ᠵᠡᠭᠦᠡᠭᠠᠷ ᠬᠠᠭᠠᠠᠳᠤ ᠣᠯᠤᠰ ᠤᠨ ᠳᠠᠭᠢᠯᠭ᠎ᠠ ᠶᠢᠨ ᠪᠢᠴᠢᠭ᠌
ᠰᠠᠴᠤᠯᠢ ᠶᠢᠨ ᠪᠢᠴᠢᠭ᠌

ᠡᠨᠡ ᠴᠠᠭ ᠤᠨ ᠰᠢᠷ᠎ᠠ ᠶᠢᠨ ᠱᠠᠰᠢᠨ ᠤ ᠡᠵᠡᠨ ᠱᠠᠭᠢᠮᠤᠨᠢ ᠪᠣᠷᠬᠠᠨ ᠡᠭᠢᠯᠡᠨ ᠠᠷᠪᠠᠨ ᠵᠥᠭ᠌ ᠭᠤᠷᠪᠠᠨ ᠴᠠᠭ ᠤᠨ ᠬᠠᠮᠤᠭ ᠪᠣᠷᠬᠠᠨ ᠪᠣᠳᠢᠰᠠᠳ᠋ᠸ᠎ᠠ ᠨᠡᠷ ᠪᠣᠯᠤᠭᠠᠳ ᠮᠦᠨ ᠳᠡᠭᠦᠨ ᠤ ᠶᠤᠰᠤᠭᠠᠷ ᠰᠢᠷ᠎ᠠ ᠶᠢᠨ ᠱᠠᠰᠢᠨ ᠤ ᠡᠵᠡᠨ ᠪᠣᠭᠳᠠ ᠽᠦᠩᠺᠠᠸ᠎ᠠ ᠡᠴᠢᠭᠡ ᠭᠦᠪᠠᠭᠦᠨ ᠪᠣᠯᠤᠭᠠᠳ ᠬᠠᠮᠤᠭ ᠪᠣᠳᠢᠰᠠᠳ᠋ᠸ᠎ᠠ ᠪᠢᠯᠢᠭ᠌ ᠤᠨ ᠨᠢᠳᠤᠳᠤ ᠨᠤᠮ ᠤᠨ ᠰᠠᠭᠢᠭᠤᠯᠰᠤᠨ ᠪᠠᠭᠠᠳᠤᠷ ᠶᠡᠭᠡᠨᠡᠰ ᠤᠨ ᠴᠢᠭᠤᠯᠭᠠᠨ ᠳᠠ ᠪᠦᠭᠦᠳᠡᠭᠡᠷ ᠲᠤ ᠳᠡᠭᠡᠵᠢ ᠪᠠᠨ ᠡᠷᠭᠦᠵᠤ ᠳᠠᠭᠢᠨ᠎ᠠ ᠪᠢᠳᠠᠨ᠂ ᠡ᠊ᠨᠳᠡ ᠥᠭᠡᠳᠡ ᠪᠣᠯ᠃

ᠮᠠᠨ ᠤ ᠣᠭ ᠤᠨ ᠣᠭ ᠡᠴᠡ ᠢᠨᠠᠭᠰᠢ ᠡᠪᠦᠭᠡ ᠡᠴᠢᠭᠡ ᠪᠣᠯᠤᠭᠠᠳ ᠣᠳᠤ ᠪᠢᠳᠠ ᠭᠦᠷᠳᠡᠯᠡᠭᠢ ᠪᠦᠭᠦᠳᠡᠭᠡᠷ ᠢ ᠠᠰᠠᠷᠠᠵᠤ ᠰᠠᠭᠢᠭᠤᠯᠰᠤᠨ ᠳᠡᠭ᠍ᠷᠢ ᠬᠠᠮᠳᠤ ᠳᠦᠷᠦᠭ᠍ᠰᠡᠨ ᠳᠠᠪᠤᠨ ᠳᠡᠭ᠍ᠷᠢ ᠳᠠ ᠪᠦᠭᠦᠳᠡᠭᠡᠷ ᠲᠤ ᠳᠡᠭᠡᠵᠢ ᠪᠠᠨ ᠡᠷᠭᠦᠵᠤ ᠳᠠᠭᠢᠨ᠎ᠠ ᠪᠢᠳᠠᠨ᠂ ᠡ᠊ᠨᠳᠡ ᠥᠭᠡᠳᠡ ᠪᠣᠯ᠃

ᠳᠠᠭᠢᠯ ᠳᠤ ᠵᠤᠭᠢᠰᠳᠠᠢ ᠶᠢᠨ ᠬᠠᠮᠤᠭ ᠬᠠᠭᠠᠨ᠂ ᠭᠠᠵᠠᠷ ᠣᠰᠤᠨ ᠤ ᠡᠵᠡᠳ ᠳᠠ ᠪᠦᠭᠦᠳᠡᠭᠡᠷ ᠲᠤ ᠳᠡᠭᠡᠵᠢ ᠪᠠᠨ ᠡᠷᠭᠦᠵᠤ ᠳᠠᠭᠢᠨ᠎ᠠ᠂ ᠡ᠊ᠨᠳᠡ ᠥᠭᠡᠳᠡ ᠪᠣᠯ᠃

ᠡᠵᠡᠨ ᠪᠣᠭᠳᠠ ᠭᠡᠭᠡᠨ ᠰᠦᠯᠳᠤ ᠪᠣᠯᠤᠭᠠᠳ ᠮᠡᠷᠭᠡᠨ ᠳᠠᠢ᠌ᠴᠢᠩ᠂ ᠳᠠᠰᠢᠳᠠᠪᠠ ᠣᠢ᠌ᠷᠠᠤᠨ ᠤᠨ ᠬᠠᠭᠠᠤᠨ ᠨᠤᠶᠠᠤᠨ ᠤᠨ ᠰᠠᠭᠢᠭᠤᠯᠰᠤᠨ ᠳᠠ ᠪᠦᠭᠦᠳᠡᠭᠡᠷ ᠲᠤ ᠳᠡᠭᠡᠵᠢ ᠪᠠᠨ ᠡᠷᠭᠦᠵᠤ ᠳᠠᠭᠢᠨ᠎ᠠ ᠪᠢᠳᠠᠨ᠂ ᠡ᠊ᠨᠳᠡ ᠥᠭᠡᠳᠡ ᠪᠣᠯ᠃

ᠠᠯᠳᠠᠢ ᠬᠠᠩᠭ᠋ᠠᠢ᠂ ᠡᠷᠴᠢᠰ᠂ ᠡᠭᠡ ᠬᠤᠪᠣᠭᠰᠠᠢ᠌ᠷ᠂ ᠪᠣᠭᠳᠠ ᠠᠯᠠᠭ ᠠᠭᠤᠯᠠ᠂ ᠢᠯᠢ᠂ ᠬᠠᠱᠢ᠂ ᠭᠦᠩᠭᠦᠰ᠂ ᠵᠤᠯᠳᠤᠰ᠂ ᠢᠯᠠᠩᠭ᠋ᠤᠶ᠎ᠠ ᠬᠠᠢ᠌ᠷᠬᠠᠨ ᠳᠡᠭᠡᠰ᠂ ᠭᠦᠭᠡ ᠣᠰᠤᠨ᠂ ᠳᠠᠷᠠᠩ ᠮᠤᠯᠳᠠᠢ᠂ ᠰᠠᠢ᠌ᠬᠠᠨ ᠳᠤᠬᠤᠢ᠂ ᠬᠠᠨ ᠳᠡᠭ᠍ᠷᠢ᠂ ᠠᠶᠠᠭᠤᠰ᠂ ᠴᠠᠭᠠᠨ ᠣᠰᠤᠨ᠂ ᠮᠦᠰᠤᠷ᠂ ᠭᠡᠳᠡᠩ᠂ ᠶᠡᠭᠡ ᠣᠰᠤᠨ᠂ ᠭᠦᠭᠡ ᠨᠢᠷᠤᠭᠤᠨ᠂ ᠬᠠᠱᠢᠩ᠂ ᠬᠠᠷᠠᠭᠠᠢ᠌ᠳᠤ᠂ ᠬᠤᠨᠤᠬᠠᠢ᠂ ᠰᠤᠭᠤ᠂ ᠪᠠᠬᠠᠯᠠᠭ᠂ ᠢᠮᠠᠭᠠᠳᠤ᠂ ᠠᠳᠠ᠂ ᠬᠤᠳᠤᠷᠬᠠᠢ᠂ ᠪᠠᠶᠠᠨ ᠵᠢᠷᠦᠭᠡᠨ ᠳᠠᠪᠣᠰᠤᠨ ᠨᠠᠭᠤᠷ᠂ ᠠᠯᠪᠢᠨ᠂ ᠣᠯᠠᠭᠠᠨ ᠬᠠᠳᠠ᠂ ᠭᠡᠭᠡᠨ ᠬᠠᠭᠢᠯᠭᠠᠨ᠂ ᠰᠢᠷᠠᠪᠢᠯ᠂ ᠭᠦᠭᠡ ᠣᠰᠤᠨ᠂ ᠬᠠᠷ᠎ᠠ ᠳᠠᠯ᠂ ᠡᠮᠡᠭᠡᠯ᠂ ᠳᠠᠷᠪᠠᠭᠠᠳᠠᠢ᠂ ᠵᠤᠢᠷ ᠪᠣᠷᠤ ᠳᠠᠯ᠂ ᠪᠠᠯᠬᠠᠱ ᠨᠠᠭᠤᠷ ᠡᠭᠢᠯᠡᠭᠡᠳ ᠡᠳᠡᠨ ᠳᠤ ᠬᠠᠳᠠᠭ᠎ᠠ ᠲᠡᠶ ᠥᠴᠦᠭᠡᠨ ᠠᠭᠤᠯᠠ ᠣᠰᠤᠨ ᠳᠤ ᠣᠷᠤᠰᠢᠭᠰᠠᠨ ᠡᠵᠡᠳ ᠤᠳ ᠲᠤ ᠳᠡᠭᠡᠵᠢ ᠪᠠᠨ ᠡᠷᠭᠦᠵᠤ ᠳᠠᠭᠢᠨ᠎ᠠ ᠪᠢᠳᠠᠨ᠂ ᠥᠭᠡᠳᠡ ᠪᠣᠯᠤᠨ ᠰᠤᠶᠤᠷᠬ᠎ᠠ᠃

ᠡᠨᠡ ᠴᠠᠭ ᠤᠨ ᠰᠢᠷ᠎ᠠ ᠶᠢᠨ ᠱᠠᠰᠢᠨ ᠤ ᠡᠵᠡᠨ ᠱᠠᠭᠢᠮᠤᠨᠢ ᠡᠭᠢᠯᠡᠨ ᠠᠷᠪᠠᠨ ᠵᠥᠭ᠌ ᠭᠤᠷᠪᠠᠨ ᠴᠠᠭ ᠤᠨ ᠬᠠᠮᠤᠭ ᠪᠣᠷᠬᠠᠨ ᠪᠣᠳᠢᠰᠠᠳ᠋ᠸ᠎ᠠ ᠨᠡᠷ ᠪᠦᠭᠦᠳᠡᠭᠡᠷ ᠢ ᠳᠠᠭᠢᠮᠤᠢ ᠴᠥᠭ᠌᠃ ᠮᠦᠨ ᠳᠡᠭᠦᠨ ᠤ ᠶᠤᠰᠤ ᠶᠢ ᠪᠠᠷᠢᠭᠴᠢ ᠰᠢᠷ᠎ᠠ ᠶᠢᠨ ᠱᠠᠰᠢᠨ ᠤ ᠡᠵᠡᠨ ᠪᠣᠭᠳᠠ ᠽᠦᠩᠺᠠᠸ᠎ᠠ ᠡᠴᠢᠭᠡ ᠭᠦᠪᠠᠭᠦᠨ ᠪᠦᠭᠦᠳᠡᠭᠡᠷ ᠢ ᠳᠠᠭᠢᠮᠤᠢ ᠴᠥᠭ᠌᠃

ᠬᠠᠮᠤᠭ ᠪᠣᠳᠢᠰᠠᠳ᠋ᠸ᠎ᠠ ᠪᠠᠯᠭᠡ ᠪᠢᠯᠢᠭ᠌ ᠤᠨ ᠨᠢᠳᠤᠳᠤ ᠨᠤᠮ ᠤᠨ ᠰᠠᠭᠢᠭᠤᠯᠰᠤᠨ ᠪᠠᠭᠠᠳᠤᠷ ᠶᠡᠭᠡᠨᠡᠰ ᠤᠨ ᠴᠢᠭᠤᠯᠭᠠᠨ ᠪᠦᠭᠦᠳᠡᠭᠡᠷ ᠢ ᠳᠠᠭᠢᠮᠤᠢ ᠴᠥᠭ᠌᠃

ᠡᠰᠡᠷᠸ᠎ᠡ ᠬᠤᠷᠮᠤᠰᠳᠠ ᠶᠢᠨ ᠳᠡᠷᠢᠭᠦᠳᠡᠨ ᠴᠠᠭᠠᠨ ᠵᠥᠭ᠌ ᠢ ᠲᠡᠳᠬᠦᠭ᠍ᠴᠢ ᠳᠡᠭ᠍ᠷᠢ ᠨᠡᠷ ᠪᠦᠭᠦᠳᠡᠭᠡᠷ ᠢ ᠳᠠᠭᠢᠮᠤᠢ ᠴᠥᠭ᠌᠃

ᠮᠠᠨ ᠤ ᠣᠭ ᠡᠴᠡ ᠢᠨᠠᠭᠰᠢ ᠡᠪᠦᠭᠡ ᠡᠴᠢᠭᠡ ᠪᠣᠯᠤᠭᠠᠳ ᠣᠳᠤ ᠪᠢᠳᠠᠨ ᠭᠦᠷᠳᠡᠯ᠎ᠡ ᠪᠦᠭᠦᠳᠡᠭᠡᠷ ᠢ ᠠᠰᠠᠷᠠᠵᠤ ᠬᠠᠢ᠌ᠷᠠᠯᠠᠭᠴᠢ ᠰᠠᠭᠢᠭᠤᠯᠤᠰᠤᠨ ᠳᠡᠭ᠍ᠷᠢ᠂ ᠬᠠᠮᠳᠤ ᠳᠦᠷᠦᠭ᠍ᠰᠡᠨ ᠳᠠᠪᠤᠨ ᠳᠡᠭ᠍ᠷᠢ ᠳᠠ ᠪᠦᠭᠦᠳᠡᠭᠡᠷ ᠢ ᠳᠠᠭᠢᠮᠤᠢ ᠴᠥᠭ᠌᠃

ᠳᠠᠭᠢᠯ ᠳᠤ ᠵᠤᠭᠢᠰᠳᠠᠢ ᠬᠠᠮᠤᠭ ᠬᠠᠨ ᠭᠠᠵᠠᠷ ᠣᠰᠤᠨ ᠤ ᠡᠵᠡᠳ ᠢ ᠳᠠᠭᠢᠮᠤᠢ ᠴᠥᠭ᠌᠃

ᠡᠵᠡᠨ ᠪᠣᠭᠳᠠ ᠭᠡᠭᠡᠨ ᠰᠦᠯᠳᠤ ᠪᠣᠯᠤᠭᠠᠳ ᠨᠤᠶᠠᠤᠨ ᠺᠠᠯᠳᠠᠨ ᠠᠪᠣᠭᠠᠢ᠂ ᠮᠡᠷᠭᠡᠨ ᠳᠠᠢ᠌ᠴᠢᠩ᠂ ᠳᠠᠰᠢᠳᠠᠧᠨ᠂ ᠰᠢᠷ᠎ᠠ ᠮᠠᠠᠵᠢ ᠣᠢ᠌ᠷᠠᠤᠨ ᠤᠨ ᠬᠠᠭᠠᠤᠨ ᠨᠤᠶᠠᠤᠨ ᠤᠨ ᠰᠠᠭᠢᠭᠤᠯᠰᠤᠨ ᠨᠤᠭᠤᠳ ᠢ ᠳᠠᠭᠢᠮᠤᠢ ᠴᠥᠭ᠌᠃

ᠠᠯᠳᠠᠢ ᠬᠠᠨ᠂ ᠡᠷᠴᠢᠰ᠂ ᠡᠭᠡ ᠬᠤᠪᠣᠭᠰᠠᠢ᠌ᠷ᠂ ᠪᠣᠭᠳᠠ ᠠᠯᠠᠭ ᠠᠭᠤᠯᠠ᠂ ᠢᠯᠢ᠂ ᠬᠠᠱᠢ᠂ ᠭᠦᠩᠭᠡᠰ᠂ ᠵᠤᠯᠳᠤᠰ ᠳᠠᠭᠢᠮᠤᠢ ᠴᠥᠭ᠌᠂ ᠢᠯᠠᠩᠭ᠋ᠤᠶ᠎ᠠ ᠬᠠᠢ᠌ᠷᠬᠠᠨ ᠳᠡᠭᠡᠰ᠂ ᠭᠦᠭᠡ ᠣᠰᠤᠨ ᠳᠠᠭᠢᠮᠤᠢ ᠴᠥᠭ᠌᠃

ᠵᠢᠷᠭᠠᠯᠠᠩ᠂ ᠵᠢᠷᠤᠮᠳᠠᠢ᠂ ᠳᠡᠷᠡᠭ᠌᠂ ᠮᠤᠯᠳᠠᠢ᠂ ᠰᠠᠢ᠌ᠬᠠᠨ ᠳᠤᠬᠤᠢ᠂ ᠠᠶᠠᠭᠤᠰ᠂ ᠴᠠᠭᠠᠨ ᠣᠰᠤ ᠳᠠᠭᠢᠮᠤᠢ ᠴᠥᠭ᠌᠃

ᠬᠠᠨ ᠳᠡᠭ᠍ᠷᠢ᠂ ᠮᠦᠰᠤᠷ᠂ ᠪᠠᠶᠠᠩᠭ᠋ᠤᠤᠯ᠂ ᠭᠤᠷᠪᠠᠨ ᠬᠠᠪᠠᠭᠭ᠂ ᠭᠡᠳᠡᠩ᠂ ᠬᠠᠷᠭᠠᠢ᠌ᠳᠤ᠂ ᠬᠤᠨᠤᠬᠠᠢ ᠳᠠᠭᠢᠮᠤᠢ ᠴᠥᠭ᠌᠃

ᠰᠤᠭᠤ᠂ ᠪᠠᠬᠠᠯᠠᠭ᠂ ᠨᠢᠴᠦᠭᠦᠨ᠂ ᠠᠳᠠ᠂ ᠢᠮᠠᠭᠠᠳᠤ᠂ ᠬᠤᠳᠤᠷᠬᠠᠢ ᠳᠠᠭᠢᠮᠤᠢ ᠴᠥᠭ᠌᠃

ᠣᠷᠳᠤ ᠪᠣᠯᠠᠭ᠂ ᠰᠢᠪᠠᠷᠳᠠᠢ ᠶᠢᠨ ᠪᠣᠯᠠᠭ ᠳᠠᠭᠢᠮᠤᠢ᠃

ᠳᠠᠪᠣᠰᠤᠨ ᠨᠠᠭᠤᠷ᠂ ᠣᠯᠠᠭᠠᠨ ᠬᠠᠳᠠ᠂ ᠠᠯᠪᠢᠨ᠂ ᠭᠡᠰᠡ᠂ ᠬᠠᠷᠭᠢᠯᠭᠠᠨ᠂ ᠰᠢᠷᠠᠪᠢᠯ᠂ ᠵᠤᠤ᠂ ᠭᠦᠭᠡ ᠣᠰᠤᠨ᠂ ᠬᠠᠷ᠎ᠠ ᠳᠠᠯ ᠳᠠᠭᠢᠮᠤᠢ᠃

ᠡᠮᠡᠭᠡᠯ᠂ ᠳᠠᠷᠪᠠᠭᠠᠳᠠᠢ᠂ ᠵᠠᠢ᠌ᠷ᠂ ᠪᠣᠷᠤ ᠳᠠᠯ ᠳᠠᠭᠢᠮᠤᠢ ᠴᠥᠭ᠌᠃

ᠪᠠᠯᠠᠬᠠᠱ ᠨᠠᠭᠤᠷ᠂ ᠰᠠᠢ᠌ᠷᠠᠮ ᠨᠠᠭᠤᠷ᠂ ᠡᠳᠡᠨ ᠳᠤ ᠬᠠᠳᠠᠭ᠎ᠠ ᠲᠡᠶ ᠥᠴᠦᠭᠡᠨ ᠠᠭᠤᠯᠠ ᠣᠰᠤᠨ ᠳᠤ ᠣᠷᠤᠰᠢᠭᠰᠠᠨ ᠡᠵᠡᠳ ᠢ ᠳᠠᠭᠢᠮᠤᠢ ᠴᠥᠭ᠌᠃

ᠮᠠᠰᠢ ᠬᠠᠢ᠌ᠷ᠎ᠠ ᠶᠢᠨ ᠰᠡᠳᠭᠢᠯ ᠶᠢᠡᠷ ᠡᠷᠭᠦᠭ᠍ᠰᠡᠨ ᠳᠠᠭᠢᠯ ᠢ ᠮᠠᠨᠢ ᠵᠤᠭᠤᠭᠯᠠᠨ ᠰᠤᠶᠤᠷᠬ᠎ᠠ ᠴᠥᠭ᠌᠃ ᠭᠡᠵᠢᠶ᠎ᠡ ᠡᠴᠡ ᠢᠨᠠᠭᠰᠢ ᠦᠯᠦ ᠮᠡᠳᠡᠭᠦᠢ ᠮᠤᠩᠬᠠᠭ ᠤᠨ ᠡᠷᠭᠡ ᠪᠠᠨ ᠪᠣᠷᠤᠭᠤ ᠭᠢᠭ᠍ᠰᠡᠨ ᠢ ᠮᠢᠨᠢ ᠪᠦᠭᠦᠳᠡᠭᠡᠷ ᠦᠷᠦᠰᠢᠶᠠᠵᠤ ᠭᠦᠯᠴᠡᠭᠡᠵᠤ ᠬᠠᠢ᠌ᠷᠠᠯᠠ᠃ ᠣᠳᠤ ᠡᠭᠦᠡᠴᠡ ᠬᠣᠢ᠌ᠰᠢ ᠱᠠᠰᠢᠨ ᠲᠦᠷᠦ ᠶᠢᠨ ᠣᠢ᠌ᠯᠠ ᠳᠤ ᠮᠢᠨᠢ ᠬᠠᠴᠠᠬᠤ ᠶᠢᠨ ᠰᠢᠯᠳᠠᠭᠠᠨ ᠪᠦᠭᠦᠳᠡᠭᠡᠷ ᠢ ᠠᠷᠢᠯᠭᠠᠵᠤ᠂ ᠵᠤᠭᠢᠯᠳᠤᠬᠤ ᠶᠢᠨ ᠰᠢᠯᠳᠠᠭᠠᠨ ᠪᠦᠭᠦᠳᠡᠭᠡᠷ ᠢ ᠪᠦᠳᠦᠭᠡᠵᠤ ᠬᠠᠢ᠌ᠷᠠᠯᠠ᠃ ᠠᠮᠢ ᠨᠠᠰᠤᠨ ᠢ ᠮᠠᠨᠢ ᠣᠷᠳᠤ ᠪᠣᠯᠭᠠᠵᠤ᠂ ᠠᠳᠠᠯ ᠮᠠᠯ ᠢ ᠮᠠᠨᠵᠤᠯᠠᠨ ᠪᠣᠯᠭᠠᠵᠤ ᠬᠠᠢ᠌ᠷᠠᠯᠠᠭᠳᠤᠨ᠃ ᠵᠢᠯ ᠢ ᠮᠢᠨᠢ ᠰᠠᠢ᠌ᠨ ᠪᠣᠯᠭᠠᠵᠤ᠂ ᠳᠠᠷᠢᠶ᠎ᠠ ᠲᠦᠮᠦᠰᠦ ᠶᠢ ᠮᠢᠨᠢ ᠳᠡᠯᠡᠭᠡᠷᠡᠭᠦᠯᠵᠤ ᠬᠠᠢ᠌ᠷᠠᠯᠠ᠃ ᠦᠷ᠎ᠡ ᠦᠨᠳᠦᠰᠦ ᠶᠢ ᠮᠢᠨᠢ ᠳᠡᠯᠭᠡᠷᠡᠭᠦᠯᠦᠭ᠍ᠴᠢ᠃

ᠣᠯᠤᠰ ᠠᠯᠪᠠᠳᠤ ᠶᠢ ᠮᠢᠨᠢ ᠣᠯᠠᠨ ᠪᠣᠯᠭᠠᠵᠤ ᠬᠠᠢ᠌ᠷᠠᠯᠠᠭᠳᠤᠨ᠃ ᠡᠪᠡᠳᠴᠢᠨ ᠠᠳᠠ ᠶᠢᠨ ᠳᠤᠤᠠᠬᠠᠷ ᠢ ᠮᠠᠨᠢ ᠠᠷᠢᠯᠭᠠᠵᠤ ᠬᠠᠢ᠌ᠷᠠᠯᠠᠭᠳᠤᠨ᠃ ᠡᠪ ᠡᠶ᠎ᠡ ᠶᠢ ᠮᠢᠨᠢ ᠰᠠᠢ᠌ᠨ ᠪᠣᠯᠭᠠᠵᠤ᠂ ᠪᠣᠶᠠᠨ ᠭᠡᠰᠢᠭ᠌ ᠢ ᠮᠢᠨᠢ ᠳᠡᠯᠭᠡᠷᠡᠭᠦᠯᠵᠤ ᠬᠠᠢ᠌ᠷᠠᠯᠠᠭᠳᠤᠨ᠃ ᠢᠯᠠᠩᠭ᠋ᠤᠶ᠎ᠠ ᠮᠠᠨ ᠤ ᠵᠢᠷᠭᠤᠭᠠᠨ ᠰᠤᠮᠤᠨ ᠤ ᠳᠤᠰᠤᠨ ᠳᠠᠢ᠌ᠰᠤᠨ ᠬᠠᠰᠠᠭ᠂ ᠪᠣᠷᠤᠳ ᠳᠡᠷᠢᠭᠦᠳᠡᠨ ᠦᠰᠢᠶᠠᠳᠤ ᠳᠠᠢ᠌ᠰᠤᠨ ᠢ ᠮᠠᠨᠢ ᠥᠰᠦᠭᠡᠢ ᠳᠤ ᠮᠢᠨᠢ ᠣᠷᠤᠭᠤᠯᠵᠤ᠂ ᠵᠠᠨᠤᠭᠰᠠᠨ ᠢ ᠮᠠᠨᠢ ᠵᠤᠤᠵᠠᠢ ᠳᠤ ᠮᠠᠨᠢ ᠣᠷᠤᠭᠤᠯᠵᠤ ᠬᠠᠢ᠌ᠷᠠᠯᠠᠭᠳᠤᠨ᠃ ᠭᠠᠳᠠᠨ᠎ᠠ ᠡᠴᠡ ᠭᠠᠷᠬᠤ ᠭᠠᠷᠤᠰᠢ ᠶᠢ ᠪᠣᠭᠤᠵᠤ ᠬᠠᠢ᠌ᠷᠠᠯᠠᠭᠳᠤᠨ᠃ ᠥᠷᠭᠦᠯᠵᠢ ᠬᠠᠭᠠᠴᠠᠯ ᠦᠭᠡᠶ ᠨᠥᠭᠦᠴᠡᠭᠦᠢ ᠣᠷᠤᠨ ᠢ ᠮᠢᠨᠢ ᠦᠷ᠎ᠡ ᠶᠢᠨ ᠦᠷ᠎ᠡ ᠳᠤ ᠭᠦᠷᠳᠡᠯ᠎ᠡ ᠵᠢᠷᠭᠠᠭᠤᠯᠵᠤ᠂ ᠬᠠᠮᠤᠭ ᠬᠠᠷ᠎ᠠ ᠵᠥᠭ᠌ ᠢ ᠬᠠᠭᠠᠵᠤ ᠬᠠᠢ᠌ᠷᠠᠯᠠ ᠬᠠᠢ᠌ᠷᠠᠯᠠᠭᠳᠤᠨ᠃ ᠴᠥᠭ᠌᠂ ᠴᠥᠭ᠌᠂ ᠴᠥᠭ᠌᠃

ᠣᠷᠭᠤᠬᠤᠢ ᠵᠥᠭ᠌ ᠤᠨ ᠪᠠᠷᠤᠠᠵᠠᠨ᠎ᠠ ᠶᠢᠨ ᠪᠣᠷᠬᠠᠨ ᠪᠣᠳᠢᠰᠠᠳᠸ᠎ᠠ᠂ ᠪᠠᠷᠠᠭᠤᠨ ᠵᠥᠭ᠌ ᠤᠨ ᠠᠶ‍ᠢᠩᠬᠠᠪᠠ ᠪᠣᠷᠬᠠᠨ ᠪᠣᠳᠢᠰᠠᠳ᠋ᠸ᠎ᠠ᠂ ᠵᠡᠭᠦᠨ ᠵᠥᠭ᠌ ᠤᠨ ᠠᠮᠢᠭᠢᠰᠢᠳᠠᠢ ᠪᠣᠷᠬᠠᠨ ᠪᠣᠳᠢᠰᠠᠳ᠋ᠸ᠎ᠠ᠂ ᠰᠢᠩᠭᠡᠭᠦ ᠵᠥᠭ᠌ ᠤᠨ ᠢᠶᠠᠪᠢᠳᠢᠸ᠎ᠠ ᠪᠣᠷᠬᠠᠨ ᠪᠣᠳᠢᠰᠠᠳ᠋ᠸ᠎ᠠ ᠠᠯᠢ ᠰᠠᠨᠠᠭᠰᠠᠨ ᠣᠢ᠌ᠯᠠ ᠮᠢᠨᠢ᠂ ᠮᠠᠨ ᠤ ᠨᠤᠮ ᠤᠨ ᠶᠤᠰᠤᠭᠠᠷ ᠪᠦᠳᠦᠵᠤ ᠢᠷᠡᠭ᠍ᠳᠤᠨ᠂ ᠭᠦᠰᠡᠭ᠍ᠰᠡᠨ ᠭᠦᠰᠡᠯ ᠮᠢᠨᠢ ᠬᠠᠩᠭ᠋ᠠᠵᠤ ᠢᠷᠡᠭᠦᠢ ᠵᠢᠷᠭᠠᠯᠠᠩ ᠢ ᠰᠠᠢ᠌ᠳᠤᠷ ᠪᠦᠳᠦᠭᠡᠵᠤ ᠬᠠᠢ᠌ᠷᠠᠯᠠᠭᠳᠤᠨ ᠪᠢᠳᠠᠨ ᠳᠤ ᠭᠡᠪᠡ᠃


᠊᠊᠊᠊᠊᠊᠊᠊᠊᠊᠊᠊᠊᠊᠊ ᠠᠯᠳᠠᠠ‍᠊ᠤ᠋ᠷᠭᠢᠯ ᠤᠨ 《ᠮᠤᠩᠭ᠋ᠤᠯ ᠳᠡᠦᠭᠡ ᠶᠢᠨ ᠰᠤᠷᠪᠣᠯᠵᠢ ᠪᠢᠴᠢᠭ᠌ ᠶ‍ᠢᠰᠤᠨ ᠵᠣᠢ᠌ᠯ》 ᠡᠴᠡ ᠵᠤᠬᠢᠶᠠᠭᠴᠢ ᠶᠢᠨ ᠵᠦᠪᠰᠢᠶᠠᠷᠠᠯ ᠲᠡᠶ ᠰᠢᠯᠵᠢᠭᠦᠯᠪᠡ

ᠵᠤᠬᠢᠶᠠᠭᠴᠢ᠄ ᠠᠯᠳᠠᠠ‍᠊ᠤ᠋ᠷᠭᠢᠯ
ᠬᠠᠷᠢᠶ᠎ᠠ᠄ ᠮᠤᠩᠭᠤᠯ ᠲᠡᠦᠬᠡ
ᠳᠠᠷᠤᠮ᠄ 4229
ᠴᠠᠭ᠄ 2008 ᠤᠨ ᠤ 12 ᠰᠠᠷ᠎ᠠ ᠶᠢᠨ 23