ᠳᠠ ᠨᠡᠷ ᠲᠤ ᠪᠠᠨ ᠡᠷᠭᠦᠭᠦ ᠰᠢᠯᠦᠭ᠌
᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠷᠠᠭᠤᠨ ᠬᠣᠢ᠌ᠳᠤ ᠶᠢᠨ ᠪᠠᠭᠰᠢ ᠶᠢᠨ ᠶᠡᠭᠡ ᠰᠤᠷᠭᠠᠭᠤᠯᠢ ᠶᠢᠨ 2008 ᠣᠨ ᠤ ᠳᠡᠭᠦᠰᠭᠦ ᠭᠡᠵᠤ ᠪᠠᠢ᠌ᠭ᠎ᠠ ᠠᠬ᠎ᠠ ᠡᠭᠡᠴᠢ ᠨᠡᠷ ᠲᠤ ᠵᠤᠷᠢᠭᠤᠯᠪᠠ

ᠳᠡᠭ᠍ᠷᠢᠯᠢᠭ᠌ ᠮᠤᠩᠭ᠋ᠤᠯ ᠳᠤ ᠵᠠᠶᠠᠭᠠᠵᠤ

ᠳᠡᠭᠡᠳᠦᠰ ᠤᠨ ᠪᠣᠶᠠᠨ ᠢ ᠣᠯᠠᠮᠵᠢᠯᠠᠨ

ᠳᠡᠭᠡᠳᠤ ᠮᠤᠩᠭ᠋ᠤᠯ ᠳᠤ ᠵᠤᠯᠭᠠᠭᠰᠠᠨ ᠮᠢᠨᠢ ᠣᠴᠠᠷᠳᠠᠢ᠃

ᠨᠤᠮ ᠤᠨ ᠮᠦᠷ ᠭᠦᠭᠡᠭᠡᠵᠤ

ᠨᠤᠳᠤᠭ ᠡᠴᠠ ᠪᠠᠨ ᠰᠠᠯᠤᠭᠰᠠᠨ ᠬᠤᠨ ᠪᠢᠳᠠ

ᠦᠪᠣᠷ ᠮᠤᠩᠭ᠋ᠤᠯᠴᠤᠤᠳ ᠭᠡᠵᠤ

ᠦᠷᠦᠭᠡᠯ ᠤᠨ ᠨᠤᠳᠤᠭ ᠲᠤ ᠳᠠᠨᠢᠯᠴᠠᠭᠰᠠᠨ ᠪᠢᠳᠠ

ᠨᠠᠮᠤᠷ ᠤᠨ ᠡᠭᠢᠨ ᠤ ᠡᠳᠦᠷ ᠤᠳ ᠳᠤ

ᠨᠠᠢ᠌ᠵᠠᠯᠠᠵᠤ ᠳᠠᠰᠤᠯᠴᠠᠭᠰᠠᠨ ᠪᠢᠳᠠ

ᠨᠢ᠋ᠮᠠᠨ ᠵᠠᠭᠤᠨ ᠤ ᠳᠡᠷᠳᠡᠭᠡᠭᠢ ᠳᠡᠦᠭᠡ ᠶᠢ

ᠬᠠᠭᠤᠴᠢᠯᠠᠵᠤ ᠰᠠᠭᠤᠭᠰᠠᠨ ᠪᠢᠳᠠ

ᠭᠦᠮᠤᠨ ᠤ ᠨᠤᠳᠤᠭ ᠲᠤ ᠰᠡᠳᠭᠢᠯ ᠵᠢᠷᠦᠭᠡ ᠪᠠᠷ ᠵᠢᠠᠨ

ᠢᠳᠡᠭᠡᠯᠴᠡᠨ ᠳᠠᠰᠤᠯᠴᠠᠭᠰᠠᠨ ᠪᠢᠳᠠ

ᠭᠦᠷ ᠪᠠᠶᠠᠷ ᠶᠢᠡᠨ ᠬᠠᠮᠳᠤ ᠪᠠᠷ ᠬᠤᠪᠢᠶᠠᠯᠴᠠᠭᠰᠠᠨ

ᠭᠦᠮᠤᠨ ᠤ ᠣᠷᠴᠢᠯᠠᠩ ᠤᠨ ᠮᠥᠩᠭᠡ ᠶᠢᠨ ᠠᠠᠳᠠ ᠪᠢᠳᠠ

ᠳᠡᠭᠡᠭᠦ ᠳᠤ ᠬᠤᠷᠸ᠎ᠠ ᠶᠢᠨ ᠵᠢᠮ ᠵᠢᠠᠷ

ᠬᠤᠷᠤᠮᠬᠠᠨ ᠵᠠᠭᠤᠷ᠎ᠠ ᠳᠦᠷᠪᠠᠨ ᠵᠢᠯ ᠥᠩᠭᠡᠷᠡᠯ᠎ᠡ᠂

ᠠᠩᠬ᠎ᠠ ᠮᠠᠨ ᠢ ᠢᠷᠡᠭᠦ ᠳ᠋ᠤ

ᠠᠪᠣ ᠡᠵᠢ ᠶᠢ ᠮᠢᠨᠢ ᠣᠷᠤᠯᠠᠨ

ᠠᠯᠢᠪᠠ ᠪᠦᠭᠦᠨ ᠢ ᠳᠠᠮᠵᠢᠵᠤ ᠪᠠᠢ᠌ᠭᠰᠠᠨ

ᠠᠬ᠎ᠠ ᠡᠭᠡᠴᠢ ᠨᠡᠷ ᠮᠢᠨᠢ

ᠠᠮᠢᠳᠤᠷᠠᠯ ᠤᠨ ᠶᠢᠡᠨ ᠠᠶᠠᠨ ᠢ ᠦᠷᠭᠦᠯᠵᠢᠯᠡᠭᠦᠯᠭᠦ ᠪᠣᠯᠤᠯ᠎ᠠ

ᠦᠨᠦᠴᠢᠷᠠᠨ ᠭᠠᠭᠴᠠᠭᠠᠷᠳᠠᠬᠤ ᠳᠤ ᠮᠢᠨᠢ

ᠦᠷᠯᠦᠭᠡ ᠶᠢᠨ ᠨᠠᠷᠠᠨ ᠪᠣᠯᠵᠤ ᠪᠠᠢ᠌ᠭᠰᠠᠨ

ᠦᠨᠳᠦᠰᠦ ᠨᠢᠭᠡᠳᠡᠢ ᠠᠬ᠎ᠠ ᠡᠭᠡᠴᠢ ᠮᠢᠨᠢ

ᠡᠳᠦᠷ ᠤᠨ ᠠᠶᠠᠨ ᠶᠢᠡᠨ ᠦᠷᠭᠦᠯᠵᠢᠯᠡᠭᠦᠯᠭᠦ ᠪᠣᠯᠤᠯ᠎ᠠ᠃

ᠨᠤᠳᠤᠭ ᠤᠨ ᠠᠬ᠎ᠠ ᠳᠡᠭᠦᠤ ᠭᠡᠵᠤ

ᠨᠦᠮᠦᠷᠢ ᠳᠤ ᠪᠠᠨ ᠳᠤᠯᠠᠭᠠᠴᠠᠭᠤᠯᠵᠤ ᠪᠠᠢ᠌ᠭᠰᠠᠨ

ᠠᠬ᠎ᠠ ᠡᠭᠡᠴᠢ ᠨᠡᠷ ᠮᠢᠨᠢ

ᠠᠷᠠᠤᠨ ᠤᠨ ᠰᠤᠷᠭᠠᠭᠤᠯᠢ ᠶᠢᠨ ᠶᠤᠰᠤᠭᠠᠷ ᠳᠡᠭᠦᠰᠭᠦ ᠪᠣᠯᠤᠯ᠎ᠠ


ᠠᠯᠤᠰ ᠲᠤ ᠳᠡᠮᠡᠤᠯᠡᠭᠦ ᠭᠡ ᠳᠠ ᠨᠡᠷ ᠤᠨ ᠵᠢᠠᠨ

ᠠᠰᠢᠳᠠ ᠭᠢᠯᠠᠷᠠᠭᠤᠯᠵᠤ ᠶᠠᠪᠣᠬᠤ ᠶᠢ ᠴᠢᠨᠢ

ᠠᠠᠳᠠ ᠶᠢᠨ ᠬᠤᠪᠢ ᠪᠠᠷ ᠵᠦᠩᠨᠠᠵᠤ ᠪᠠᠢ᠌ᠨ᠎ᠠ ᠪᠢᠳᠠ

ᠠᠮᠢᠳᠤᠷᠠᠯ ᠤᠨ ᠶᠢᠡᠨ ᠲᠦᠯᠦᠭᠡ ᠵᠢᠳᠭᠦᠵᠤ ᠶᠠᠪᠣᠭ᠎ᠠ ᠳᠠ ᠨᠡᠷ ᠤᠨ ᠵᠢᠠᠨ

ᠠᠮᠵᠢᠯᠳᠠ ᠶᠢᠨ ᠣᠷᠭᠢᠯ ᠳᠤ ᠭᠦᠷᠭᠦ ᠶᠢ ᠴᠢᠨᠢ

ᠠᠬ᠎ᠠ ᠳᠡᠭᠦᠤ ᠶᠢᠨ ᠬᠤᠪᠢ ᠪᠠᠷ ᠢᠷᠦᠭᠡᠵᠤ ᠪᠠᠢ᠌ᠨ᠎ᠠ ᠪᠢᠳᠠ

ᠭᠠᠵᠠᠷ ᠤᠨ ᠬᠠᠮᠢᠭ᠎ᠠ ᠭᠦᠷᠦᠭ᠍ᠰᠡᠨ ᠴᠤ

ᠭᠠᠠᠵᠤᠭ᠎ᠠ ᠳᠦᠭᠦᠷᠡᠩ ᠶᠠᠪᠣᠬᠤ ᠶᠢ ᠴᠢᠨᠢ

ᠭᠠᠭᠴᠠᠬᠠᠨ ᠳᠠ ᠨᠡᠷ ᠲᠤ ᠪᠠᠨ ᠵᠤᠷᠢᠭᠤᠯᠵᠤ ᠪᠠᠢ᠌ᠨ᠎ᠠ ᠪᠢᠳᠠ


ᠣᠷᠳᠤᠰ ᠨᠤᠳᠤᠭ ᠲᠡᠶ ᠣᠬᠠᠭᠠᠠᠳᠤ ᠠᠬ᠎ᠠ ᠶᠢᠨ ᠵᠢᠠᠨ

ᠣᠳᠤᠮ ᠰᠤᠳᠤᠷ ᠶᠢᠡᠨ ᠭᠡᠢ᠌ᠭᠦᠯᠵᠤ ᠶᠠᠪᠣᠬᠤ ᠶᠢ ᠴᠢᠨᠢ ᠢᠷᠦᠭᠡᠶ᠎ᠡ ᠪᠢᠳᠠ

ᠭᠦᠷᠢᠶ᠎ᠡ ᠨᠤᠳᠤᠭ ᠲᠡᠶ ᠯᠢᠩ ᠯᠢᠩ ᠡᠭᠡᠴᠢ ᠶᠢᠨ ᠵᠢᠠᠨ

ᠭᠦᠮᠤᠨ ᠤ ᠳᠤᠮᠳᠠ ᠣᠳᠤᠨ ᠪᠣᠯᠵᠤ ᠶᠠᠪᠣᠬᠤ ᠶᠢ ᠴᠢᠨᠢ ᠵᠦᠩᠨᠠᠶ᠎ᠠ ᠪᠢᠳᠠ

ᠲᠦᠰᠢᠶᠠᠳᠤ ᠨᠤᠳᠤᠭ ᠲᠡᠶ ᠳᠢᠩ ᠳᠢᠩ ᠡᠭᠡᠴᠢ ᠶᠢᠨ ᠵᠢᠠᠨ

ᠲᠦᠮᠡᠨ ᠤ ᠳᠤᠮᠳᠠ ᠨᠠᠷᠠᠨ ᠪᠣᠯᠵᠤ ᠶᠠᠪᠣᠬᠤ ᠶᠢ ᠴᠢᠨᠢ ᠢᠷᠦᠭᠡᠶ᠎ᠡ ᠪᠢᠳᠠ

ᠭᠠᠠᠵᠤᠭ᠎ᠠ ᠨᠤᠳᠤᠭ ᠲᠡᠶ ᠪᠢᠨ ᠪᠢᠨ ᠠᠬ᠎ᠠ ᠶᠢᠨ ᠵᠢᠠᠨ

ᠭᠠᠯ ᠰᠢᠭ᠌ ᠳᠦᠷᠠᠯᠵᠠᠵᠤ ᠶᠠᠪᠣᠬᠤ ᠶᠢ ᠴᠢᠨᠢ ᠵᠦᠩᠨᠠᠶ᠎ᠠ ᠪᠢᠳᠠ

ᠬᠦᠬᠡᠬᠤᠲᠠ ᠨᠤᠳᠤᠭ ᠲᠡᠶ ᠠᠭᠠᠷᠤ ᠡᠭᠡᠴᠢ ᠶᠢᠨ ᠵᠢᠠᠨ

ᠭᠦᠭᠡ ᠳᠡᠭ᠍ᠷᠢ ᠶᠢᠨ ᠳᠤᠤᠷ᠎ᠠ ᠨᠤᠭᠤᠭᠠᠷᠠᠵᠤ ᠶᠠᠪᠣᠬᠤ ᠶᠢ ᠴᠢᠨᠢ ᠢᠷᠦᠭᠡᠶ᠎ᠡ ᠪᠢᠳᠠ

ᠳᠡᠭᠡᠳᠤ ᠮᠤᠩᠭ᠋ᠤᠯ ᠶᠢᠡᠷ ᠨᠤᠳᠤᠭ ᠲᠡᠶ ᠭᠡᠭᠡᠡᠴᠢᠷ ᠡᠭᠡᠴᠢ ᠶᠢᠨ ᠵᠢᠠᠨ

ᠳᠡᠯᠭᠡᠷᠡᠵᠤ ᠶᠠᠪᠣᠬᠤ ᠶᠢ ᠴᠢᠨᠢ ᠵᠦᠩᠨᠠᠶ᠎ᠠ ᠪᠢᠳᠠ ︕


ᠵᠤᠬᠢᠶᠠᠭᠴᠢ ᠶᠢᠨ ᠬᠠ‍‌ᠶᠢᠭ ᠄ ᠪᠠᠷᠠᠭᠤᠨ ᠬᠣᠢ᠌ᠳᠤ ᠶᠢᠨ ᠪᠠᠭᠰᠢ ᠶᠢᠨ ᠶᠡᠭᠡ ᠰᠤᠷᠭᠠᠭᠤᠯᠢ

ᠵᠤᠬᠢᠶᠠᠭᠴᠢ᠄ ᠮᠠᠠᠳᠠᠷᠸ᠎ᠠ
ᠬᠠᠷᠢᠶ᠎ᠠ᠄ ᠰᠢᠯᠦᠭ
ᠳᠠᠷᠤᠮ᠄ 2062
ᠴᠠᠭ᠄ 2012 ᠤᠨ ᠤ 12 ᠰᠠᠷ᠎ᠠ ᠶᠢᠨ 06