ᠵᠠᠭᠢᠳᠠᠯ ᠪᠢᠴᠢᠭᠡᠷᠡᠢ ᠨᠠᠳᠠ

ᠠᠮᠠᠷᠠᠭ ᠨᠠᠢ᠌ᠵᠢ ᠪᠠᠨ ᠠᠯᠤᠰ ᠤᠨ ᠠᠶᠠᠨ ᠳᠤ ᠮᠤᠷᠳᠠᠭᠤᠯᠠᠬᠤ ᠳ᠋ᠠᠭᠠᠨ

ᠠᠬ᠎ᠠ ᠳᠡᠭᠦᠦᠰ ᠲᠡᠶ ᠪᠠᠨ ᠨᠠᠢ᠌ᠷᠯᠠᠨ ᠴᠡᠩᠭᠡᠭᠦ ᠳ᠋ᠡᠭᠡᠨ

ᠠᠢ᠌ᠯ ᠤᠨ ᠪᠣᠷᠤ ᠳᠤ ᠰᠡᠳᠭᠢᠯ ᠲᠡᠶ ᠪᠣᠯᠵᠤ ᠭᠦᠭ᠍ᠰᠦᠭᠦ ᠳ᠋ᠡᠭᠡᠨ

ᠠᠷᠭ᠎ᠠ ᠠᠯᠳᠠᠷᠠᠨ ᠶᠠᠭᠠᠬᠢᠬᠤ ᠪᠠᠨ ᠣᠯᠵᠤ ᠶᠠᠳᠠᠬᠤ ᠳ᠋ᠠᠭᠠᠨ

ᠨᠡᠭᠦᠳᠡᠯ ᠤᠨ ᠰᠢᠪᠠᠭᠤ ᠨᠤᠳᠤᠭ ᠰᠢᠯᠵᠢᠨ ᠭᠠᠩᠭ᠋ᠠᠨᠠᠬᠤ ᠳ᠋ᠤ

ᠨᠣᠢ᠌ᠷ ᠬᠤᠯᠵᠢᠨ ᠣᠯᠠᠨ ᠶᠠᠭᠤᠮ᠎ᠠ ᠪᠣᠳᠤᠭᠳᠠᠬᠤ ᠳ᠋ᠤ

ᠰᠠᠨᠠᠭᠰᠠᠨ ᠭᠡᠷᠡᠭ᠌ ᠰᠠᠭᠠᠤᠨ ᠲᠤ ᠣᠴᠠᠷᠠᠨ ᠰᠠᠠᠳᠤᠷᠬᠤ ᠳ᠋ᠠᠭᠠᠨ

ᠰᠠᠳᠤᠨ ᠳᠦᠷᠤᠯ ᠰᠠᠢ᠌ᠨ ᠮᠠᠭᠤ ᠶᠢ ᠢᠯᠭᠠᠯ ᠦᠭᠡᠶ ᠵᠢᠮᠡᠯᠡᠭᠦ ᠳ᠋ᠤ

ᠪᠣᠯᠵᠤᠭᠰᠠᠨ ᠭᠠᠵᠠᠷ ᠲᠠᠭᠠᠨ ᠪᠣᠯᠵᠤᠭᠠᠨ ᠡᠴᠠ ᠬᠤᠵᠢᠮᠳᠠᠨ ᠬᠠᠷᠠᠮᠰᠠᠬᠤ ᠳ᠋ᠠᠭᠠᠨ

ᠪᠣᠯᠭᠤᠮᠵᠢ ᠦᠭᠡᠶ ᠥᠭᠡ ᠪᠠᠷ ᠪᠣᠯᠤᠮᠵᠢ ᠦᠭᠡᠶ ᠭᠡᠷᠡᠭ᠌ ᠲᠤ ᠣᠴᠠᠷᠠᠬᠤ ᠳ᠋ᠠᠭᠠᠨ

ᠪᠢᠳᠡᠭᠦᠤ ᠣᠢ ᠳᠤ ᠬᠤᠩᠭ᠋ᠤᠷ ᠬᠤᠶᠠᠷ ᠥᠨᠦᠰᠦᠯᠴᠡᠭᠦ ᠳ᠋ᠤ

ᠪᠦᠷ ᠳᠠᠳᠠᠨ ᠤ ᠬᠠᠢ᠌ᠷ᠎ᠠ ᠶᠢᠨ ᠵᠢᠷᠭᠠᠯ ᠳᠤ ᠠᠳᠠᠭᠠᠷᠬᠠᠬᠤ ᠳ᠋ᠠᠭᠠᠨ

ᠠᠵᠢᠯ ᠠᠮᠢᠳᠤᠷᠠᠯ ᠳᠤ ᠭᠦᠴᠢᠷ ᠪᠠᠷᠭᠡ ᠳᠤᠯᠭᠠᠷᠠᠬᠤ ᠳ᠋ᠤ

ᠠᠯᠳᠠᠭ᠎ᠠ ᠡ᠊ᠨᠳᠡᠭᠦᠷᠡᠯ ᠴᠤᠤ ᠴᠤᠤᠷᠬᠠᠯ ᠳᠤ ᠪᠠᠴᠢᠮᠳᠠᠬᠤ ᠳ᠋ᠠᠭᠠᠨ

ᠢᠳᠡᠭᠡᠯ ᠭᠦᠷᠢᠶᠡᠯᠡᠯ ᠢ ᠣᠯᠤᠰ ᠲᠦᠮᠡᠨ ᠡᠴᠠ ᠪᠠᠨ ᠭᠦᠷᠳᠡᠭᠦ ᠳ᠋ᠡᠭᠡᠨ

ᠡᠩᠭᠦᠷᠡᠢ ᠦᠷ᠎ᠡ ᠳᠡᠭᠡᠨ ᠥᠯᠦᠭᠡᠢ ᠶᠢᠨ ᠪᠦᠪᠠᠢ ᠶᠢ ᠳᠠᠭᠤᠯᠠᠬᠤ ᠳ᠋ᠠᠭᠠᠨ

ᠵᠠᠭᠢᠳᠠᠯ ᠪᠢᠴᠢᠭᠡᠷᠡᠢ ᠨᠠᠳᠠ᠂ ᠵᠠᠭᠢᠳᠠᠯ ᠪᠢᠴᠢᠭᠡᠷᠡᠢ︕

ᠬᠠᠯᠠᠭᠤᠨ ᠭᠠᠷ ᠮᠢᠨᠢ ᠭᠡᠵᠢᠶ᠎ᠡ ᠬᠠᠮᠢᠭ᠎ᠠ ᠴᠤ ᠪᠠᠯᠡᠭᠡᠨ ᠪᠠᠢ᠌ᠨ᠎ᠠ

ᠬᠠᠮᠤᠭ ᠤᠨ ᠦᠨᠡᠠᠴᠢ ᠮᠤᠩᠭ᠋ᠤᠯ ᠵᠢᠷᠦᠭᠡ ᠵᠠᠯᠠᠭᠤᠬᠠᠨ ᠪᠠᠢ᠌ᠨ᠎ᠠ᠃


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠢᠯᠢ ᠴᠢᠩᠭᠢᠰ ᠴᠠᠭᠠᠨ ᠣᠰᠤ

ᠵᠤᠬᠢᠶᠠᠭᠴᠢ᠄ ᠥᠭᠡᠯᠡᠳ ᠪᠢᠮᠪᠠ ᠶᠢᠨ ᠪᠠᠶᠠᠠᠳᠤᠬᠤᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1592
ᠴᠠᠭ᠄ 2010 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ