᠪᠠᠢ᠌ᠨ᠎ᠠ᠃ ᠳᠠᠢ᠌ᠮᠤ ᠡᠴᠡ ᠭᠡᠯᠡ ᠪᠢᠴᠢᠭ᠌ ᠪᠣᠯ ᠭᠦᠮᠤᠨ ᠳᠦᠷᠤᠯᠭᠢᠳᠠᠨ ᠤ ᠮᠡᠳᠡᠯᠭᠡ ᠪᠣᠯᠪᠠᠰᠤᠷᠠᠯ ᠤᠨ ᠣᠨᠤᠭ᠎ᠠ ᠭᠡᠯᠳᠡᠢ᠃ ᠡᠭᠡ ᠭᠡᠯᠡ ᠨᠢ ᠨᠢᠭᠡ ᠦᠨᠳᠦᠰᠦᠳᠠᠨ ᠤ ᠦᠨᠳᠦᠰᠦᠨ ᠰᠢᠠᠵᠢ ᠶᠢᠨ ᠴᠢᠬᠤᠯᠠ ᠢᠯᠡᠷᠡᠭᠦᠯᠦᠯ ᠪᠣᠯᠳᠠᠭ ᠤᠨ ᠣᠴᠢᠷ ᠳᠤᠬᠠᠢ ᠶᠢᠨ ᠦᠨᠳᠦᠰᠦᠳᠠᠨ ᠤ ᠭᠦᠮᠤᠨ ᠠᠷᠠᠤᠨ ᠤᠨ ᠮᠡᠳᠡᠯᠭᠡ ᠪᠣᠯᠪᠠᠰᠤᠷᠠᠯ ᠤᠨ ᠣᠨᠤᠭ᠎ᠠ ᠪᠣᠯᠵᠤ᠂ ᠰᠤᠶᠤᠯ ᠳᠠᠭᠠᠨ ᠵᠢᠭᠦᠷ ᠣᠷᠭᠤᠭᠤᠯᠵᠤ ᠦᠨᠳᠦᠷ ᠲᠤ ᠨᠢᠰᠭᠡᠨ ᠬᠤᠯᠠ ᠶᠠᠪᠣᠭᠤᠯᠵᠤ ᠣᠷᠳᠤ ᠨᠠᠰᠤᠯᠠᠭᠤᠯᠵᠤ ᠪᠠᠢ᠌ᠳᠠᠭ ᠣᠴᠢᠷ ᠲᠡᠶ᠃

ᠮᠤᠩᠭ᠋ᠤᠯ ᠭᠡᠯᠡ ᠶᠢ ᠪᠦᠮᠪᠦᠷᠴᠡᠭ᠌ ᠢ ᠳᠤᠭᠤᠷᠠᠢ ᠪᠠᠷ ᠶᠢᠡᠨ ᠳᠠᠮᠠᠭᠠᠯᠠᠭᠰᠠᠨ ᠮᠤᠩᠭ᠋ᠤᠯ ᠠᠳᠤᠭᠤ ᠯᠠ ᠭᠡᠵᠤ ᠮᠠᠳᠠ ᠊᠊᠊᠊᠊᠊᠊᠊᠊᠊᠊᠊᠊᠊᠊ ᠮᠤᠩᠭ᠋ᠤᠯ ᠰᠤᠶᠤᠯ ᠤᠨ ᠣᠨᠤᠭ᠎ᠠ ᠶᠤᠮ᠃ ᠮᠤᠩᠭ᠋ᠤᠯ ᠬᠡᠦᠬᠡᠳ ᠳᠠᠭ᠎ᠠ ᠣᠷᠤᠯᠳᠤᠨ᠎ᠠ᠂ ᠮᠤᠩᠭ᠋ᠤᠯ ᠵᠠᠯᠠᠭᠤᠰ ᠦᠷᠢᠶ᠎ᠠ ᠳᠠᠷᠯᠠᠨ᠎ᠠ᠃ ᠬᠤᠨᠢᠨ ᠳᠤ ᠪᠦᠳᠦᠭᠦᠨ ᠭᠡᠳᠡᠰᠤ ᠲᠡᠶ ᠭᠡᠭᠡᠷ ᠶᠢᠡᠨ᠂ ᠬᠤᠷᠢᠮ ᠳᠤ ᠵᠢᠷᠤᠭ᠎ᠠ ᠭᠦᠷᠡᠩ ᠶᠢᠡᠨ᠂ ᠣᠷᠤᠯᠳᠤᠭᠠᠨ ᠳᠤ ᠰᠢᠪᠠᠭᠤᠨ ᠰᠠᠷᠠᠯ ᠶᠢᠡᠨ᠁ ᠭᠡᠵᠤ ᠭᠦᠮᠤᠨ ᠪᠦᠭᠦᠨ ᠣᠨᠤᠭ᠎ᠠ ᠳᠠᠭᠠᠨ ᠳᠦᠳᠠ᠃ ᠬᠡᠦᠬᠡᠳ ᠤᠨ ᠶᠢᠡᠨ ᠣᠨᠤᠭ᠎ᠠ ᠶᠢ 《ᠣᠨᠠᠭᠠᠨ ᠡᠴᠡ ᠨᠢ ᠣᠶᠠᠵᠤ᠂ ᠲᠠᠭᠠᠨ ᠡᠴᠡ ᠨᠢ ᠳᠠᠪᠳᠠᠨ᠎ᠠ》 ᠭᠡᠳᠡᠭ᠌ ᠢ ᠰᠠᠨᠠᠯᠳᠠᠢ᠃

ᠰᠤᠷᠪᠣᠯᠵᠢᠯᠠᠭᠴᠢ᠄ ᠣᠳᠤᠬᠠᠨ ᠤ ᠪᠠᠭ᠎ᠠ ᠰᠤᠷᠭᠠᠭᠤᠯᠢ ᠶᠢᠨ ᠭᠡᠯᠡ ᠪᠢᠴᠢᠭ᠌ ᠤᠨ ᠭᠢᠴᠢᠶᠠᠯ ᠤᠨ ᠬᠤᠪᠢ ᠳᠤ ᠶᠠᠷᠢᠪᠠᠯ︖

ᠭᠦᠷᠵᠡᠪ᠄ ᠪᠠᠭ᠎ᠠ ᠰᠤᠷᠭᠠᠭᠤᠯᠢ ᠶᠢᠨ ᠭᠢᠴᠢᠶᠠᠯ ᠤᠨ ᠪᠢᠴᠢᠭ᠌ ᠤᠨ ᠨᠠᠢ᠌ᠷᠠᠭᠤᠯᠭ᠎ᠠ ᠶᠢᠨ ᠬᠤᠪᠢ ᠳᠤ ᠠᠪᠴᠤ ᠦᠵᠡᠪᠠᠯ᠂ ᠠᠭᠤᠯᠭ᠎ᠠ᠂ ᠭᠡᠯᠪᠠᠷᠢ᠂ ᠣᠠᠴᠠᠯᠢᠭ᠂ ᠭᠦᠷᠢᠶ᠎ᠡ ᠭᠡᠪᠴᠢᠶᠡᠨ ᠤ ᠬᠤᠪᠢ ᠳᠤ ᠶᠡᠭᠡ ᠳᠡᠯᠡᠭ᠍ᠰᠡᠨ᠂ ᠵᠤᠭᠢᠬᠤ ᠭᠢᠷᠢ ᠲᠦᠪᠰᠢᠨ ᠳᠤ ᠭᠦᠷᠦᠯ᠎ᠡ ᠭᠡᠵᠤ ᠭᠡᠯᠡᠵᠤ ᠪᠣᠯᠤᠨ᠎ᠠ᠃ ᠭᠡᠪᠠᠴᠤ ᠪᠠᠰᠠ ᠵᠤᠭᠢᠬᠤ ᠠᠰᠠᠭᠤᠳᠠᠯ ᠣᠷᠤᠰᠢᠵᠤ ᠪᠠᠢ᠌ᠬᠤ ᠨᠢ ᠶᠠᠷᠢᠶᠠᠨ ᠦᠭᠡᠶ᠃

ᠪᠠᠭ᠎ᠠ ᠰᠤᠷᠭᠠᠭᠤᠯᠢ ᠶᠢᠨ ᠮᠤᠩᠭ᠋ᠤᠯ ᠭᠡᠯᠡ ᠪᠢᠴᠢᠭ᠌ ᠲᠤ ᠠᠩᠬᠠᠷᠤᠯ ᠳᠠᠯᠪᠢᠵᠤ ᠪᠠᠢ᠌ᠳᠠᠭ ᠭᠦᠮᠦᠰ᠂ ᠭᠢᠴᠢᠶᠠᠯ ᠤᠨ ᠠᠭᠤᠯᠭ᠎ᠠ ᠭᠦᠡᠳᠦᠷᠡᠯ᠎ᠡ᠂ ᠠᠭᠤᠯᠭ᠎ᠠ ᠠᠷᠪᠢᠳᠠᠯ᠎ᠠ᠂ ᠬᠡᠦᠬᠡᠳ ᠤᠨ ᠣᠠᠴᠠᠯᠢᠭ ᠲᠤ ᠵᠤᠭᠢᠷᠠᠬᠤ ᠦᠭᠡᠶ ᠵᠣᠢ᠌ᠯ ᠪᠠᠢ᠌ᠨ᠎ᠠ ᠭᠡᠭᠦᠴᠢᠯᠡᠨ ᠶᠠᠷᠢᠬᠤ ᠶᠢ ᠰᠤᠨᠤᠰᠴᠤ ᠯᠠ ᠪᠠᠢ᠌ᠨ᠎ᠠ᠃ ᠡᠢ᠌ᠮᠦᠷᠭᠦ ᠠᠰᠠᠭᠤᠳᠠᠯ ᠣᠷᠤᠰᠢᠵᠤ ᠪᠠᠢ᠌ᠵᠤ ᠮᠠᠳᠠᠨ᠎ᠠ᠃ ᠭᠡᠪᠠᠴᠤ ᠥᠨᠡᠭᠡᠷᠡᠨ ᠠᠭᠤᠯᠭ᠎ᠠ ᠠᠷᠪᠢᠳᠠᠭᠰᠠᠨ ᠦᠦ ᠦᠭᠡᠶ ᠦᠦ ᠭᠡᠳᠡᠭ᠌ ᠢ ᠳᠠᠪᠳᠠᠷ ᠶᠢᠡᠨ ᠪᠠᠷᠢᠵᠤ ᠪᠠᠢ᠌ᠭᠠᠤᠨ ᠥᠵᠡᠭᠦ ᠭᠡᠷᠡᠭ᠍ᠳᠡᠢ᠃ ᠲ᠋ᠡᠭᠡᠷ᠎ᠡ ᠵᠠᠭᠤᠨ ᠤ ᠨᠠᠶᠠᠭᠠᠤᠨ ᠣᠨ ᠡᠴᠡ ᠨᠠᠰᠢ᠂ ᠭᠢᠴᠢᠶᠠᠯ ᠤᠨ ᠪᠢᠴᠢᠭ᠌ ᠤᠨ ᠨᠢᠭᠤᠷ ᠤᠨ 70 ᠊᠊᠊᠊᠊᠊᠊᠊᠊᠊᠊᠊᠊᠊᠊ 160 ᠊᠊᠊᠊᠊᠊᠊᠊᠊᠊᠊᠊᠊᠊᠊ 280 ᠭᠡᠭᠦᠴᠢᠯᠡᠨ ᠨᠡᠮᠡᠭ᠍ᠳᠡᠭ᠍ᠰᠡᠨ ᠨᠢ ᠦᠨᠡᠨ᠃ ᠭᠡᠪᠠᠴᠤ ᠭᠢᠴᠢᠶᠠᠯ ᠤᠨ ᠨᠤᠮ ᠳᠤ ᠣᠷᠤᠭᠰᠠᠨ ᠵᠤᠬᠢᠶᠠᠯ ᠤᠨ ᠳᠤᠭ᠎ᠠ ᠨᠢ ᠨᠡᠮᠡᠭ᠍ᠳᠡᠭ᠍ᠰᠡᠨ ᠦᠭᠡᠶ᠂ 35 ᠊᠊᠊᠊᠊᠊᠊᠊᠊᠊᠊᠊᠊᠊᠊ 36 ᠴᠢᠭ᠌ ᠶᠢᠡᠷ ᠶᠢᠡᠨ ᠯᠠ ᠪᠠᠢ᠌ᠨ᠎ᠠ᠃ ᠶᠠᠭᠠᠭᠢᠭᠠᠤᠨ ᠪᠣᠢ︖ ᠭᠢᠴᠢᠶᠠᠯ ᠤᠨ ᠭᠠᠳᠠᠭᠤᠷ ᠮᠤᠩᠭ᠋ᠤᠯ ᠯᠠᠪᠯᠠᠬᠤ ᠮᠠᠲ᠋ᠸᠷᠢᠶᠠᠯ ᠴᠥᠭᠡᠨ᠂ ᠮᠠᠨ ᠤ ᠮᠤᠩᠭ᠋ᠤᠯᠴᠤᠳ ᠤᠨ ᠨᠤᠮ ᠡᠷᠢᠵᠤ ᠣᠩᠰᠢᠬᠤ ᠣᠬᠠᠮᠰᠠᠷ ᠳᠤᠤᠷ᠎ᠠ᠂ ᠪᠠᠭᠰᠢ ᠨᠡᠷ ᠤᠨ ᠵᠤᠷᠢᠯᠭ᠎ᠠ ᠲᠡᠶ ᠪᠠᠷ ᠭᠢᠴᠢᠶᠠᠯ ᠤᠨ ᠠᠭᠤᠯᠭ᠎ᠠ ᠪᠠᠨ ᠲᠡᠳᠬᠦᠵᠤ ᠯᠠᠪᠰᠢᠷᠠᠭᠤᠯᠬᠤ᠂ ᠳᠠᠰᠬᠠᠯ ᠳᠠᠭᠠᠭᠠᠯᠭᠠᠪᠣᠷᠢ ᠦᠭ‍ᠭᠦ ᠣᠬᠠᠮᠰᠠᠷ ᠴᠢᠳᠠᠪᠣᠷᠢ ᠳᠤᠷᠤᠢ ᠵᠡᠷᠭᠡ ᠣᠯᠠᠨ ᠰᠢᠯᠳᠠᠭᠠᠨ ᠡᠴᠡ ᠪᠣᠯᠵᠤ᠂ ᠭᠢᠴᠢᠶᠠᠯ ᠤᠨ ᠪᠢᠴᠢᠭ᠌ ᠲᠤ ᠳᠠᠰᠬᠠᠯ ᠳᠠᠭᠠᠭᠠᠯᠭᠠᠪᠣᠷᠢ ᠶᠢᠨ ᠠᠭᠤᠯᠭ᠎ᠠ᠂ ᠵᠡᠷᠭᠡᠴᠡᠭᠡ ᠪᠣᠯᠪᠠᠰᠤᠷᠠᠯ ᠵᠡᠷᠭᠡ ᠶᠢ ᠨᠡᠮᠡᠭᠦ ᠦᠭᠡᠶ ᠪᠠᠢ᠌ᠬᠤ ᠶᠢᠨ ᠠᠷᠭ᠎ᠠ ᠦᠭᠡᠶ ᠪᠣᠯᠵᠠᠢ᠃

ᠣᠳᠤ ᠶᠢᠨ ᠭᠢᠴᠢᠶᠠᠯ ᠤᠨ ᠪᠢᠴᠢᠭ᠌ ᠢ ᠵᠢᠭᠠᠬᠤ ᠰᠠᠳᠭᠢᠴᠠ ᠲᠡᠶ ᠤᠢ᠌ᠷᠠᠳᠤᠭᠤᠯᠵᠤ ᠨᠠᠢ᠌ᠷᠠᠭᠤᠯᠤᠭᠰᠠᠨ ᠪᠠᠢ᠌ᠳᠠᠭ᠃ ᠬᠡᠦᠬᠡᠳ ᠤᠨ ᠳᠠᠷᠤᠭᠠᠰᠤ ᠶᠢ ᠭᠦᠡᠳᠦᠷᠡᠭᠦᠯᠦᠭ᠍ᠰᠡᠨ ᠶᠠᠪᠣᠳᠠᠯ ᠦᠭᠡᠶ᠃

ᠮᠠᠨ ᠤ ᠣᠷᠤᠨ ᠤ ᠰᠤᠷᠭᠠᠨ ᠭᠦᠮᠦᠵᠢᠯ ᠤᠨ ᠳᠢᠩᠭᠢᠮ᠂ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ ᠣᠯᠤᠰ ᠤᠨ ᠭᠢᠴᠢᠶᠠᠯ ᠤᠨ ᠪᠢᠴᠢᠭ᠌ ᠨᠠᠢ᠌ᠷᠠᠭᠤᠯᠬᠤ ᠵᠦᠪᠯᠠᠯ ᠤᠨ ᠭᠢᠨ ᠮᠤᠩᠭ᠋ᠤᠯ ᠭᠡᠯᠡ ᠪᠢᠴᠢᠭ᠌ ᠤᠨ ᠭᠢᠴᠢᠶᠠᠯ ᠤᠨ ᠰᠢᠨ᠎ᠠ ᠭᠦᠳᠦᠯᠪᠦᠷᠢ ᠭᠠᠷᠭᠠᠭᠰᠠᠨ ᠪᠠᠢ᠌ᠭᠰᠠᠨ᠃ ᠰᠤᠷᠤᠯᠴᠠᠬᠤ᠂ ᠵᠢᠭᠠᠬᠤ ᠠᠷᠭ᠎ᠠ ᠰᠠᠳᠭᠢᠴᠠ ᠶᠢᠨ ᠳᠠᠯ᠎ᠠ ᠪᠠᠷ ᠳᠤᠩ ᠢᠳᠠᠪᠭᠢ ᠣᠷᠤᠯᠳᠤᠯᠭ᠎ᠠ ᠭᠢᠭ᠍ᠰᠡᠨ ᠪᠠᠢ᠌ᠨ᠎ᠠ᠃ ᠰᠤᠷᠤᠭᠴᠢ ᠶᠢ ᠰᠤᠷᠤᠯᠴᠠᠭᠤᠯᠬᠤ᠂ ᠪᠠᠭᠰᠢ ᠶᠢᠨ ᠵᠢᠭᠠᠬᠤ ᠳᠤ ᠳᠦᠭᠦᠮ ᠪᠣᠯᠭᠠᠬᠤ ᠶᠢ ᠭᠢᠴᠢᠶᠡᠭ᠍ᠰᠡᠨ ᠪᠠᠢ᠌ᠨ᠎ᠠ᠃ ᠭᠡᠪᠠᠴᠤ᠂ ᠮᠤᠩᠭ᠋ᠤᠯ ᠰᠠᠳᠭᠢᠴᠠ ᠰᠡᠳᠭᠢᠭᠦᠢ ᠳᠤᠳᠠᠵᠤ ᠪᠠᠢ᠌ᠬᠤ ᠰᠢᠭ ᠳᠦᠷᠦᠭ᠍ᠳᠡᠯ ᠦᠭ‍ᠭᠦᠯ᠎ᠡ᠃ ᠮᠤᠩᠭ᠋ᠤᠯ ᠭᠡᠯᠡ ᠪᠢᠴᠢᠭ᠌ ᠤᠨ ᠭᠢᠴᠢᠶᠠᠯ ᠤᠨ ᠭᠦᠳᠦᠯᠪᠦᠷᠢ ᠶᠢ ᠮᠤᠩᠭ᠋ᠤᠯ ᠶᠢᠡᠷ ᠶᠢᠡᠨ ᠰᠠᠳᠭᠢᠵᠤ ᠪᠢᠴᠢᠭᠦ ᠨᠢ ᠵᠦᠪ ᠪᠢᠵᠠ ᠳ᠋ᠠ᠃ ᠨᠢᠭᠡ ᠵᠢᠱᠢᠶ᠎ᠠ ᠶᠠᠷᠢᠪᠠᠯ᠂ ᠳᠡᠭᠡᠷ᠎ᠡ ᠵᠠᠭᠤᠨ ᠤ ᠳᠠᠯᠠ᠂ ᠨᠠᠶᠠᠭᠠᠤᠨ ᠣᠨ ᠳᠤ᠂ ᠮᠤᠩᠭ᠋ᠤᠯ ᠣᠯᠤᠰ ᠤᠨ ᠭᠡᠯᠡ ᠪᠢᠴᠢᠭ᠌ ᠊᠊᠊᠊᠊᠊᠊᠊᠊᠊᠊᠊᠊᠊᠊ ᠭᠡᠯᠡᠨ ᠵᠦᠢ᠌᠂ ᠭᠢᠴᠢᠶᠠᠯ ᠤᠨ ᠳᠤᠭᠢᠷᠠᠭᠤᠯᠭ᠎ᠠ ᠭᠡᠳ ᠠᠯᠢ ᠴᠤ ᠳᠠᠯ᠎ᠠ ᠪᠠᠷ ᠶᠡᠭᠡ ᠭᠦᠭ᠍ᠵᠢᠶᠡᠨ ᠲᠡᠶ ᠦᠶ᠎ᠡ ᠳᠤ ᠣᠷᠤᠭᠠᠤᠨ ᠪᠠᠢ᠌ᠭᠰᠠᠨ᠂ ᠭᠡᠪᠠᠴᠤ 1990 ᠣᠨ ᠡᠴᠡ ᠬᠣᠢ᠌ᠰᠢ᠂ ᠣᠠᠴᠠᠭᠠᠢ᠌ᠯᠠᠨ ᠰᠢᠨ᠎ᠠ ᠵᠠᠭᠤᠨ ᠳᠤ ᠣᠷᠤᠭᠰᠠᠨ ᠡᠴᠡ ᠨᠠᠰᠢ᠂ ᠪᠠᠭᠤᠷᠠᠯᠳᠠ ᠳᠤ ᠣᠷᠤᠭᠰᠠᠨ ᠭᠡᠵᠤ ᠳᠤᠭᠤᠯᠳᠠᠵᠤ ᠪᠠᠢ᠌ᠨ᠎ᠠ᠃ ᠣᠴᠢᠷ ᠢ ᠨᠢ ᠯᠠᠪᠯᠠᠪᠠᠯ᠂ ᠦᠪᠡᠷ ᠤᠨ ᠭᠡᠯᠡ ᠪᠢᠴᠢᠭ᠌ ᠶᠢᠡᠨ ᠵᠢᠭᠠᠵᠤ ᠣᠯᠠᠮᠵᠢᠯᠠᠬᠤ ᠠᠵᠢᠯ ᠳᠡᠭᠡᠷ᠎ᠡ ᠵᠦᠪᠯᠠᠯᠳᠤ (ᠣᠷᠤᠰ) ᠶᠢᠨ ᠰᠠᠳᠭᠢᠴᠠ ᠪᠠᠷ ᠠᠵᠢᠯᠯᠠᠭᠰᠠᠨ ᠪᠠᠢ᠌ᠨ᠎ᠠ᠃ ᠭᠠᠭᠴᠠ 《ᠡᠨ》 ᠭᠡᠵᠤ ᠠᠪᠢᠶᠠᠯᠠᠬᠤ ᠳᠤ ᠮᠤᠩᠭ᠋ᠤᠯ ᠭᠦᠮᠤᠨ ᠤ ᠠᠮᠠᠨ ᠡᠴᠡ ᠭᠠᠷᠤᠭᠰᠠᠨ ᠠᠪᠢᠶ᠎ᠠ᠂ ᠣᠷᠤᠰ ᠭᠦᠮᠤᠨ᠂ ᠭᠢᠳᠡᠳ ᠭᠦᠮᠤᠨ ᠤ ᠠᠮᠠᠨ ᠡᠴᠡ ᠭᠠᠷᠤᠭᠰᠠᠨ ᠠᠪᠢᠶ᠎ᠠ ᠡᠴᠡ ᠢᠯᠭᠠᠭ᠎ᠠ ᠲᠡᠶ ᠰᠢᠤ ᠳ᠋ᠠ᠃


ᠥᠰᠦᠭ᠌ ᠨᠢᠳᠦᠯᠡᠭᠦ ᠪᠣᠯ ᠨᠠᠰᠤᠨ ᠳᠤᠷᠰᠢ ᠶᠢᠨ ᠰᠤᠷᠤᠯᠴᠠᠯᠭ᠎ᠠ ᠁ ᠴᠠᠭᠠᠨ ᠳᠤᠯᠤᠭᠠᠢ ᠪᠠᠨ ᠯᠠ ᠰᠠᠢ᠌ᠨ ᠰᠤᠷᠴᠢᠬᠠᠪᠠᠯ᠂ ᠥᠰᠦᠭ᠌ ᠨᠢᠳᠤᠯᠠᠵᠤ ᠪᠢᠴᠢᠵᠤ ᠴᠢᠳᠠᠨ᠎ᠠ ᠭᠡᠵᠤ ᠥᠵᠡᠳᠡᠭ᠌ ᠨᠢ ᠪᠣᠷᠤᠭᠤ


ᠰᠤᠷᠪᠣᠯᠵᠢᠯᠠᠭᠴᠢ᠄ ᠪᠠᠭ᠎ᠠ ᠰᠤᠷᠭᠠᠭᠤᠯᠢ ᠳᠤ᠂ ᠬᠡᠦᠬᠡᠳ ᠤᠨ ᠭᠡᠯᠡ ᠪᠢᠴᠢᠭ᠌ ᠤᠨ ᠲᠦᠪᠰᠢᠨ ᠶᠠᠮᠠᠷ ᠭᠡᠮᠵᠢᠶᠡᠨ ᠳᠤ ᠭᠦᠷᠭᠦ ᠶᠢ ᠱᠠᠭᠠᠷᠳᠠᠳᠠᠭ ᠪᠣᠢ︖

ᠭᠦᠷᠵᠡᠪ᠄ ᠵᠦᠪ ᠨᠢᠳᠤᠯᠠᠨ᠎ᠠ᠂ ᠵᠦᠪ ᠠᠪᠢᠶᠠᠯᠠᠨ᠎ᠠ᠂ ᠵᠦᠪ ᠪᠢᠴᠢᠨ᠎ᠠ᠂ ᠵᠦᠪ ᠭᠡᠷᠡᠭᠯᠡᠨ᠎ᠡ᠃

ᠥᠰᠦᠭ᠌ ᠨᠢᠳᠦᠯᠡᠭᠦ ᠪᠣᠯ ᠨᠠᠰᠤᠨ ᠳᠤᠷᠰᠢ ᠶᠢᠨ ᠰᠤᠷᠤᠯᠴᠠᠯᠭ᠎ᠠ ᠶᠤᠮ᠃ ᠳᠠ ᠪᠢᠳᠠᠨ ᠳᠤ ᠴᠤ ᠳᠠᠨᠢᠬᠤ ᠦᠭᠡᠶ ᠥᠰᠦᠭ᠌ ᠳᠠᠭᠠᠷᠠᠳᠠᠭ ᠊᠊᠊᠊᠊᠊᠊᠊᠊᠊᠊᠊᠊᠊᠊ ᠶᠠᠭᠠᠭᠢᠵᠤ ᠪᠢᠴᠢᠵᠤ ᠪᠠᠢ᠌ᠬᠤ ᠶᠢ ᠨᠢ ᠬᠠᠷᠠᠭᠠᠤᠨ ᠮᠠᠳᠠᠵᠤ ᠪᠠᠢ᠌ᠭ᠎ᠠ ᠪᠣᠯᠪᠠᠴᠤ ᠶᠠᠭᠤ ᠭᠡᠵᠤ ᠳᠠᠭᠤᠳᠠᠬᠤ ᠶᠢ ᠨᠢ ᠮᠡᠳᠡᠭᠦ ᠦᠭᠡᠶ ᠥᠰᠦᠭ᠌ ᠣᠯᠠᠨ ᠪᠠᠢ᠌ᠨ᠎ᠠ (ᠮᠠᠨ ᠤ ᠥᠭᠡᠰ ᠤᠨ ᠰᠠᠩ ᠢᠪᠴᠤᠷᠠᠵᠤ ᠯᠠ ᠪᠠᠢ᠌ᠨ᠎ᠠ)᠃ ᠣᠯᠠᠩᠭᠢ ᠭᠡᠷ ᠤᠨ ᠠᠬᠠᠮᠠᠤᠨ᠂ ᠴᠠᠭᠠᠨ ᠳᠤᠯᠤᠭᠠᠢ ᠪᠠᠨ ᠯᠠ ᠰᠠᠢ᠌ᠨ ᠰᠤᠷᠴᠢᠬᠠᠪᠠᠯ᠂ ᠥᠰᠦᠭ᠌ ᠨᠢᠳᠤᠯᠠᠵᠤ ᠪᠢᠴᠢᠵᠤ ᠴᠢᠳᠠᠨ᠎ᠠ ᠭᠡᠵᠤ ᠥᠵᠡᠳᠡᠭ᠌ ᠨᠢ ᠪᠣᠷᠤᠭᠤ᠃

ᠭᠡᠷᠡᠭᠯᠡᠵᠤ ᠴᠢᠳᠠᠨ᠎ᠠ ᠭᠡᠵᠤ ᠶᠠᠷᠢᠪᠠᠯ᠂ ᠭᠡᠯᠡ ᠪᠠᠷ ᠳᠠᠮᠵᠢᠵᠤ ᠮᠡᠳᠡᠯᠭᠡ ᠪᠠᠨ ᠳᠡᠭᠡᠭ᠍ᠰᠢᠯᠡᠭᠦᠯᠦᠨ᠎ᠡ᠂ ᠵᠤᠬᠢᠶᠠᠨ ᠪᠢᠴᠢᠯᠭᠡ ᠶᠢᠨ ᠮᠡᠳᠡᠯᠭᠡ ᠪᠠᠨ ᠳᠡᠭᠡᠭ᠍ᠰᠢᠯᠡᠭᠦᠯᠦᠨ᠎ᠡ᠃ ᠣᠳᠤᠬᠠᠨ ᠤ ᠮᠠᠨ ᠤ ᠭᠡᠯᠡ ᠪᠢᠴᠢᠭ᠌ ᠰᠤᠷᠴᠤ ᠭᠡᠷᠡᠭᠯᠡᠭ᠍ᠰᠡᠨ ᠪᠠᠢ᠌ᠳᠠᠯ ᠢ ᠰᠢᠯᠭᠠᠷᠠᠭᠤᠯᠬᠤ ᠠᠷᠭ᠎ᠠ ᠭᠢᠳᠠᠯ ᠪᠣᠯ ᠨᠢᠭᠡ ᠨᠢ ᠰᠢᠯᠦᠭ᠌ ᠤᠨ ᠣᠷᠠᠨ ᠣᠩᠰᠢᠯᠭ᠎ᠠ ᠶᠢᠨ ᠣᠷᠤᠯᠳᠤᠭᠠᠨ ᠭᠢᠨ᠎ᠠ᠂ ᠳᠠᠭᠢᠪᠠᠯ ᠵᠤᠬᠢᠶᠠᠨ ᠪᠢᠴᠢᠯᠭᠡ ᠶᠢᠨ ᠣᠷᠤᠯᠳᠤᠭᠠᠨ ᠭᠢᠨ᠎ᠠ᠃ ᠡᠨᠠ ᠳᠤᠮᠳᠠ ᠰᠤᠷᠤᠯᠴᠠᠬᠤ ᠶᠠᠪᠣᠴᠠ ᠬᠠᠶᠠᠭᠳᠠᠵᠤ ᠪᠠᠢ᠌ᠨ᠎ᠠ᠃ ᠡᠨᠠ ᠪᠣᠯ ᠮᠠᠨ ᠤ ᠣᠯᠤᠰ ᠤᠨ ᠶᠠᠪᠣᠴᠠ ᠶᠢ ᠭᠦᠩᠭᠡᠪᠴᠢᠯᠡᠵᠤ᠂ ᠦᠷ᠎ᠡ ᠳ᠋ᠦ᠋ᠩ ᠢ ᠭᠦᠭᠡᠭᠡᠴᠡᠯᠳᠦᠳᠡᠭ᠌ ᠰᠤᠷᠭᠠᠨ ᠭᠦᠮᠦᠵᠢᠯ ᠤᠨ ᠰᠠᠳᠭᠢᠴᠠ ᠶᠢᠨ ᠨᠥᠯᠦᠭᠡ ᠪᠣᠯᠤᠨ᠎ᠠ᠃ ᠬᠡᠦᠬᠡᠳ ᠤᠨ ᠭᠡᠯᠡ ᠪᠢᠴᠢᠭ᠌ ᠤᠨ ᠪᠣᠯᠪᠠᠰᠤᠷᠠᠯ ᠢ ᠳᠡᠭᠡᠭ᠍ᠰᠢᠯᠡᠭᠦᠯᠭᠦ ᠳᠤ᠂ ᠠᠷᠭ᠎ᠠ ᠰᠠᠳᠭᠢᠴᠠ ᠳᠤᠳᠠᠭᠳᠠᠵᠤ ᠪᠠᠢ᠌ᠬᠤ ᠶᠢᠨ ᠢᠯᠠᠷᠠᠯ᠃ ᠪᠠᠭ᠎ᠠ ᠰᠤᠷᠭᠠᠭᠤᠯᠢ ᠶᠢᠨ ᠬᠡᠦᠬᠡᠳ ᠲᠤ ᠵᠤᠭᠢᠷᠠᠭᠰᠠᠨ ᠠᠯᠢ ᠣᠯᠠᠨ ᠵᠤᠬᠢᠶᠠᠨ ᠪᠢᠴᠢᠯᠭᠡ ᠶᠢᠨ ᠭᠡᠯᠪᠠᠷᠢ ᠪᠠᠢ᠌ᠨ᠎ᠠ᠄

《ᠴᠢᠯᠦᠭᠡ ᠭᠤᠶᠤᠬᠤ ᠬᠠᠭᠤᠳᠠᠰᠤ》᠂ 《ᠭᠡᠯᠡ ᠦᠭ‍ᠭᠦ ᠬᠠᠭᠤᠳᠠᠰᠤ》 ᠁ ᠰᠠᠨᠠᠯ ᠪᠣᠳᠤᠯ ᠶᠢᠡᠨ ᠳᠤᠰᠬᠠᠨ᠎ᠠ᠃

《ᠳᠦᠷᠦᠭ᠍ᠳᠡᠯ》 ᠊᠊᠊᠊᠊᠊᠊᠊᠊᠊᠊᠊᠊᠊᠊ ᠥᠵᠡᠭ᠍ᠰᠡᠨ ᠬᠠᠷᠠᠭᠰᠠᠨ ᠶᠠᠭᠤᠮᠠᠨ ᠳᠡᠭᠡᠨ ᠰᠠᠨᠠᠭ᠎ᠠ ᠳᠠᠯᠪᠢᠳᠠᠭ ᠪᠣᠯᠤᠨ᠎ᠠ᠃ ᠨᠠᠰᠤᠨ ᠤ ᠣᠠᠴᠠᠯᠢᠭ ᠶᠢᠡᠷ ᠱᠠᠭᠠᠷᠳᠠᠨ᠎ᠠ᠃ ᠪᠡᠯᠡᠳᠭᠡᠯ ᠠᠩᠭᠢ ᠶᠢᠨ ᠬᠡᠦᠬᠡᠳ ᠲᠤ 《ᠭᠠᠬᠠᠢ ᠪᠠᠭᠰᠢ ᠶᠢᠨ ᠥᠯᠢᠭᠡᠷ》 ᠊᠊᠊᠊᠊᠊᠊᠊᠊᠊᠊᠊᠊᠊᠊ ᠨᠤᠮ ᠥᠵᠡᠭ᠍ᠰᠡᠨ ᠴᠤ ᠪᠣᠯᠤᠭ᠂ ᠳᠸᠯᠸᠢᠰ ᠱᠠᠭᠠᠢ᠌ᠭᠰᠠᠨ ᠴᠤ ᠪᠣᠯᠤᠭ᠂ 《ᠶᠠᠮᠠᠷ ᠪᠠᠢ᠌ᠨ᠎ᠠ ᠦᠦ︖》 ᠭᠡᠭᠦ ᠳᠤ᠂ 《ᠰᠠᠢ᠌ᠬᠠᠨ》 ᠪᠣᠶᠤ 《ᠪᠢ ᠥᠵᠡᠭᠦ ᠳᠤᠷ᠎ᠠ ᠦᠭᠡᠶ》 ᠭᠡᠵᠤ ᠪᠠᠢ᠌ᠪᠠᠯ ᠳᠠᠷᠤᠢ ᠳᠡᠭᠦᠨ ᠤ ᠳᠦᠷᠦᠭ᠍ᠳᠡᠯ ᠪᠣᠯᠤᠨ᠎ᠠ᠃

《ᠭᠤᠶᠤ ᠥᠭᠡ ᠶᠠᠷᠢᠨ᠎ᠠ》᠂ ᠶᠠᠮᠠᠷ ᠨᠢᠭᠡ ᠰᠠᠳᠤᠪ ᠶᠢᠡᠷ 《ᠶᠠᠷᠢᠶ᠎ᠠ ᠳᠠᠯᠪᠢᠨ᠎ᠠ》 ᠊᠊᠊᠊᠊᠊᠊᠊᠊᠊᠊᠊᠊᠊᠊ ᠳᠤᠬᠠᠢ ᠶᠢᠨ ᠱᠠᠭᠠᠷᠳᠠᠯᠭ᠎ᠠ ᠳᠤ ᠵᠤᠭᠢᠴᠠᠭᠤᠯᠤᠨ ᠮᠠᠲ᠋ᠸᠷᠢᠶᠠᠯ ᠰᠠᠯᠳᠠ ᠬᠠᠢ᠌ᠨ᠎ᠠ᠂ ᠳᠠᠷᠤᠢ ᠨᠤᠮ ᠵᠤᠬᠢᠶᠠᠯ ᠣᠩᠰᠢᠨ᠎ᠠ᠃ ᠶᠠᠭᠤᠮ᠎ᠠ ᠶᠢ ᠰᠠᠳᠭᠢᠨ᠎ᠠ᠃ ᠶᠠᠷᠢᠵᠤ ᠢᠯᠡᠳᠭᠡᠨ᠎ᠡ᠃ ᠁ ᠡᠢ᠌ᠮᠤ ᠬᠠᠮᠤᠭ ᠤᠨ ᠳᠦᠭᠦᠮ ᠵᠣᠢ᠌ᠯ ᠡᠴᠡ ᠭᠠᠷᠳᠠᠬᠤ ᠭᠡᠷᠡᠭ᠌ ᠲᠡᠶ᠂ ᠬᠡᠦᠬᠡᠳ ᠤᠨ ᠦᠰᠦᠨ ᠪᠣᠢ᠌ᠵᠢᠯᠳᠠ ᠳᠤ ᠳᠤᠰᠠ ᠲᠡᠶ᠃ ᠮᠠᠨ ᠤ ᠵᠢᠭᠠᠨ ᠰᠤᠷᠭᠠᠯᠳᠠ ᠶᠢᠨ ᠶᠠᠪᠣᠴᠠ ᠳᠤ ᠶᠠᠭ ᠡᠢ᠌ᠮᠤ ᠶᠠᠭᠤᠮ᠎ᠠ ᠳᠤᠳᠠᠭᠳᠠᠵᠤ ᠪᠠᠢ᠌ᠨ᠎ᠠ᠃

ᠰᠤᠷᠪᠣᠯᠵᠢᠯᠠᠭᠴᠢ᠄ ᠭᠢᠴᠢᠶᠠᠯ ᠤᠨ ᠪᠢᠴᠢᠭ᠌ ᠲᠤ ᠣᠷᠤᠭᠰᠠᠨ ᠦᠪᠣᠷ ᠮᠤᠩᠭ᠋ᠤᠯ᠂ ᠭᠢᠳᠠᠤᠨ᠂ ᠬᠠᠯᠬ᠎ᠠ ᠵᠤᠬᠢᠶᠠᠯ ᠤᠨ ᠬᠤᠪᠢ ᠳᠤ ᠶᠠᠷᠢᠪᠠᠯ︖

ᠭᠦᠷᠵᠡᠪ᠄ ᠭᠢᠴᠢᠶᠠᠯ ᠤᠨ ᠪᠢᠴᠢᠭ᠌ ᠲᠤ 15 ᠊᠊᠊᠊᠊᠊᠊᠊᠊᠊᠊᠊᠊᠊᠊ 13 ᠶᠢᠨ ᠭᠢᠳᠠᠤᠨ ᠭᠡᠯᠡᠨ ᠡᠴᠡ ᠣᠷᠴᠢᠭᠤᠯᠤᠭᠰᠠᠨ ᠵᠤᠬᠢᠶᠠᠯ ᠣᠷᠤᠬᠤ ᠱᠠᠭᠠᠷᠳᠠᠯᠭ᠎ᠠ ᠲᠡᠶ᠂ ᠣᠳᠤ ᠶᠢᠨ ᠭᠢᠴᠢᠶᠠᠯ ᠤᠨ ᠪᠢᠴᠢᠭ᠌ ᠳᠡᠭ᠍ᠰᠢᠦᠡᠭᠡᠭᠡᠳ ᠪᠠᠷᠤᠭ 13 ᠶᠢᠨ ᠭᠢᠳᠠᠤᠨ ᠵᠤᠬᠢᠶᠠᠯ ᠣᠷᠤᠵᠤ ᠪᠠᠢ᠌ᠨ᠎ᠠ᠃ ᠦᠪᠣᠷ ᠮᠤᠩᠭ᠋ᠤᠯ ᠤᠨ ᠵᠤᠬᠢᠶᠠᠯ ᠭᠤᠤᠯ ᠪᠠᠢ᠌ᠷᠢ ᠶᠢ ᠡᠵᠡᠯᠡᠨ᠎ᠡ᠂ ᠬᠠᠯᠬ᠎ᠠ ᠵᠤᠬᠢᠶᠠᠯ ᠪᠠᠰᠠ ᠪᠣᠢ᠃ ᠮᠠᠨᠠᠢ᠌ᠭᠢᠨ ᠤ ᠵᠠᠷᠢᠮ ᠭᠦᠮᠦᠰ ᠪᠠᠰᠠ ᠨᠢᠭᠡ ᠦᠶ᠎ᠡ ᠬᠠᠯᠬ᠎ᠠ ᠵᠤᠬᠢᠶᠠᠯ ᠶᠢᠡᠷ ᠭᠤᠤᠯ ᠪᠣᠯᠭᠠᠨ᠎ᠠ ᠭᠡᠵᠤ ᠥᠢᠮᠡᠯᠳᠦᠭ᠍ᠰᠡᠨ᠂ ᠪᠢ ᠡᠭᠦᠨ ᠢ ᠡᠷᠡᠰ ᠡᠰᠡᠷᠭᠦᠴᠡᠨ᠎ᠡ᠃ ᠬᠠᠯᠬ᠎ᠠ ᠪᠣᠯᠤᠨ ᠦᠪᠣᠷ ᠮᠤᠩᠭ᠋ᠤᠯ ᠳᠤ ᠭᠡᠯᠡᠯᠭᠡ ᠶᠢᠨ ᠵᠦᠷᠢᠶ᠎ᠠ ᠲᠡᠶ᠂ ᠨᠠᠢ᠌ᠷᠠᠭᠤᠯᠭ᠎ᠠ ᠶᠢᠨ ᠵᠦᠷᠢᠶ᠎ᠠ ᠪᠠᠰᠠ ᠪᠠᠢ᠌ᠨ᠎ᠠ᠂ ᠭᠡᠯᠡ ᠨᠠᠢ᠌ᠷᠠᠭᠤᠯᠭ᠎ᠠ ᠶᠢᠨ ᠬᠤᠪᠢᠷᠠᠯᠳᠠ ᠡᠴᠡ ᠬᠡᠦᠬᠡᠳ ᠤᠨ ᠭᠡᠯᠡ ᠰᠤᠷᠬᠤ ᠶᠢ ᠨᠥᠯᠦᠭᠡᠯᠡᠵᠤ᠂ ᠣᠷᠮ᠎ᠠ ᠶᠢ ᠨᠢ ᠬᠤᠭᠤᠯᠵᠤ ᠮᠠᠳᠠᠨ᠎ᠠ᠃ ᠮᠠᠨ ᠤ ᠨᠤᠮ ᠳᠤ 《ᠢᠮᠠᠭᠠᠬᠠᠢ》 ᠭᠡᠳᠡᠭ᠌ ᠵᠤᠬᠢᠶᠠᠯ ᠪᠠᠢ᠌ᠳᠠᠭ᠂ 《ᠢᠮᠠᠭᠠᠬᠠᠢ》 ᠭᠡᠳᠡᠭ᠌ ᠥᠭᠡ ᠶᠢ ᠪᠠᠭᠰᠢ ᠨᠢ ᠮᠡᠳᠡᠭᠦ ᠦᠭᠡᠶ ᠶᠤᠮ ᠴᠢᠨᠢ ᠬᠡᠦᠬᠡᠳ ᠲᠡᠭᠡᠨ ᠶᠠᠭᠠᠭᠢᠵᠤ ᠵᠢᠭᠠᠳᠠᠭ ᠪᠢᠯᠠ ᠡ ⁈ ᠪᠠᠭ᠎ᠠ ᠰᠤᠷᠭᠠᠭᠤᠯᠢ ᠶᠢᠨ ᠪᠠᠭᠰᠢ ᠪᠠᠢ᠌ᠳᠤᠭᠠᠢ᠂ ᠭᠡᠯᠡᠨ ᠤ ᠡᠷᠳᠡᠮᠳᠡᠨ ᠭᠦᠷᠳᠡᠯ᠎ᠡ 《ᠢᠮᠠᠭᠠᠬᠠᠢ》 ᠭᠡᠳᠡᠭ᠌ ᠢ 《ᠢᠮᠠᠭᠠᠨ ᠠᠷᠠᠰᠤ ᠪᠠᠷ ᠪᠦᠷᠢᠭ᠍ᠰᠡᠨ ᠠᠷᠤᠭ》 ᠭᠡᠰᠡᠨ ᠮᠠ‍‌ᠶ‍ᠢᠭ ᠲᠡᠶ ᠢᠨᠢᠶᠠᠳᠤ ᠭᠦᠷᠦᠮᠡᠷ ᠳᠠᠢ᠌ᠯᠪᠣᠷᠢᠯᠠᠵᠤ ᠪᠠᠢ᠌ᠨ᠎ᠠ᠃ ᠢᠩᠭᠢᠵᠤ ᠣᠢ᠌ᠯᠠ ᠪᠠᠨ ᠪᠠᠷᠠᠬᠤ ᠶᠠᠪᠣᠳᠠᠯ ᠦᠭᠡᠶ᠂ ᠮᠠᠨ ᠤ ᠦᠪᠣᠷ ᠮᠤᠩᠭ᠋ᠤᠯ ᠤᠨ ᠰᠠᠢ᠌ᠬᠠᠨ ᠵᠤᠬᠢᠶᠠᠯ ᠮᠠᠨ ᠳᠠᠭᠠᠨ ᠭᠦᠷᠦᠨ᠎ᠡ᠃

ᠰᠤᠷᠪᠣᠯᠵᠢᠯᠠᠭᠴᠢ᠄ ᠮᠠᠯᠵᠢᠬᠤ ᠣᠷᠤᠨ ᠤ ᠠᠮᠢᠳᠤᠷᠠᠯ ᠤᠨ ᠠᠭᠤᠯᠭ᠎ᠠ ᠲᠡᠶ ᠭᠢᠴᠢᠶᠠᠯ ᠣᠷᠤᠬᠤ ᠪᠠᠷ ᠮᠠᠨ ᠤ ᠬᠡᠦᠬᠡᠳ ᠣᠢ᠌ᠯᠠᠭᠠᠬᠤ ᠦᠭᠡᠶ ᠪᠠᠢ᠌ᠨ᠎ᠠ ᠭᠡᠵᠤ ᠭᠡᠷ ᠤᠨ ᠠᠬᠠᠮᠠᠤᠨ ᠶᠠᠷᠢᠵᠤ ᠪᠠᠢ᠌ᠬᠤ ᠶᠢ ᠣᠯᠠᠨ ᠰᠤᠨᠤᠰᠤᠯ᠎ᠠ᠃ ᠡᠨᠠ ᠳᠤᠬᠠᠢ ᠶᠠᠷᠢᠪᠠᠯ︖

ᠭᠦᠷᠵᠡᠪ᠄ ᠡᠢ᠌ᠮᠤ ᠠᠰᠠᠭᠤᠳᠠᠯ ᠣᠷᠤᠰᠢᠵᠤ ᠪᠠᠢ᠌ᠨ᠎ᠠ᠃ ᠮᠠᠨ ᠤ ᠣᠷᠤᠨ ᠦᠷᠭᠡᠨ ᠠᠭᠤᠳᠠᠮ᠂ ᠮᠠᠯᠵᠢᠬᠤ ᠳᠠᠷᠢᠶᠠᠯᠠᠬᠤ᠂ ᠳᠠᠯ᠎ᠠ ᠭᠡᠭᠡᠷ᠎ᠡ᠂ ᠡᠯᠡᠰᠤ ᠮᠠᠩᠬ᠎ᠠ᠂ ᠣᠢ ᠰᠢᠭᠤᠢ ᠭᠡᠳ ᠨᠤᠳᠤᠭ ᠣᠰᠤ ᠪᠠᠨ ᠳᠠᠭᠠᠭᠠᠤᠨ᠂ ᠠᠷᠠᠤᠨ ᠲᠦᠮᠡᠨ ᠮᠢᠨᠢ ᠦᠪᠡᠷ ᠦᠪᠡᠷ ᠤᠨ ᠣᠢ᠌ᠯᠠᠳᠪᠣᠷᠢᠯᠠᠯ ᠤᠨ ᠭᠡᠯᠪᠠᠷᠢ ᠳᠡᠭᠡᠨ ᠳᠤᠯᠳᠣᠢ᠌ᠳᠤᠭᠰᠠᠨ ᠵᠠᠩ ᠳᠠᠳᠬᠠᠯ ᠭᠡᠯᠡ ᠶᠠᠷᠢᠶ᠎ᠠ ᠲᠡᠶ ᠪᠠᠢ᠌ᠳᠠᠭ᠃ ᠳᠠᠢ᠌ᠮᠤ ᠡᠴᠡ ᠵᠤᠬᠢᠶᠠᠯ ᠤᠨ ᠠᠭᠤᠯᠭ᠎ᠠ ᠶᠢᠨ ᠬᠤᠪᠢ ᠳᠤ ᠭᠠᠵᠠᠷ ᠭᠠᠵᠠᠷ ᠤᠨ ᠣᠠᠴᠠᠯᠢᠭ ᠢ ᠬᠠᠷᠠᠵᠤ ᠵᠤᠭᠢᠬᠤ ᠬᠠᠷᠠᠭᠠᠯᠵᠠᠯ ᠥᠵᠡᠭᠦᠯᠪᠠᠯ ᠵᠤᠭᠢᠬᠤ ᠪᠣᠯᠪᠠᠤ ᠭᠡᠵᠤ ᠪᠣᠳᠤᠵᠤ ᠪᠠᠢ᠌ᠨ᠎ᠠ᠃ ᠶᠠᠷᠢᠶᠠᠨ ᠦᠭᠡᠶ ᠣᠳᠤ ᠪᠠᠰᠠ ᠬᠤᠳᠠ ᠭᠡᠵᠤ ᠭᠠᠷᠤᠭᠠᠤᠨ ᠢᠷᠡᠭ᠍ᠰᠡᠨ᠃

(ᠭᠦᠷᠵᠡᠪ ᠪᠠᠭᠰᠢ ᠶᠢᠨ ᠰᠠᠨᠠᠭ᠎ᠠ ᠶᠢ ᠣᠢ᠌ᠯᠠᠭᠠᠵᠤ ᠪᠣᠯᠤᠨ᠎ᠠ᠃ ᠭᠠᠵᠠᠷ ᠭᠠᠵᠠᠷ ᠡᠴᠡ ᠭᠠᠷᠤᠭᠰᠠᠨ ᠵᠤᠬᠢᠶᠠᠯᠴᠢ ᠪᠠᠢ᠌ᠳᠠᠭ ᠯᠠ ᠶᠤᠮ ᠬᠣᠢ᠌ᠨ᠎ᠠ᠃ ᠭᠡᠪᠠᠴᠤ ᠭᠡᠯᠡ ᠪᠠᠨ ᠳᠦᠷᠢᠮᠵᠢᠭᠦᠯᠭᠦ ᠱᠠᠭᠠᠷᠳᠠᠯᠭ᠎ᠠ ᠮᠠᠨ ᠳᠤ ᠳᠤᠯᠭᠠᠷᠠᠵᠤ ᠪᠠᠢ᠌ᠨ᠎ᠠ᠃ ᠦᠪᠣᠷ ᠮᠤᠩᠭ᠋ᠤᠯ ᠤᠨ ᠪᠠᠷᠢᠮᠵᠢᠶ᠎ᠠ ᠠᠪᠢᠶ᠎ᠠ ᠭᠡᠵᠤ ᠬᠠᠤᠯᠢ ᠪᠠᠷ ᠳᠤᠭᠳᠠᠭᠠᠭᠰᠠᠨ᠂ ᠦᠪᠣᠷ ᠮᠤᠩᠭ᠋ᠤᠯᠴᠤᠳ ᠡᠨᠡᠭᠦ ᠪᠠᠷᠢᠮᠵᠢᠶ᠎ᠠ ᠠᠪᠢᠶᠠᠨ ᠤ ᠱᠠᠭᠠᠷᠳᠠᠯᠭ᠎ᠠ ᠶᠢᠨ ᠳᠤᠭᠤᠷᠢᠨ ᠳᠤ ᠣᠤᠠᠬ᠎ᠠ ᠵᠤᠬᠢᠶᠠᠯ ᠤᠨ ᠭᠡᠯᠡ ᠪᠠᠨ ᠨᠢᠭᠡᠳᠭᠡᠭᠦ ᠶᠤᠰᠤᠳᠠᠢ᠃ ᠭᠠᠵᠠᠷ ᠭᠠᠵᠠᠷ ᠤᠨ ᠶᠠᠷᠢᠶᠠᠨ ᠤ ᠭᠡᠯᠡ ᠪᠠᠷ ᠶᠢᠡᠨ ᠠᠢ᠌ᠯᠠᠳᠤᠭᠠᠤᠨ ᠪᠠᠢ᠌ᠬᠤ ᠶᠤᠮ ᠪᠣᠯ ᠭᠡᠯᠡ ᠦᠭᠡᠶ ᠪᠣᠯᠵᠤ ᠮᠠᠳᠠᠨ᠎ᠠ᠃ ᠥᠭᠡ ᠭᠡᠯᠡ ᠥᠰᠦᠭ᠌ ᠪᠢᠴᠢᠭ᠌ ᠶᠢᠡᠨ ᠨᠢᠭᠡᠳᠭᠡᠵᠤ ᠪᠠᠢ᠌ᠵᠤ ᠨᠢᠭᠡᠳᠦᠭ᠍ᠰᠡᠨ ᠦᠨᠳᠦᠰᠦᠳᠠᠨ ᠪᠦᠳᠦᠳᠡᠭ᠌ ᠢ ᠭᠡᠨ ᠠᠠᠳᠠᠬᠤ ᠪᠣᠢ᠃ ᠮᠤᠩᠭ᠋ᠤᠯ ᠣᠯᠤᠰ ᠤᠨ ᠭᠢᠨ ᠺᠢᠷᠢᠯ ᠥᠰᠦᠭ᠌ ᠭᠡᠷᠡᠭᠯᠡᠵᠤ ᠪᠢᠴᠢᠭ᠌ ᠳᠠᠭᠤᠳᠠᠯᠭ᠎ᠠ ᠪᠠᠨ ᠨᠢᠭᠡᠦᠭᠡᠭ᠍ᠰᠡᠨ ᠶᠢᠡᠷ ᠪᠦᠭᠦ ᠠᠷᠠᠤᠨ ᠶᠢᠡᠷ ᠶᠢᠡᠨ ᠳᠠᠭᠤ ᠨᠢᠭᠡᠳᠡᠢ ᠪᠣᠯᠤᠭᠰᠠᠨ ᠪᠠᠢ᠌ᠨ᠎ᠠ᠃

ᠮᠤᠩᠭ᠋ᠤᠯ ᠭᠡᠯᠡ ᠰᠤᠶᠤᠯ ᠨᠡᠭᠦᠳᠡᠯ ᠤᠨ ᠮᠠᠯ ᠠᠵᠤ ᠠᠬᠤᠢ ᠶᠢᠨ ᠰᠠᠭᠤᠷᠢ ᠳᠡᠭᠡᠷ᠎ᠡ ᠪᠦᠷᠢᠯᠳᠦᠵᠤ ᠭᠦᠭ᠍ᠵᠢᠭ᠍ᠰᠡᠨ᠂ ᠥᠭᠡᠰ ᠤᠨ ᠰᠠᠩ ᠨᠢ ᠮᠠᠯᠵᠢᠬᠤ ᠶᠢᠨ ᠠᠭᠤᠯᠭ᠎ᠠ ᠪᠠᠷ ᠶᠢᠡᠨ ᠪᠠᠶᠠᠯᠢᠭ ᠪᠠᠢ᠌ᠳᠠᠭ᠃ ᠪᠢᠳᠠ ᠠᠭᠤᠯᠠ ᠳᠠᠯ᠎ᠠ᠂ ᠡᠯᠡᠰᠤ ᠮᠠᠩᠬ᠎ᠠ ᠭᠡᠵᠤ ᠪᠠᠢ᠌ᠭᠠᠯᠢ ᠶᠢᠨ ᠭᠠᠵᠠᠷ ᠵᠦᠢ᠌ ᠶᠢᠨ ᠬᠤᠪᠢ ᠳᠤ ᠶᠠᠷᠢᠬᠤ ᠦᠭᠡᠶ᠂ ᠰᠤᠶᠤᠯ ᠢᠷᠭᠡᠡᠰᠢᠯ ᠤᠨ ᠬᠤᠪᠢ ᠳᠤ ᠶᠠᠷᠢᠬᠤ ᠳᠤ᠂ ᠮᠤᠩᠭ᠋ᠤᠯ ᠣᠷᠤᠨ ᠳᠤ ᠮᠠᠯᠵᠢᠬᠤ᠂ ᠳᠠᠷᠢᠶᠠᠯᠠᠬᠤ᠂ ᠬᠤᠳᠠ ᠪᠠᠯᠭᠠᠰᠤ ᠶᠢᠨ ᠬᠤᠤᠰᠯᠠᠭᠰᠠᠨ ᠰᠤᠶᠤᠯ ᠢᠷᠭᠡᠡᠰᠢᠯ ᠤᠨ ᠭᠡᠯᠪᠠᠷᠢ ᠣᠷᠳᠤ ᠬᠤᠭᠤᠴᠠᠭ᠎ᠠ ᠪᠠᠷ ᠶᠢᠡᠨ ᠵᠡᠷᠭᠡᠴᠡᠨ ᠣᠷᠤᠰᠢᠵᠤ ᠢᠷᠡᠭ᠍ᠰᠡᠨ᠂ ᠶᠠᠭ ᠳᠠᠢ᠌ᠮᠤ ᠪᠣᠯᠬᠤᠷ ᠳᠠᠷᠢᠶᠠᠯᠠᠬᠤ᠂ ᠬᠤᠳᠠ ᠰᠠᠭᠤᠷᠢᠨ᠂ ᠣᠷ᠎ᠠ ᠳᠠᠷᠬ᠎ᠠ ᠲᠡᠶ ᠬᠤᠯᠪᠣᠭᠳᠠᠭᠰᠠᠨ ᠥᠭᠡ ᠭᠡᠯᠡᠯᠭᠡ ᠴᠤ ᠮᠤᠩᠭ᠋ᠤᠯ ᠥᠭᠡᠰ ᠤᠨ ᠰᠠᠩ ᠳᠤ ᠴᠢᠬᠤᠯᠠ ᠪᠠᠢ᠌ᠷᠢ ᠶᠢ ᠡᠵᠡᠯᠡᠵᠤ ᠪᠠᠢ᠌ᠭᠰᠠᠨ ᠨᠢ ᠶᠠᠷᠢᠶᠠᠨ ᠦᠭᠡᠶ᠃ ᠭᠡᠪᠠᠴᠤ ᠭᠡᠭᠡᠭ᠍ᠳᠡᠵᠤ ᠪᠠᠢ᠌ᠬᠤ ᠨᠢ ᠭᠡᠴᠡᠭᠦᠤ ᠪᠣᠯᠪᠠᠤ᠃ ᠳᠠᠷᠢᠶᠠᠯᠠᠬᠤ ᠪᠠᠷ ᠭᠡᠯᠡᠭᠦ ᠳᠤ᠂ 《ᠡᠷᠳᠡᠨᠢ ᠰᠢᠰᠢ ᠮᠥᠯᠢᠭᠦ》᠂ ᠳᠠᠷᠤᠢ 《ᠮᠥᠯᠢᠭᠦ》 ᠭᠡᠭᠦ ᠮᠠᠳᠤ ᠶᠢᠨ ᠮᠠᠯᠵᠢᠬᠤ ᠣᠷᠤᠨ ᠳᠤ ᠦᠭᠡᠶ᠂ ᠴᠤᠯ ᠮᠤᠩᠭ᠋ᠤᠯ ᠥᠭᠡ ᠣᠯᠠᠨ ᠪᠠᠢ᠌ᠬᠤ ᠶᠤᠰᠤ ᠲᠡᠶ᠃ ᠭᠡᠪᠠᠴᠤ ᠳᠠᠷᠢᠶᠠᠯᠠᠬᠤ ᠣᠷᠤᠨ ᠤ ᠵᠤᠬᠢᠶᠠᠯᠴᠢᠳ ᠭᠡᠷᠪᠡ ᠡᠳᠡᠭᠡᠷ ᠴᠤᠯ ᠮᠤᠩᠭ᠋ᠤᠯ ᠥᠭᠡ ᠪᠠᠨ ᠠᠭᠤᠳᠠᠯᠵᠤ ᠣᠯᠠᠮᠵᠢᠯᠠᠬᠤ ᠶᠢ ᠪᠣᠳᠤᠬᠤ ᠦᠭᠡᠶ᠂ ᠭᠢᠳᠠᠤᠨ ᠭᠡᠯᠡ ᠪᠠᠷ ᠬᠤᠮᠢᠵᠤ ᠶᠠᠷᠢᠳᠠᠭ ᠶᠢᠡᠨ ᠭᠠᠢ᠌ᠬᠠᠭᠤᠯᠬᠤ ᠶᠤᠮ ᠪᠣᠯ ᠦᠷ᠎ᠡ ᠬᠣᠢ᠌ᠴᠢᠰ ᠤᠨ ᠶᠢᠡᠨ ᠨᠢᠳᠤ ᠶᠢ ᠰᠤᠬᠤᠯᠵᠤ ᠮᠠᠳᠠᠨ᠎ᠠ᠃ ᠬᠤᠳᠠ ᠶᠢᠨ ᠭᠡᠯᠡ ᠭᠡᠳᠡᠭ᠌ ᠢ ᠪᠢ᠂ ᠮᠠᠯᠵᠢᠬᠤ ᠳᠠᠷᠢᠶᠠᠯᠠᠬᠤ ᠣᠢ᠌ᠯᠠᠳᠪᠣᠷᠢᠯᠠᠯ ᠠᠮᠢᠳᠤᠷᠠᠯ ᠡᠴᠡ ᠪᠣᠰᠤᠳ ᠣᠢ᠌ᠯᠠᠳᠪᠣᠷᠢᠯᠠᠯ ᠠᠮᠢᠳᠤᠷᠠᠯ ᠤᠨ ᠭᠡᠯᠪᠠᠷᠢ ᠶᠢᠨ ᠲᠦᠯᠦᠭᠡᠨ ᠤ ᠭᠡᠯᠡ ᠪᠣᠯᠪᠠᠤ ᠭᠡᠵᠤ ᠪᠣᠳᠤᠵᠤ ᠪᠠᠢ᠌ᠨ᠎ᠠ᠃ ᠮᠠᠯᠴᠢᠨ ᠳᠠᠷᠢᠶᠠᠴᠢᠨ ᠭᠦᠳᠡᠭᠡ ᠡᠴᠡ ᠪᠠᠨ ᠰᠠᠯᠵᠤ ᠬᠤᠳᠠ ᠣᠷᠤᠯ᠎ᠠ᠂ ᠣᠢ᠌ᠯᠠᠳᠪᠣᠷᠢᠯᠠᠯ ᠠᠮᠢᠳᠤᠷᠠᠯ ᠤᠨ ᠭᠡᠯᠪᠠᠷᠢ ᠨᠢ ᠬᠤᠪᠢᠷᠠᠯ᠎ᠠ᠂ ᠰᠢᠨ᠎ᠠ ᠰᠢᠨ᠎ᠠ ᠭᠡᠷᠡᠭ᠌ ᠪᠣᠳᠠᠰ ᠲᠡᠶ ᠳᠠᠭᠠᠷᠠᠵᠤ ᠪᠠᠢ᠌ᠨ᠎ᠠ᠂ ᠶᠠᠭᠤ ᠭᠡᠵᠤ ᠨᠠᠷᠠᠯᠠᠵᠤ᠂ ᠶᠠᠭᠠᠭᠢᠵᠤ ᠭᠦᠮᠤᠨ ᠢ ᠣᠢ᠌ᠯᠠᠭᠠᠭᠤᠯᠳᠠᠭ ᠪᠢᠯᠠ︖ ᠡ᠊ᠨᠳᠡ ᠰᠢᠨ᠎ᠠ ᠥᠭᠡ ᠪᠦᠳᠦᠭᠡᠭᠦ ᠱᠠᠭᠠᠷᠳᠠᠯᠭ᠎ᠠ ᠭᠠᠷᠴᠤ ᠪᠠᠢ᠌ᠨ᠎ᠠ᠃ ᠭᠦᠯ ᠤᠨ ᠣᠯᠠ ᠳ᠋ᠤᠨᠢ ᠭᠤᠭᠴᠤᠭᠠᠯᠠᠴᠢᠬᠠᠳᠠᠭ ᠪᠠᠶ᠎ᠠ ᠪᠠᠷᠢᠭᠰᠠᠨ ᠦᠮᠦᠳᠦ ᠶᠢ ᠪᠦᠰᠡᠭᠦᠢᠴᠦᠦᠯ ᠵᠥᠩᠳᠡᠭᠡᠨ ᠡᠮᠦᠰᠳᠡᠭ᠌᠂ ᠪᠠᠩᠵᠠᠯ᠂ ᠭᠤᠳᠤᠯ ᠳᠤ ᠵᠤᠭᠢᠴᠠᠭᠤᠯᠤᠨ ᠡᠮᠦᠰᠴᠤ ᠪᠠᠢ᠌ᠳᠠᠭ᠃ ᠳᠠᠢ᠌ᠮᠤ ᠦᠮᠦᠳᠦ ᠶᠢ ᠬᠠᠯᠬ᠎ᠠ ᠶᠢᠨ ᠭᠢᠨ 《ᠳᠦᠷᠦᠭᠡᠨ ᠦᠮᠦᠳᠦ》 ᠭᠡᠳᠡᠭ᠌ ᠭᠡᠨ᠎ᠡ᠃ ᠢᠩᠭᠢᠵᠤ ᠯᠠ ᠥᠭᠡ ᠵᠤᠬᠢᠶᠠᠬᠤ ᠦᠦ︖ ᠡᠰᠡᠭᠦᠯ᠎ᠡ ᠵᠠᠷᠢᠮ ᠭᠦᠮᠤᠨ ᠤ ᠭᠡᠯᠡᠳᠡᠭ᠌ ᠶᠢᠡᠷ ᠶᠠᠭᠤᠮ᠎ᠠ ᠪᠣᠯᠭᠠᠨ ᠢ ᠠᠩᠭ᠍ᠯᠢ ᠪᠠᠷ ᠠᠪᠬᠤ ᠦᠦ︖ ᠡᠳᠤᠷ ᠳᠤᠳᠤᠮ ᠤᠨ ᠭᠡᠷᠡᠭᠯᠡᠭᠡᠨ ᠤ ᠥᠭᠡ ᠶᠢ ᠰᠢᠨ᠎ᠠ ᠰᠢᠨ᠎ᠠ ᠳᠡᠯᠡᠭᠡᠢ ᠨᠠᠢ᠌ᠳᠠ ᠶᠢᠨ ᠨᠠᠷ᠎ᠠ ᠳᠤᠮᠢᠶ᠎ᠠ ᠲᠡᠶ ᠢᠯᠭᠠᠵᠤ ᠦᠵᠡᠪᠠᠯ ᠵᠤᠭᠢᠬᠤ ᠪᠣᠯᠪᠠᠤ ⁈

ᠰᠢᠨ᠎ᠠ ᠣᠢ᠌ᠯᠠᠳᠪᠣᠷᠢᠯᠠᠯ ᠪᠣᠢ ᠪᠣᠯᠵᠤ᠂ ᠰᠢᠨ᠎ᠠ ᠠᠵᠤ ᠠᠬᠤᠢ ᠶᠢᠨ ᠰᠠᠭᠤᠷᠢ ᠪᠦᠷᠢᠯᠳᠦᠵᠤ ᠪᠠᠢ᠌ᠭ᠎ᠠ ᠶᠤᠮ ᠪᠣᠯ᠂ ᠰᠢᠨ᠎ᠠ ᠠᠵᠤ ᠠᠬᠤᠢ ᠶᠢᠨ ᠰᠠᠭᠤᠷᠢ ᠳᠡᠭᠡᠷ᠎ᠡ ᠰᠢᠨ᠎ᠠ ᠭᠡᠯᠡ ᠰᠤᠶᠤᠯ ᠪᠣᠢ ᠪᠣᠯᠬᠤ ᠨᠢ ᠵᠦᠪ ᠪᠢᠵᠠ ᠡ᠃ ᠬᠡᠦᠬᠡᠳ ᠬᠤᠳᠠ ᠶᠢᠨ ᠵᠡᠭᠡᠯᠢ ᠨᠢᠭᠤᠷᠯᠠᠵᠤ᠂ ᠵᠢᠷᠢᠯᠵᠠᠨ ᠥᠩᠭᠡᠷᠡᠭᠦ ᠮᠠᠰᠢᠨ ᠳᠤ ᠰᠠᠨᠠᠭ᠎ᠠ ᠳᠠᠳᠠᠭᠳᠠᠵᠤ ᠪᠠᠢ᠌ᠭᠠᠤᠨ᠂ 《ᠴᠢᠳᠤᠷ ᠨᠤᠭᠳᠤ》 ᠭᠡᠳ ᠴᠡᠭᠡᠵᠢᠯᠡᠭᠦ ᠳᠠᠰᠬᠠᠯ ᠶᠢᠡᠨ ᠪᠠᠶᠡᠯᠡᠭᠦᠯᠵᠤ ᠳᠡᠢ᠌ᠯᠭᠦ ᠦᠭᠡᠶ ᠪᠠᠭᠰᠢ᠂ ᠭᠡᠷ ᠤᠨ ᠠᠬᠠᠮᠠᠤᠨ ᠶᠢᠡᠷ ᠶᠢᠡᠨ ᠵᠠᠩᠨᠠᠭᠤᠯᠵᠤ ᠵᠤᠭᠰᠤᠪᠠᠯ ᠭᠡᠴᠡᠭᠦᠤ ᠪᠣᠯᠤᠨ᠎ᠠ᠃ ᠮᠠᠨ ᠤ ᠵᠠᠷᠢᠮ ᠭᠦᠮᠦᠰ ᠤᠨ 《ᠮᠤᠩᠭ᠋ᠤᠯ ᠭᠡᠯᠡ ᠰᠤᠶᠤᠯ ᠠᠮᠢᠳᠤᠷᠠᠯ ᠡᠴᠡ ᠰᠠᠯᠵᠤ ᠡᠭᠢᠯᠠᠯ᠎ᠠ》 ᠭᠡᠵᠤ ᠭᠡᠯᠡᠭᠡᠳ ᠪᠠᠢ᠌ᠭ᠎ᠠ ᠶᠢ ᠰᠠᠨᠠᠭᠠᠨ ᠳᠠᠭᠠᠨ ᠠᠪᠴᠤ ᠪᠣᠯᠤᠮᠠᠷ᠃ ᠊᠊᠊᠊᠊᠊᠊᠊᠊᠊᠊᠊᠊᠊᠊ ᠰᠤᠷᠪᠣᠯᠵᠢᠯᠠᠭᠴᠢ)

ᠰᠤᠷᠪᠣᠯᠵᠢᠯᠠᠭᠴᠢ᠄ ᠬᠡᠦᠬᠡᠳ ᠤᠳ ᠥᠰᠦᠭ᠍ᠴᠢᠯᠡᠵᠤ ᠣᠩᠰᠢᠳᠠᠭ ᠪᠠᠢ᠌ᠭᠰᠠᠨ ᠶᠢᠡᠨ᠂ ᠥᠭᠡᠴᠢᠯᠡᠵᠤ ᠣᠩᠰᠢᠬᠤ ᠶᠢ ᠱᠠᠭᠠᠷᠳᠠᠬᠤ ᠪᠣᠯᠤᠭᠰᠠᠨ ᠨᠢ ᠶᠠᠮᠠᠷ ᠣᠴᠢᠷ ᠲᠡᠶ ᠶᠤᠮ ᠪᠣᠯ︖

ᠭᠦᠷᠵᠡᠪ᠄ ᠮᠠᠨᠠᠢ᠌ᠭᠢᠨ ᠬᠡᠦᠬᠡᠳ ᠤᠨ 《ᠥᠭᠡ ᠶᠢ ᠳᠤᠳᠤ ᠪᠣᠯᠭᠠᠨ᠎ᠠ》 ᠭᠡᠵᠤ ᠥᠭᠡᠴᠢᠯᠡᠵᠤ ᠣᠩᠰᠢᠬᠤ ᠶᠢ ᠱᠠᠭᠠᠷᠳᠠᠳᠠᠭ ᠪᠣᠯᠤᠭᠰᠠᠨ᠃ ᠦᠨᠡᠨ ᠳᠡᠭᠡᠨ ᠥᠰᠦᠭ᠍ᠴᠢᠯᠡᠭᠦ ᠥᠭᠡᠴᠢᠯᠡᠭᠦ ᠶᠢ ᠣᠶᠠᠯᠳᠤᠭᠤᠯᠪᠠᠯ ᠠᠷᠠᠢ ᠳᠡᠭᠡᠷ᠎ᠡ ᠪᠣᠯᠪᠠᠤ ᠭᠡᠵᠤ ᠪᠣᠳᠤᠵᠤ ᠪᠠᠢ᠌ᠨ᠎ᠠ᠃ ᠥᠰᠦᠭ᠍ᠴᠢᠯᠡᠭᠦ ᠡᠴᠡ ᠥᠭᠡᠴᠢᠯᠡᠭᠦ ᠭᠦᠷᠳᠡᠯ᠎ᠡ ᠨᠢᠭᠡ ᠰᠢᠯᠵᠢᠯᠳᠠ ᠶᠢᠨ ᠶᠠᠪᠣᠴᠠ ᠪᠠᠢ᠌ᠬᠤ ᠭᠡᠷᠡᠭ᠍ᠳᠡᠢ᠂ ᠨᠢᠭᠡᠳᠦᠭᠡᠷ ᠣᠨ ᠳᠤ ᠥᠰᠦᠭ᠍ᠴᠢᠯᠡᠨ᠎ᠡ᠂ ᠬᠤᠶᠠᠳᠤᠭᠠᠷ ᠣᠨ ᠳᠤ ᠥᠰᠦᠭ᠍ᠴᠢᠯᠡᠵᠤ ᠥᠭᠡᠴᠢᠯᠡᠭᠦ ᠶᠢ ᠵᠡᠷᠭᠡᠴᠡᠭᠦᠯᠦᠨ᠎ᠡ᠂  ᠭᠤᠷᠪᠠᠳᠤᠭᠠᠷ ᠣᠨ ᠡᠴᠡ ᠪᠦᠷᠢᠮᠦᠰᠤᠨ ᠥᠭᠡᠴᠢᠯᠡᠨ᠎ᠡ ᠭᠡᠭᠦ ᠮᠠᠳᠤ ᠪᠠᠷ ᠢᠳᠡᠭ᠌ ᠢᠳᠡᠭ᠌ ᠶᠢᠡᠷ ᠠᠭᠢᠭᠤᠯᠪᠠᠯ ᠵᠤᠭᠢᠨ᠎ᠠ᠃

(ᠨᠠᠶᠠᠭᠠᠤᠨ ᠣᠨ ᠳᠤ ᠪᠠᠭ᠎ᠠ ᠰᠤᠷᠭᠠᠭᠤᠯᠢ ᠳᠤ ᠪᠦᠷ ᠯᠠ ᠥᠰᠦᠭ᠍ᠴᠢᠯᠡᠵᠤ ᠣᠩᠰᠢᠳᠠᠭ ᠪᠠᠢ᠌ᠭᠰᠠᠨ᠃ ᠮᠠᠨ ᠤ ᠳᠠᠷᠢᠶᠠᠯᠠᠬᠤ ᠣᠷᠤᠨ ᠤ ᠬᠠᠮᠳᠤ ᠰᠤᠷᠤᠭᠴᠢ 《ᠬᠠᠨ᠎ᠠ ᠣᠨᠢ》 ᠶᠢ 《ᠬᠨ ᠊᠊᠊᠊᠊᠊᠊᠊᠊᠊᠊᠊᠊᠊᠊ ᠨᠨ᠂ ᠣ ᠊᠊᠊᠊᠊᠊᠊᠊᠊᠊᠊᠊᠊᠊᠊ ᠊ᠨᠢ》 ᠭᠡᠵᠤ ᠰᠠᠯᠭᠠᠵᠤ ᠳᠠᠭᠤᠳᠠᠳᠠᠭ ᠪᠠᠢ᠌ᠭᠰᠠᠨ ᠨᠢ ᠥᠰᠦᠭ᠍ᠴᠢᠯᠡᠵᠤ ᠣᠩᠰᠢᠭᠰᠠᠨ ᠪᠠ ᠳᠠᠷᠠ ᠣᠷᠴᠢᠨ ᠳ᠋ᠤᠨᠢ ᠬᠠᠨ᠎ᠠ ᠣᠨᠢ ᠪᠠᠢ᠌ᠭ᠎ᠠ ᠦᠭᠡᠶ᠂ ᠪᠠᠭᠰᠢ ᠨᠢ ᠴᠤ ᠮᠡᠳᠡᠳᠡᠭ᠌ ᠦᠭᠡᠶ ᠪᠠᠢ᠌ᠭᠰᠠᠨ ᠪᠠᠢ᠌ᠬᠤ ᠡ᠃ 《ᠣᠳᠤ ᠬᠡᠦᠬᠡᠳ ᠥᠭᠡ ᠪᠠᠨ ᠮᠡᠳᠡᠭᠦ ᠦᠭᠡᠶ ᠶᠤᠮ ᠴᠢᠨᠢ᠂ ᠣᠷᠢᠳᠠᠪᠠᠷ ᠥᠭᠡ ᠪᠠᠨ ᠰᠤᠷᠴᠢᠬᠠᠭᠠᠤᠨ ᠳᠠᠷᠠᠭ᠎ᠠ ᠨᠢ ᠥᠰᠦᠭ᠌ ᠊᠊᠊᠊᠊᠊᠊᠊᠊᠊᠊᠊᠊᠊᠊ ᠪᠢᠴᠢᠭᠦ ᠰᠤᠷᠬᠤ ᠨᠢ ᠬᠠᠷᠢᠨ ᠳᠡᠭᠡᠷ᠎ᠡ》 ᠭᠡᠵᠤ ᠭᠡᠨ ᠨᠢᠭᠡ ᠨᠢ ᠭᠡᠯᠡᠵᠤ ᠪᠠᠢ᠌ᠭᠰᠠᠨ᠃ ᠣᠳᠤ ᠶᠠᠷᠤᠨᠢ ᠬᠡᠦᠬᠡᠳ ᠤᠨ ᠳᠤᠯᠤᠭᠠᠢ ᠳᠤ ᠳᠠᠮᠠᠢ ᠭᠡᠳᠤᠨ ᠮᠤᠩᠭ᠋ᠤᠯ ᠥᠭᠡ ᠪᠠᠢ᠌ᠬᠤ ᠦᠭᠡᠶ᠂ ᠬᠡᠦᠬᠡᠳ ᠪᠠᠢ᠌ᠳᠤᠭᠠᠢ ᠭᠡᠳᠤᠨ ᠭᠢᠳᠠᠤᠨ ᠥᠭᠡ ᠶᠠᠷᠢᠵᠤ ᠴᠢᠳᠠᠳᠠᠭ ᠭᠦᠮᠦᠰ ᠤᠨ ᠳᠤᠯᠤᠭᠠᠢ ᠳᠤ ᠴᠤ ᠳᠠᠮᠠᠢ ᠭᠡᠳᠤᠨ ᠮᠤᠩᠭ᠋ᠤᠯ ᠥᠭᠡ ᠪᠠᠢ᠌ᠬᠤ ᠦᠭᠡᠶ ᠪᠣᠯᠵᠤ ᠪᠠᠢ᠌ᠨ᠎ᠠ᠂ ᠪᠠᠢ᠌ᠭᠰᠠᠨ ᠨᠢ ᠴᠤ ᠬᠠᠰᠤᠭᠳᠠᠵᠤ ᠪᠠᠢ᠌ᠨ᠎ᠠ᠃ ᠬᠡᠦᠬᠡᠳ ᠤᠨ ᠴᠡᠴᠡᠷᠯᠢᠭ᠌ ᠲᠤ ᠠᠩᠭ᠍ᠯᠢ ᠭᠡᠯᠡ ᠶᠢ ᠣᠩᠰᠢᠭᠤᠯᠤᠭᠠᠤᠨ ᠳᠠᠭᠤᠯᠠᠭᠤᠯᠤᠭᠠᠤᠨ ᠯᠠ ᠣᠷᠤᠳᠠᠭ᠂ ᠪᠢᠴᠢᠭᠦᠯᠳᠡᠭ᠌ ᠦᠭᠡᠶ᠂ ᠥᠰᠦᠭ᠌ ᠴᠤ ᠵᠢᠭᠠᠳᠠᠭ ᠦᠭᠡᠶ ᠨᠢᠭᠡ ᠵᠣᠢ᠌ᠯ ᠤᠨ ᠭᠢᠴᠢᠶᠠᠯ ᠪᠢᠴᠢᠭ᠌ ᠭᠡᠷᠡᠭᠯᠡᠵᠤ ᠪᠠᠢ᠌ᠭᠰᠠᠨ ᠢ ᠰᠠᠨᠠᠵᠤ ᠪᠠᠢ᠌ᠨ᠎ᠠ᠂ ᠰᠡᠭᠦᠯᠡᠷ ᠨᠢ ᠰᠤᠨᠤᠰᠬᠤ ᠳᠤ ᠭᠢᠳᠠᠤᠨ ᠪᠠᠭ᠎ᠠ ᠰᠤᠷᠭᠠᠭᠤᠯᠢ ᠳᠤ ᠳᠠᠷᠠ ᠭᠢᠴᠢᠶᠠᠯ ᠤᠨ ᠪᠢᠴᠢᠭ᠌ ᠢ ᠵᠠᠯᠭᠠᠵᠤ ᠰᠤᠷᠳᠠᠭ᠂ ᠪᠠᠭ᠎ᠠ ᠰᠤᠷᠭᠠᠭᠤᠯᠢ ᠶᠢᠨ ᠳᠦᠷᠪᠠ᠂ ᠳᠠᠪᠣᠳᠤᠭᠠᠷ ᠣᠨ ᠪᠣᠯᠳᠠᠯ᠎ᠠ ᠮᠦᠨ ᠪᠢᠴᠢᠭᠦᠯᠳᠡᠭ᠌ ᠦᠭᠡᠶ᠂ ᠴᠥᠭᠡᠪᠦᠷᠢ ᠥᠰᠦᠭ᠌ ᠳᠠᠨᠢᠭᠤᠯᠳᠠᠭ ᠶᠤᠮ ᠭᠡᠨ᠎ᠡ᠃ ᠮᠤᠩᠭ᠋ᠤᠯ ᠭᠡᠯᠡ ᠶᠢ ᠴᠤ ᠢᠩᠭᠢᠵᠤ ᠣᠩᠰᠢᠭᠤᠯᠵᠤ ᠶᠠᠷᠢᠭᠤᠯᠵᠤ ᠳᠠᠭᠤᠯᠠᠭᠤᠯᠵᠤ᠂ ᠣᠷᠢᠳᠠᠪᠠᠷ ᠥᠭᠡ ᠶᠢ ᠨᠢ ᠭᠡᠯᠡᠭᠦᠯᠵᠤ ᠰᠡᠳᠭᠢᠭᠦᠢ ᠶᠢ ᠨᠢ ᠨᠡᠭᠡᠭᠡᠵᠤ᠂ ᠳᠠᠭᠢᠭᠠᠤᠨ ᠥᠰᠦᠭ᠌ (ᠲ᠋ᠤᠭᠳᠠᠮᠠᠯ ᠶᠠᠭᠤᠮ᠎ᠠ) ᠢ ᠰᠤᠷᠭᠠᠬᠤ ᠠᠷᠭ᠎ᠠ ᠪᠠᠷ ᠵᠢᠭᠠᠵᠤ ᠪᠣᠯᠳᠠᠭ ᠦᠭᠡᠶ ᠪᠣᠯᠪᠠᠤ᠃ ᠊᠊᠊᠊᠊᠊᠊᠊᠊᠊᠊᠊᠊᠊᠊ ᠰᠤᠷᠪᠣᠯᠵᠢᠯᠠᠭᠴᠢ)


ᠪᠠᠭᠰᠢ ᠶᠢᠨ ᠪᠣᠯᠪᠠᠰᠤᠷᠠᠯ ᠴᠢᠬᠤᠯᠠ᠂ ᠪᠠᠭᠰᠢ ᠶᠢᠨ ᠪᠠᠶ᠎ᠠ ᠪᠠᠨ ᠳᠠᠭᠠᠭᠠᠵᠤ ᠰᠤᠷᠤᠯᠴᠠᠬᠤ ᠣᠬᠠᠮᠰᠠᠷ ᠴᠢᠳᠠᠪᠣᠷᠢ ᠴᠢᠬᠤᠯᠠ


ᠰᠤᠷᠪᠣᠯᠵᠢᠯᠠᠭᠴᠢ᠄ ᠬᠡᠦᠬᠡᠳ ᠭᠡᠯᠡ ᠪᠢᠴᠢᠭ᠌ ᠲᠡᠭᠡᠨ ᠭᠦᠴᠢᠷᠳᠡᠳᠡᠭ᠌ ᠪᠣᠯᠤᠯ᠎ᠠ᠂ ᠭᠡᠯᠡ ᠪᠢᠴᠢᠭ᠌ ᠤᠨ ᠪᠠᠭᠰᠢ ᠶᠢᠨ ᠠᠵᠢᠯ ᠣᠯᠠᠮ ᠭᠦᠡᠳᠤ ᠪᠣᠯᠵᠤ ᠪᠠᠢ᠌ᠭ᠎ᠠ ᠪᠠᠢ᠌ᠬᠤ︖

ᠭᠦᠷᠵᠡᠪ᠄ ᠪᠠᠭᠰᠢ ᠶᠢᠨ ᠠᠵᠢᠯ ᠭᠦᠡᠳᠦᠷᠡᠵᠤ ᠪᠠᠢ᠌ᠨ᠎ᠠ ᠭᠡᠵᠤ ᠪᠠᠰᠠ ᠭᠡᠯᠡᠵᠤ ᠪᠣᠯᠤᠨ᠎ᠠ᠂ ᠴᠠᠭ ᠦᠶ᠎ᠡ ᠶᠢᠨ ᠬᠤᠪᠢᠷᠠᠯᠳᠠ᠂ ᠣᠷᠴᠢᠨ ᠠᠮᠢᠳᠤᠷᠠᠯ ᠤᠨ ᠬᠤᠪᠢᠷᠠᠯᠳᠠ ᠪᠦᠷ ᠪᠠᠢ᠌ᠬᠤ ᠶᠤᠮ ᠴᠢᠨᠢ᠃ ᠵᠢᠭᠠᠬᠠᠨ ᠴᠢᠷᠮᠠᠢ᠌ᠭᠠᠤᠨ ᠠᠵᠢᠯᠯᠠᠪᠠᠯ᠂ ᠦᠪᠡᠷ ᠤᠨ ᠪᠣᠯᠪᠠᠰᠤᠷᠠᠯ ᠤᠨ ᠲᠦᠪᠰᠢᠨ ᠴᠢᠨᠢ ᠵᠤᠭᠢᠬᠤ ᠭᠡᠮᠵᠢᠶᠡᠨ ᠳᠤ ᠭᠦᠷᠦᠭ᠍ᠰᠡᠨ ᠪᠣᠯ ᠠᠵᠢᠯ ᠳᠠᠭᠠᠨ ᠳᠠᠷᠤᠭᠠᠰᠤ ᠪᠠᠭ᠎ᠠ ᠲᠡᠶ᠂ ᠨᠠᠩ ᠴᠤ ᠠᠮᠵᠢᠯᠳᠠ ᠲᠡᠶ ᠪᠠᠢ᠌ᠵᠤ ᠪᠣᠯᠤᠨ᠎ᠠ᠃ ᠭᠡᠯᠡ ᠪᠢᠴᠢᠭ᠌ ᠤᠨ ᠭᠢᠴᠢᠶᠠᠯ᠂ ᠶᠠᠷᠤᠨᠢ ᠪᠦᠭᠦ ᠭᠢᠴᠢᠶᠠᠯ ᠢ ᠵᠢᠭᠠᠬᠤ ᠳᠤ ᠪᠠᠭᠰᠢ ᠦᠪᠡᠷ ᠶᠢᠡᠨ ᠣᠢ᠌ᠯᠠᠭᠠᠨ᠎ᠠ᠂ ᠳᠡᠭᠡᠭᠡᠳ ᠰᠠ‍‌ᠶᠢ ᠬᠡᠦᠬᠡᠳ ᠲᠡᠭᠡᠨ ᠣᠯᠠᠮᠵᠢᠯᠠᠨ᠎ᠠ᠂ ᠬᠡᠦᠬᠡᠳ ᠲᠤ ᠶᠠᠭᠤᠮ᠎ᠠ ᠰᠤᠷᠭᠠᠬᠤ᠂ ᠰᠤᠷᠤᠭᠰᠠᠨ ᠶᠠᠭᠤᠮ᠎ᠠ ᠶᠢ ᠨᠢ ᠦᠪᠡᠷ ᠳᠤᠨᠢ ᠠᠰᠢᠭᠳᠠᠢ ᠭᠦᠷᠳᠡᠭᠡᠯ ᠪᠣᠯᠭᠠᠬᠤ ᠠᠷᠭ᠎ᠠ ᠳᠠᠮ᠂ ᠰᠠᠳᠭᠢᠴᠠ ᠶᠢ ᠪᠣᠢ ᠪᠣᠯᠭᠠᠨ᠎ᠠ᠃ ᠪᠠᠭᠰᠢ ᠭᠢᠴᠢᠶᠠᠯ ᠤᠨ ᠪᠢᠴᠢᠭ᠌ ᠲᠡᠭᠡᠨ ᠪᠠᠷᠢᠭᠳᠠᠭᠠᠤᠨ ᠰᠠᠳᠭᠢᠴᠠ ᠨᠢ ᠢᠪᠴᠠᠤᠷᠠᠵᠤ ᠪᠠᠢ᠌ᠨ᠎ᠠ᠂ ᠭᠡᠯᠡ ᠰᠤᠶᠤᠯ ᠶᠢᠡᠨ ᠠᠩᠬᠠᠷᠬᠤ ᠦᠭᠡᠶ ᠮᠤᠩᠭ᠋ᠤᠯ ᠰᠡᠳᠭᠢᠭᠦᠢ ᠪᠠᠨ ᠠᠯᠳᠠᠵᠤ ᠪᠠᠢ᠌ᠨ᠎ᠠ᠃ ᠳᠡᠭᠡᠷ᠎ᠡ ᠶᠠᠷᠢᠭᠰᠠᠨ 《ᠢᠮᠠᠭᠠᠬᠠᠢ》 ᠭᠡᠳᠡᠭ᠌ ᠭᠢᠴᠢᠶᠠᠯ ᠢ ᠶᠠᠷᠢᠬᠤ ᠳᠤ᠂ ᠵᠠᠷᠢᠮ ᠵᠠᠯᠠᠭᠤ ᠪᠠᠭᠰᠢ 《ᠠᠷᠤᠭ》 ᠊ᠢ ᠮᠡᠳᠡᠭᠦ ᠦᠭᠡᠶ᠂ 《ᠠᠭᠠᠷᠤᠤᠯ ᠬᠤᠷᠤᠳ ᠬᠠᠳᠠᠭᠠᠳᠠᠭ ᠰᠠᠪᠠ》 ᠭᠡᠵᠤ ᠪᠠᠢ᠌ᠨ᠎ᠡ᠃ 《ᠱᠡᠵᠢᠭᠡᠢ》 ᠭᠡᠵᠤ ᠭᠡᠯᠡᠭᠦ ᠭᠡᠷᠡᠭ᠌ ᠨᠠᠩ ᠦᠭᠡᠶ᠃ ᠵᠠᠪ ᠭᠠᠷᠪᠠᠯ ᠪᠠᠰᠠ ᠪᠠᠭᠰᠢ ᠨᠡᠷ ᠲᠡᠶ ᠪᠠᠨ ᠶᠠᠷᠢᠯᠴᠠᠵᠤ᠂ ᠣᠢ᠌ᠯᠠᠭᠠᠯᠴᠠᠬᠤ ᠶᠢ ᠣᠷᠤᠯᠳᠤᠳᠠᠭ᠂ ᠳᠡᠭᠡᠭᠡᠳ ᠵᠠᠯᠠᠭᠤ ᠪᠠᠭᠰᠢ ᠨᠡᠷ ᠶᠢᠡᠷ ᠶᠢᠡᠨ ᠵᠣᠢ᠌ᠷ ᠰᠠᠴᠠᠨ ᠥᠭᠡ᠂ ᠣᠨᠢᠰᠤᠭ᠎ᠠ ᠮᠠᠳᠤ ᠶᠢ ᠶᠠᠷᠢᠭᠤᠯᠬᠤ ᠳᠤ᠂ ᠨᠠᠯᠢᠶᠠᠤᠨ ᠭᠡᠳᠤ ᠶᠢ ᠭᠡᠯᠡᠵᠤ ᠭᠠᠷᠭᠠᠳᠠᠭ ᠨᠢ ᠴᠥᠭᠡᠨ᠃ 《ᠭᠢᠳᠡᠳ ᠨᠤᠮ ᠣᠩᠰᠢᠵᠤ ᠪᠠᠢ᠌ᠨ᠎ᠠ》 ᠭᠡᠨ᠎ᠡ᠂ ᠭᠢᠳᠠᠤᠨ ᠵᠣᠢ᠌ᠷ ᠰᠠᠴᠠᠨ ᠥᠭᠡ ᠣᠨᠢᠰᠤᠭ᠎ᠠ ᠭᠡᠯᠡᠭᠡᠳ ᠠᠯᠢ ᠭᠡᠪᠠᠯ ᠮᠦᠨ ᠳᠠᠭ᠂ ᠭᠢᠳᠠᠤᠨ ᠲᠠᠭᠠᠨ ᠴᠤ ᠦᠭᠡᠶ ᠮᠤᠩᠭ᠋ᠤᠯ ᠳᠠᠭᠠᠨ ᠴᠤ ᠦᠭᠡᠶ᠃ ᠳᠠᠢ᠌ᠮᠤ ᠡᠴᠡ ᠪᠠᠭᠰᠢ ᠶᠢᠨ ᠪᠣᠯᠪᠠᠰᠤᠷᠠᠯ ᠳᠤᠩ ᠴᠢᠬᠤᠯᠠ᠂ ᠪᠠᠭᠰᠢ ᠨᠡᠷ ᠪᠠᠶ᠎ᠠ ᠪᠠᠨ ᠳᠠᠭᠠᠭᠠᠵᠤ ᠰᠤᠷᠤᠯᠴᠠᠨ᠂ ᠬᠠᠷᠠᠭ᠎ᠠ ᠪᠠᠨ ᠳᠡᠯᠡᠭᠦ᠂ ᠰᠠᠳᠭᠢᠴᠠ ᠪᠠᠨ ᠳᠡᠯᠡᠭᠦ ᠨᠢ ᠳᠤᠩ ᠴᠢᠬᠤᠯᠠ᠃ ᠡᠨᠠ ᠨᠢ ᠶᠡᠭᠡ ᠰᠤᠷᠭᠠᠭᠤᠯᠢ ᠶᠢᠨ ᠵᠢᠭᠠᠨ ᠰᠤᠷᠭᠠᠯᠳᠠ ᠲᠡᠶ ᠪᠠᠰᠠ ᠬᠤᠯᠪᠣᠭ᠎ᠠ ᠲᠡᠶ᠃

(ᠭᠡᠯᠡ ᠪᠢᠴᠢᠭ᠌ ᠤᠨ ᠪᠠᠭᠰᠢ᠂ ᠥᠯᠢᠭᠡᠷ ᠶᠠᠷᠢᠳᠠᠭ᠂ ᠭᠦᠮᠤᠨ ᠪᠣᠯᠬᠤ ᠶᠢᠨ ᠣᠬᠠᠭᠠᠨ ᠵᠢᠭᠠᠳᠠᠭ ᠪᠣᠯᠪᠠᠤ ᠭᠡᠵᠤ ᠪᠣᠳᠤᠳᠠᠭ ᠶᠤᠮ᠃ ᠪᠠᠭᠰᠢ ᠰᠤᠨᠢᠨ ᠰᠡᠪᠠᠭᠦᠨ ᠶᠠᠭᠤᠮ᠎ᠠ ᠶᠠᠷᠢᠭᠰᠠᠨ ᠡᠴᠡ᠂ ᠬᠡᠦᠬᠡᠳ ᠨᠤᠮ ᠣᠩᠰᠢᠬᠤ ᠵᠠᠮ ᠳᠤ ᠣᠷᠤᠳᠠᠭ ᠴᠤ ᠪᠠᠢ᠌ᠵᠤ ᠮᠠᠳᠠᠨ᠎ᠠ᠃ ᠮᠢᠨᠤ ᠰᠠᠨᠠᠵᠤ ᠪᠠᠢ᠌ᠬᠤ ᠪᠠᠷ᠂ ᠠᠩᠬ᠎ᠠ ᠳᠤᠮᠳᠠᠳᠤ ᠳᠤ ᠪᠠᠢ᠌ᠬᠤ ᠳᠠᠭᠠᠨ ᠮᠠᠨ ᠤ ᠬᠠᠮᠳᠤ ᠰᠤᠷᠤᠭᠴᠢ ᠪᠦᠷ ᠴᠤᠭ ᠲᠠᠭᠠᠨ ᠯᠠ ᠡᠯᠳᠡᠪ ᠤᠨ ᠨᠤᠮ ᠣᠩᠰᠢᠵᠤ ᠡᠭᠢᠯᠡᠭ᠍ᠰᠡᠨ᠃ ᠬᠠᠷᠢᠨ ᠦᠨᠳᠦᠷ ᠳᠤᠮᠳᠠᠳᠤ ᠳᠤ ᠣᠷᠤᠭᠠᠤᠨ ᠰᠠ‍‌ᠶᠢ 《ᠥᠩᠭᠡᠷᠡᠭ᠍ᠰᠡᠨ ᠳᠡᠦᠭᠡ ᠪᠠᠨ ᠮᠡᠳᠡᠭᠦ ᠦᠭᠡᠶ ᠪᠣᠯ ᠣᠢ ᠳᠤᠷ ᠳᠦᠭᠡᠷᠢᠭ᠍ᠰᠡᠨ ᠰᠠᠷᠮᠠᠭᠴᠢᠨ》 ᠮᠠᠳᠤ ᠭᠡᠮᠡᠭᠦ ᠳᠦᠭ᠍ᠰᠢᠭᠦᠷᠢᠳᠤ ᠰᠡᠳᠬᠢᠯᠭᠡ ᠣᠷᠤᠵᠤ᠂ ᠦᠨᠳᠦᠰᠦᠳᠠᠨ ᠤ ᠳᠡᠦᠭᠡ ᠰᠤᠶᠤᠯ ᠭᠡᠳ ᠨᠢᠭᠡ ᠭᠡᠰᠡᠭ᠌ ᠬᠠᠯᠠᠭᠤᠷᠠᠭᠰᠠᠨ᠃ ᠰᠡᠭᠦᠯ ᠳᠡᠭᠡᠨ ᠬᠠᠯᠠᠭᠤᠨ ᠨᠢ ᠠᠷᠠᠢ ᠪᠠᠭᠤᠷᠠᠭᠰᠠᠨ ᠪᠣᠯᠪᠠᠴᠤ᠂ ᠦᠨᠳᠦᠰᠦᠳᠠᠨ ᠤ ᠵᠤᠬᠢᠶᠠᠯ ᠪᠦᠳᠦᠭᠡᠯ ᠳᠤ ᠠᠩᠬᠠᠷᠤᠯ ᠳᠠᠯᠪᠢᠬᠤ ᠳᠠᠳᠬᠠᠯ ᠪᠣᠯᠵᠤ ᠥᠯᠡᠳᠡᠭ᠍ᠰᠡᠨ ᠰᠢᠭ᠌ ᠰᠠᠨᠠᠭᠳᠠᠵᠤ ᠪᠠᠢ᠌ᠨ᠎ᠠ᠃ ᠶᠡᠭᠡ ᠰᠤᠷᠭᠠᠭᠤᠯᠢ ᠳᠤ ᠣᠷᠤᠭᠠᠤᠨ ᠳᠡᠯᠡᠭᠡᠢ ᠶᠢᠨ ᠠᠯᠳᠠᠷᠳᠤ ᠵᠤᠬᠢᠶᠠᠯ ᠤᠳ ᠲᠤ ᠨᠢᠭᠡ ᠭᠡᠰᠡᠭ᠌ ᠰᠢᠨᠤᠳᠠᠭ᠃ ᠣᠳᠤ ᠶᠢᠨ ᠶᠡᠭᠡ ᠰᠤᠷᠭᠠᠭᠤᠯᠢ ᠶᠢᠨ ᠰᠤᠷᠤᠭᠴᠢᠳ᠂ ᠺᠤᠮᠫᠢᠦ᠋ᠲ᠋ᠧᠷ ᠣᠷᠤᠭᠤ ᠢᠯᠡᠭᠦᠤ ᠰᠢᠨᠤᠳᠠᠭ ᠪᠠᠢ᠌ᠬ᠎ᠠ᠂ ᠳᠡᠯᠭᠡᠷᠡᠯᠳᠡ ᠵᠣᠢ᠌ᠯ ᠢ ᠢᠯᠡᠭᠦᠤ ᠠᠩᠬᠠᠷᠳᠠᠭ ᠪᠣᠯᠤᠯᠳᠠᠢ᠂ ᠮᠤᠩᠭ᠋ᠤᠯ ᠰᠤᠶᠤᠯ ᠶᠢᠡᠨ ᠠᠩᠬᠠᠷᠴᠤ ᠪᠠᠢ᠌ᠭ᠎ᠠ ᠵᠯᠠᠭᠤᠰ ᠴᠤ ᠵᠥᠩᠳᠡᠭᠡᠨ᠃

ᠮᠤᠩᠭ᠋ᠤᠯ ᠵᠣᠢ᠌ᠷ ᠰᠠᠴᠠᠨ ᠥᠭᠡ ᠪᠣᠯ ᠮᠤᠩᠭ᠋ᠤᠯ ᠤᠨ ᠠᠩᠬᠠᠨ ᠤ 《ᠭᠢᠴᠢᠶᠠᠯ ᠪᠢᠴᠢᠭ᠌》 ᠪᠠᠢ᠌ᠭ᠎ᠠ ᠶᠤᠮ᠃ ᠮᠤᠩᠭ᠋ᠤᠯ ᠡᠭᠡᠴᠦᠦᠯ ᠬᠡᠦᠬᠡᠳ ᠤᠨ ᠭᠦᠮᠦᠵᠢᠯ ᠢ ᠳᠤᠯᠵᠤ ᠪᠠᠢ᠌ᠭᠰᠠᠨ᠂ ᠵᠣᠢ᠌ᠷ ᠰᠠᠴᠠᠨ ᠥᠭᠡ ᠪᠠᠷ ᠭᠦᠮᠤᠨ ᠪᠣᠯᠬᠤ ᠶᠢᠨ ᠶᠤᠰᠤ ᠣᠴᠢᠷ᠂ ᠠᠵᠢᠯ ᠠᠮᠢᠳᠤᠷᠠᠯ ᠢ ᠳᠠᠨᠢᠭᠤᠯᠵᠤ ᠪᠠᠢ᠌ᠭᠰᠠᠨ᠃ ᠡᠵᠢ ᠪᠣᠯ ᠠᠩᠬᠠᠨ ᠤ ᠪᠠᠭᠰᠢ᠃ ᠵᠠᠯᠠᠭᠤ ᠪᠠᠭᠰᠢ ᠨᠡᠷ ᠰᠢᠨ᠎ᠠ ᠭᠢᠴᠢᠶᠠᠯ ᠤᠨ ᠪᠢᠴᠢᠭ᠌ ᠲᠡᠶ ᠪᠣᠯᠤᠭᠠᠤᠨ ᠬᠠᠭᠤᠴᠢᠨ ᠭᠢᠴᠢᠶᠠᠯ ᠤᠨ ᠪᠢᠴᠢᠭ᠌᠂ ᠠᠩᠬᠠᠨ ᠤ ᠪᠠᠭᠰᠢ ᠪᠠᠨ ᠮᠠᠷᠳᠠᠵᠤ ᠪᠣᠯᠬᠤ ᠦᠭᠡᠶ ᠪᠢᠵᠠ ᠳ᠋ᠠ᠃ ᠊᠊᠊᠊᠊᠊᠊᠊᠊᠊᠊᠊᠊᠊᠊ ᠰᠤᠷᠪᠣᠯᠵᠢᠯᠠᠭᠴᠢ)


ᠡᠴᠢᠭᠡ ᠡᠭᠡ ᠪᠣᠯ ᠬᠡᠦᠬᠡᠳ ᠤᠨ ᠨᠠᠰᠤᠨ ᠤ ᠪᠠᠭᠰᠢ


ᠰᠤᠷᠪᠣᠯᠵᠢᠯᠠᠭᠴᠢ᠄ ᠭᠡᠷ ᠤᠨ ᠠᠬᠠᠮᠠᠤᠨ ᠤᠨ ᠡᠭᠦᠷᠭᠡ ᠶᠠᠭᠤ ᠪᠠᠢ᠌ᠨ᠎ᠠ︖

ᠭᠦᠷᠵᠡᠪ᠄ ᠭᠡᠷ ᠤᠨ ᠠᠬᠠᠮᠠᠤᠨ ᠬᠡᠦᠬᠡᠳ ᠶᠢᠡᠨ ᠮᠤᠩᠭ᠋ᠤᠯ ᠶᠢᠡᠷ ᠶᠠᠷᠢᠬᠤ ᠶᠢ ᠵᠤᠷᠢᠭᠵᠢᠭᠤᠯᠤᠨ᠎ᠠ᠂ ᠪᠣᠷᠤᠭᠤ ᠵᠦᠷᠢᠭᠦᠤ ᠶᠠᠷᠢᠬᠤ ᠨᠢ ᠬᠠᠮᠢᠶ᠎ᠠ ᠦᠭᠡᠶ ᠴᠠᠭ ᠳᠤᠬᠠᠢ ᠳ᠋ᠤᠨᠢ ᠵᠠᠰᠠᠭᠠᠤᠨ ᠥᠭ᠍ᠪᠠᠯ ᠪᠣᠯᠴᠢᠬᠠᠨ᠎ᠠ᠃ ᠭᠡᠯᠡ ᠶᠢ ᠰᠤᠷᠤᠭᠠᠤᠨ ᠵᠤᠭᠢᠬᠤ ᠭᠡᠮᠵᠢᠶᠡᠨ ᠳᠤ ᠭᠦᠷᠪᠠᠯ ᠠᠮᠠᠷᠬᠠᠨ ᠪᠣᠯᠳᠠᠭ᠃

ᠭᠡᠷ ᠤᠨ ᠬᠡᠦᠬᠡᠳ ᠶᠢᠡᠨ ᠮᠤᠩᠭ᠋ᠤᠯ ᠰᠤᠷᠭᠠᠭᠤᠯᠢ ᠳᠤ ᠥᠭ᠍ᠴᠢᠭᠡᠪᠠᠯ ᠪᠣᠯᠴᠢᠬᠠᠨ᠎ᠠ ᠭᠡᠵᠤ ᠪᠣᠳᠤᠵᠤ ᠪᠣᠯᠬᠤ ᠦᠭᠡᠶ᠃ ᠬᠡᠦᠬᠡᠳ ᠤᠨ ᠭᠦᠮᠦᠵᠢᠯ ᠢ ᠰᠤᠷᠭᠠᠭᠤᠯᠢ᠂ ᠪᠠᠭᠰᠢ᠂ ᠨᠠᠩ ᠴᠤ ᠴᠠᠭ ᠦᠶ᠎ᠡ ᠳᠤ ᠲᠦᠯᠭᠢᠭᠡᠳ ᠪᠠᠢ᠌ᠵᠤ ᠪᠣᠯᠬᠤ ᠦᠭᠡᠶ᠃ ᠭᠡᠷ ᠤᠨ ᠠᠬᠠᠮᠠᠤᠨ᠂ ᠡᠴᠢᠭᠡ ᠡᠭᠡ ᠪᠣᠯ ᠬᠡᠦᠬᠡᠳ ᠤᠨ ᠨᠢᠭᠡ ᠨᠠᠰᠤᠨ ᠤ ᠪᠠᠭᠰᠢ ᠪᠠᠢ᠌ᠬᠤ ᠶᠤᠰᠤᠳᠠᠢ᠃ ᠬᠡᠦᠬᠡᠳ ᠤᠨ ᠶᠢᠡᠨ ᠰᠤᠷᠴᠤ ᠪᠠᠢ᠌ᠭ᠎ᠠ ᠶᠠᠭᠤᠮᠠᠨ ᠳᠤ ᠠᠩᠬᠠᠷᠤᠯ ᠳᠠᠯᠪᠢᠬᠤ ᠭᠡᠷᠡᠭ᠍ᠳᠡᠢ᠂ ᠵᠠᠷᠢᠮ ᠳᠠᠭᠠᠨ ᠳᠠᠭᠠᠵᠤ ᠰᠤᠷᠴᠤ ᠪᠠᠢ᠌ᠮᠠᠨ ᠰᠠ‍‌ᠶᠢ᠌ ᠳᠡᠮᠵᠢᠯᠭᠡ ᠦᠭ‍ᠭᠦ ᠪᠣᠯᠤᠮᠵᠢ ᠭᠠᠷᠭᠠᠬᠤ ᠪᠠᠢ᠌ᠳᠠᠯ ᠭᠠᠷᠴᠤ ᠪᠠᠰᠠ ᠮᠠᠳᠠᠨ᠎ᠠ᠃

ᠮᠢᠨᠤ ᠭᠡᠦᠭᠡᠨ ᠣᠳᠤ ᠶᠡᠭᠡ ᠰᠤᠷᠭᠠᠭᠤᠯᠢ ᠳᠤ ᠰᠤᠷᠤᠯᠴᠠᠵᠤ ᠪᠠᠢ᠌ᠨ᠎ᠠ᠂ ᠪᠢ ᠬᠡᠦᠬᠡᠳ ᠤᠨ ᠴᠡᠴᠡᠷᠯᠢᠭ᠌ ᠲᠤ ᠣᠷᠤᠬᠤ ᠦᠶ᠎ᠡ ᠡᠴᠡ ᠨᠢ ᠰᠤᠷᠴᠤ ᠪᠠᠢ᠌ᠭ᠎ᠠ ᠶᠠᠭᠤᠮᠠᠨ ᠳ᠋ᠤᠨᠢ ᠠᠩᠬᠠᠷᠤᠯ ᠳᠠᠯᠪᠢᠭᠰᠠᠭᠠᠷ ᠢᠷᠡᠭ᠍ᠰᠡᠨ᠂ ᠵᠠᠷᠢᠮ ᠳᠠᠭᠠᠨ ᠭᠢᠴᠢᠶᠠᠯ ᠤᠨ ᠪᠢᠴᠢᠭ᠌ ᠢ ᠨᠢ ᠣᠩᠰᠢᠵᠤ ᠳᠤᠭᠤᠯᠵᠤ ᠪᠠᠢ᠌ᠭᠰᠠᠨ᠃ ᠣᠳᠤ ᠮᠢᠨᠤ ᠭᠡᠦᠭᠡᠨ ᠰᠤᠷᠭᠠᠨ ᠭᠦᠮᠦᠵᠢᠯ ᠤᠨ ᠬᠠᠮᠢᠶᠠᠷᠤᠯᠳᠠ ᠶᠢᠨ ᠴᠢᠭᠯᠡᠯ ᠶᠢᠡᠷ ᠰᠤᠷᠴᠤ ᠪᠠᠢ᠌ᠨ᠎ᠠ᠂ ᠪᠢ ᠪᠠᠰᠠ ᠰᠤᠷᠴᠤ ᠪᠠᠢ᠌ᠭ᠎ᠠ ᠶᠠᠭᠤᠮ᠎ᠠ ᠶᠢ ᠨᠢ ᠳᠠᠭᠠᠭᠠᠤᠨ ᠦᠵᠡᠵᠤ ᠪᠠᠢ᠌ᠨ᠎ᠠ᠃

ᠰᠤᠷᠪᠣᠯᠵᠢᠯᠠᠭᠴᠢ᠄ ᠳᠠᠨ ᠤ ᠰᠤᠷᠭᠠᠭᠤᠯᠢ ᠳᠤ ᠬᠤᠳᠠ ᠶᠢᠨ ᠬᠡᠦᠬᠡᠳ ᠠᠷᠪᠢᠨ ᠦᠦ︖ ᠭᠦᠳᠡᠭᠡ ᠶᠢᠨ ᠬᠡᠦᠬᠡᠳ ᠠᠷᠪᠢᠨ ᠦᠦ︖ ᠭᠦᠳᠡᠭᠡ ᠶᠢᠨ ᠬᠡᠦᠬᠡᠳ ᠤᠨ ᠭᠡᠯᠡ ᠬᠤᠳᠠ ᠶᠢᠨ ᠬᠡᠦᠬᠡᠳ ᠤᠨ ᠭᠢ ᠡᠴᠡ ᠠᠷᠠᠢ ᠳᠡᠭᠡᠷ᠎ᠡ ᠪᠠᠢ᠌ᠨ᠎ᠠ ᠦᠦ︖

ᠭᠦᠷᠵᠡᠪ᠄ ᠬᠤᠳᠠ ᠶᠢᠨ ᠬᠡᠦᠬᠡᠳ ᠠᠷᠪᠢᠨ᠂ 23 ᠡᠴᠡ ᠢᠯᠡᠭᠦᠤ ᠶᠢ ᠡᠵᠡᠯᠡᠵᠤ ᠪᠠᠢ᠌ᠨ᠎ᠠ᠃ ᠭᠦᠳᠡᠭᠡ ᠶᠢᠨ ᠬᠡᠦᠬᠡᠳ ᠬᠤᠳᠠ ᠳᠤ ᠢᠷᠠᠨ᠎ᠠ ᠭᠡᠳᠡᠭ᠌ ᠴᠢᠨᠢ ᠭᠦᠴᠢᠷ᠂ ᠨᠠᠭᠠᠳᠤ ᠵᠠᠬ᠎ᠠ ᠨᠢ ᠬᠠᠷᠠᠵᠤ ᠰᠠᠭᠤᠬᠤ ᠭᠦᠮᠤᠨ ᠭᠡᠷᠡᠭ᠍ᠳᠡᠢ᠃

ᠭᠡᠯᠡᠨ ᠤ ᠬᠤᠪᠢ ᠳᠤ ᠪᠣᠯ ᠪᠠᠷᠤᠭ ᠵᠦᠷᠢᠶ᠎ᠠ ᠦᠭᠡᠶ ᠪᠣᠯᠤᠭᠰᠠᠨ᠃ ᠬᠤᠳᠠ ᠶᠢᠨ ᠭᠦᠮᠦᠰ ᠬᠡᠦᠬᠡᠳ ᠤᠨ ᠶᠢᠡᠨ ᠭᠡᠯᠡ ᠰᠤᠶᠤᠯ ᠤᠨ ᠪᠣᠯᠪᠠᠰᠤᠷᠠᠯ ᠢ ᠢᠯᠡᠭᠦᠤ ᠠᠩᠬᠠᠷᠬᠤ ᠪᠣᠯᠵᠤ ᠪᠠᠢ᠌ᠨ᠎ᠠ᠃ ᠭᠦᠳᠡᠭᠡ ᠶᠢᠨ ᠭᠦᠮᠦᠰ ᠡᠨᠠ ᠳᠠᠯ᠎ᠠ ᠪᠠᠷ ᠠᠷᠠᠢ ᠳᠤᠳᠠᠮᠠᠭ ᠪᠠᠢ᠌ᠨ᠎ᠠ᠂ ᠨᠠᠩ ᠴᠤ ᠭᠢᠳᠠᠤᠨ ᠶᠢᠡᠨ ᠢᠯᠡᠭᠦᠤ ᠮᠠᠳᠠᠪᠠᠯ ᠬᠤᠵᠢᠮ ᠠᠮᠢᠳᠤᠷᠠᠯ ᠳᠤ ᠳᠤᠰᠠ ᠪᠣᠯᠤᠨ᠎ᠠ ᠭᠡᠵᠤ ᠪᠣᠳᠤᠳᠠᠭ ᠨᠢ ᠳᠤᠭ᠎ᠠ ᠣᠯᠠᠨ ᠪᠠᠢ᠌ᠵᠤ ᠮᠠᠳᠠᠨ᠎ᠠ᠃

(ᠲ᠋ᠦᠷᠦᠭᠦᠤ ᠭᠡᠳᠤᠨ ᠵᠢᠯ᠂ ᠠᠩᠭ᠍ᠯᠢ ᠭᠡᠯᠡ ᠰᠤᠷᠬᠤ ᠬᠠᠯᠠᠭᠤᠷᠠᠯ ᠪᠣᠯᠵᠤ᠂ ᠭᠡᠷ ᠤᠨ ᠠᠬᠠᠮᠠᠤᠨ ᠨᠢ ᠬᠡᠦᠬᠡᠳ ᠶᠢᠡᠨ ᠳᠠᠭᠠᠭᠠᠤᠨ ᠠᠩᠭ᠍ᠯᠢ ᠭᠡᠯᠡ ᠰᠤᠷᠴᠤ ᠪᠠᠢ᠌ᠨ᠎ᠠ ᠭᠡᠰᠡᠨ ᠶᠠᠷᠢᠶ᠎ᠠ ᠰᠤᠨᠤᠰᠳᠠᠵᠤ ᠪᠠᠢ᠌ᠭᠰᠠᠨ᠃ ᠣᠳᠤ ᠪᠢᠳᠠ ᠪᠠᠷᠤᠭ ᠬᠡᠦᠬᠡᠳ ᠶᠢᠡᠨ ᠳᠠᠭᠠᠭᠠᠤᠨ ᠮᠤᠩᠭ᠋ᠤᠯ ᠭᠡᠯᠡᠨ ᠤ ᠲᠦᠪᠰᠢᠨ ᠶᠢᠡᠨ ᠳᠡᠭᠡᠭ᠍ᠰᠢᠯᠡᠭᠦᠯᠭᠦ ᠴᠢᠬᠤᠯᠠᠳᠠᠢ ᠪᠣᠯᠵᠤ ᠪᠠᠢ᠌ᠭ᠎ᠠ ᠰᠠᠠᠵᠢ᠃ ᠬᠦᠬᠡᠬᠤᠲᠠ ᠶᠢᠨ ᠬᠡᠦᠬᠡᠳ ᠶᠢᠡᠨ ᠮᠤᠩᠭ᠋ᠤᠯ ᠰᠤᠷᠭᠠᠭᠤᠯᠢ ᠳᠤ ᠦᠭ‍ᠭᠦᠭ᠍ᠰᠡᠨ ᠵᠠᠯᠠᠭᠤᠴᠤᠳ᠄ 《ᠭᠢᠳᠠᠤᠨ᠂ ᠠᠩᠭ᠍ᠯᠢ ᠭᠡᠯᠡ ᠶᠢ ᠰᠤᠷᠭᠠᠨ᠎ᠠ ᠭᠡᠵᠤ ᠵᠤᠪᠠᠬᠤ ᠭᠡᠷᠡᠭ᠌ ᠦᠭᠡᠶ᠃ ᠬᠠᠷᠢᠨ ᠮᠤᠩᠭ᠋ᠤᠯ ᠭᠡᠯᠡ ᠪᠠᠨ ᠮᠠᠷᠳᠠᠴᠢᠬᠠᠪᠠᠯ ᠳᠠᠭᠢᠭᠠᠤᠨ ᠰᠤᠷᠬᠤ ᠪᠣᠯᠤᠮᠵᠢ ᠦᠭᠡᠶ ᠪᠣᠯᠵᠤ ᠮᠠᠳᠠᠨ᠎ᠠ》 ᠭᠡᠵᠤ ᠥᠵᠡᠳᠡᠭ᠌ ᠪᠣᠯᠵᠠᠢ᠃

ᠭᠦᠳᠡᠭᠡ ᠶᠢᠨ ᠬᠡᠦᠬᠡᠳ᠂ ᠬᠤᠳᠠ ᠶᠢᠨ ᠬᠡᠦᠬᠡᠳ ᠭᠡᠰᠡᠨ ᠦᠭᠡᠶ᠂ ᠣᠯᠠᠩᠭᠢ ᠴᠠᠭ ᠶᠢᠡᠨ ᠰᠤᠷᠭᠠᠭᠤᠯᠢ ᠳᠤ ᠥᠩᠭᠡᠷᠡᠨ᠎ᠡ᠃ ᠭᠡᠷ ᠲᠡᠭᠡᠨ ᠬᠠᠷᠢᠭᠠᠤᠨ ᠳᠠᠰᠬᠠᠯ ᠳᠠᠭᠠᠨ ᠳᠠᠷᠤᠭᠳᠠᠭᠠᠤᠨ ᠠᠵᠢᠯ ᠭᠢᠨ᠎ᠠ ᠭᠡᠵᠤ ᠪᠠᠢ᠌ᠬᠤ ᠦᠭᠡᠶ᠃ ᠨᠠᠩ ᠴᠤ ᠮᠠᠯ ᠬᠤᠢ ᠲᠡᠶ ᠤᠢ᠌ᠷᠠᠳᠤᠨ᠎ᠠ ᠭᠡᠰᠡᠨ ᠶᠠᠪᠣᠳᠠᠯ ᠪᠠᠢ᠌ᠬᠤ ᠦᠭᠡᠶ᠃ ᠭᠡᠪᠠᠴᠤ ᠰᠤᠷᠭᠠᠭᠤᠯᠢ ᠶᠢᠨ ᠴᠢᠯᠦᠭᠡ ᠳᠠᠯᠪᠢᠭᠰᠠᠭᠠᠷ ᠬᠡᠦᠬᠡᠳ ᠶᠢᠡᠨ ᠭᠦᠳᠡᠭᠡ ᠶᠠᠪᠣᠭᠤᠯᠬᠤ᠂ ᠪᠦᠭᠦᠳᠡᠭᠡᠷ ᠶᠢᠡᠨ ᠮᠤᠩᠭ᠋ᠤᠯ ᠶᠢᠡᠷ ᠶᠠᠷᠢᠳᠠᠭ ᠣᠷᠴᠢᠨ ᠳᠤ ᠠᠪᠠᠴᠢᠵᠤ ᠪᠠᠢ᠌ᠪᠠᠯ ᠮᠤᠩᠭ᠋ᠤᠯ ᠭᠡᠯᠡᠨ ᠤ ᠳᠡᠭᠡᠭ᠍ᠰᠢᠯᠡᠯᠳᠡ ᠳ᠋ᠤᠨᠢ ᠠᠰᠢᠭ ᠲᠡᠶ ᠪᠠᠢ᠌ᠵᠤ ᠮᠠᠳᠠᠨ᠎ᠠ᠃ ᠳᠡᠭᠡᠭᠡᠳ 《ᠬᠡᠦᠬᠡᠳ ᠭᠦᠮᠤᠨ ᠶᠡᠭᠡᠴᠦᠦᠯ ᠤᠨ ᠶᠠᠷᠢᠶᠠᠨ ᠳᠤ ᠣᠷᠤᠯ᠎ᠠ》 ᠭᠡᠭᠦ ᠮᠠᠳᠤ ᠶᠢᠨ ᠬᠠᠭᠤᠴᠢᠨ ᠶᠤᠰᠤ ᠪᠠᠨ ᠪᠠᠭ᠎ᠠ ᠥᠭᠡᠷᠡᠴᠢᠯᠡᠵᠤ᠂ ᠬᠡᠦᠬᠡᠳ ᠤᠨ ᠶᠠᠷᠢᠵᠤ ᠰᠤᠷᠬᠤ᠂ ᠰᠤᠨᠤᠰᠴᠤ ᠰᠤᠷᠬᠤ ᠶᠢ ᠨᠢ ᠳᠠᠮᠵᠢᠪᠠᠯ ᠵᠤᠭᠢᠨ᠎ᠠ᠃ ᠬᠡᠦᠬᠡᠳ ᠲᠡᠶ ᠪᠠᠨ ᠴᠤᠭ ᠪᠠᠢ᠌ᠬᠤ ᠳᠠᠭᠠᠨ᠂ ᠶᠠᠭᠤ ᠳᠠᠭᠠᠷᠠᠭᠰᠠᠨ ᠪᠦᠭᠦᠨ ᠢ ᠮᠤᠩᠭ᠋ᠤᠯ ᠶᠢᠡᠷ ᠭᠡᠯᠡᠵᠤ ᠨᠠᠷᠠᠯᠠᠵᠤ᠂ ᠣᠢ᠌ᠯᠠᠭᠠᠭᠤᠯᠵᠤ ᠳᠠᠨᠢᠭᠤᠯᠵᠤ ᠪᠠᠢ᠌ᠬᠤ ᠳᠠᠳᠬᠠᠯ ᠲᠡᠶ ᠪᠣᠯᠪᠠᠯ ᠪᠢᠳᠠ ᠴᠤᠭ ᠳᠠᠪᠰᠢᠬᠤ ᠪᠣᠯᠤᠨ᠎ᠠ᠃ ᠊᠊᠊᠊᠊᠊᠊᠊᠊᠊᠊᠊᠊᠊᠊ ᠰᠤᠷᠪᠣᠯᠵᠢᠯᠠᠭᠴᠢ)


2010.05.14《ᠦᠪᠣᠷ ᠮᠤᠩᠭ᠋ᠤᠯ ᠤᠨ ᠡᠳᠦᠷ ᠤᠨ ᠰᠤᠨᠢᠨ》 ᠡᠴᠡ᠃


ᠵᠤᠬᠢᠶᠠᠭᠴᠢ᠄ ᠭᠦᠷᠵᠡᠪ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2429
ᠴᠠᠭ᠄ 2010 ᠤᠨ ᠤ 10 ᠰᠠᠷ᠎ᠠ ᠶᠢᠨ 11