ᠣᠷᠣᠢ᠌ᠳᠠᠭ᠎ᠠ ᠦᠭᠡᠶ ᠭᠦᠰᠡᠯ

ᠰᠠᠪᠠᠯᠵᠡᠨ ᠥᠯᠢᠶᠡᠭᠦ ᠰᠠᠯᠭᠢᠨ

ᠰᠡᠳᠭᠢᠯ ᠢ ᠮᠢᠨᠢ ᠭᠡᠳᠡᠭᠡᠨᠡᠵᠤ

ᠰᠠᠷᠢᠮᠠᠷ ᠦᠭᠡᠶ ᠵᠡᠭᠦᠳᠤᠨ ᠡᠴᠡ

ᠨᠣᠢ᠌ᠷ ᠢ ᠮᠢᠨᠢ ᠠᠷᠭᠠᠳᠠᠵᠤ

ᠨᠡᠭᠦᠳᠡᠯ ᠤᠨ ᠳᠤᠭᠤᠰᠤ ᠰᠢᠩᠭᠡᠷᠡᠭ᠍ᠰᠡᠨ

ᠨᠤᠳᠤᠭ ᠤᠨ ᠪᠠᠷ᠎ᠠ ᠡᠷᠢᠭ᠍ᠳᠡᠭᠦᠯᠵᠤ

ᠨᠡᠭᠡᠯ ᠬᠠᠳᠠᠭᠤ ᠠᠮᠢᠳᠤᠷᠠᠯ ᠤᠨ

ᠨᠦᠮᠦᠷᠢ ᠨᠥᠮᠵᠦᠭ᠌ ᠢ ᠮᠡᠳᠡᠷᠡᠭᠦᠯᠦᠨ᠎ᠡ᠃

      ᠰᠡᠮᠡᠭᠡᠨ ᠱᠠᠪᠰᠢᠬᠤ ᠪᠣᠷᠤᠭᠠᠨ

      ᠴᠡᠴᠡᠭ᠌ ᠤᠨ ᠳᠤᠭᠤᠰᠤ ᠶᠢ ᠣᠭᠢᠶᠠᠵᠤ

      ᠰᠡᠭᠡᠭᠡᠷᠡᠭᠦ ᠴᠠᠭ ᠤᠨ ᠱᠤᠤᠭᠢᠶᠠᠨ

      ᠴᠡᠯᠮᠡᠭ᠌ ᠳᠡᠭ᠍ᠷᠢ ᠶᠢ ᠠᠮᠢᠯᠠᠭᠤᠯᠵᠤ

      ᠲ᠋ᠤᠭᠯᠠᠭᠠᠮ ᠶᠡᠭᠡᠳᠡᠢ ᠨᠡᠢ᠌ᠭᠡᠮ

      ᠲ᠋ᠤᠭᠤᠭ᠎ᠠ ᠲᠡᠶ ᠱᠦᠯᠦ ᠰᠢᠭ ᠪᠣᠴᠠᠯᠵᠤ

      ᠲ᠋ᠤᠮᠤᠭ᠎ᠠ ᠣᠷᠤᠭᠰᠠᠨ ᠨᠠᠰᠤᠨ ᠤ

      ᠲ᠋ᠤᠯᠤᠭᠠᠢ ᠶᠠᠮᠠᠷ ᠢ ᠰᠢᠯᠭᠠᠨ᠎ᠠ᠃

ᠭᠡᠭᠡᠪᠴᠢ ᠪᠠᠷ  ᠱᠠᠭᠠᠢ᠌ᠬᠤ ᠨᠠᠷᠠᠨ ᠤ

ᠭᠡᠷᠡᠯ ᠤᠨ ᠰᠢᠷᠭᠡᠭ᠌ ᠢ ᠳᠤᠭᠠᠯᠠᠵᠤ

ᠭᠡᠨᠡᠨ ᠴᠠᠯᠠᠭᠠᠢ ᠨᠠᠰᠤᠨ ᠤ

ᠡ᠊ᠨᠳᠡᠭᠦᠷᠡᠯ ᠪᠦᠭᠦᠨ ᠢ ᠪᠣᠴᠠᠭᠠᠵᠤ

ᠡᠷ᠎ᠡ ᠭᠦᠮᠤᠨ ᠤ ᠰᠢᠠᠳᠠᠰᠤ ᠪᠠᠷ

ᠡᠭᠡᠯ ᠠᠮᠢᠳᠤᠷᠠᠯ ᠢ ᠰᠢᠭᠠᠭᠠᠵᠤ

ᠡᠭᠢᠯᠡᠭᠦ ᠶᠤᠰᠤᠳᠠᠢ ᠠᠵᠢᠯ ᠵᠢᠠᠨ

ᠡᠪ ᠢ ᠨᠢ ᠦᠵᠡᠵᠤ ᠭᠠᠷᠳᠠᠬᠤ ᠳᠤ᠁

ᠪᠣᠷᠬᠠᠨ ᠤ ᠭᠡᠭᠡᠨ ᠮᠠᠯᠮᠠᠢ

ᠪᠣᠶᠠᠨ ᠤ ᠬᠤᠷᠤᠢ ᠲᠡᠶ ᠳᠤᠰᠤᠨ᠎ᠠ

ᠪᠣᠮᠠᠨ ᠣᠨ ᠤ ᠣᠢ᠌ᠯᠠᠰ

ᠰᠢᠵᠢᠷ ᠥᠩᠭᠡ ᠪᠠᠷ ᠪᠣᠰᠤᠨ᠎ᠠ

ᠪᠣᠭᠤᠷᠤᠯ ᠮᠤᠩᠭ᠋ᠤᠯ ᠤᠨ ᠥᠡᠳᠦᠷᠯᠢᠭ᠌

ᠪᠣᠰᠤᠭ᠎ᠠ ᠭᠡᠯᠡ ᠪᠠᠷ ᠰᠢᠯᠦᠭᠯᠡᠨ᠎ᠡ

ᠪᠣᠳᠤᠯ ᠳᠤᠩᠭ᠋ᠠᠯᠠᠭ ᠬᠡᠦᠬᠡᠳ ᠮᠢᠨᠢ

ᠮᠥᠩᠭᠡ ᠭᠠᠯ ᠶᠢᠡᠷ ᠴᠤᠭᠵᠢᠨ᠎ᠠ᠃

      

ᠵᠤᠬᠢᠶᠠᠭᠴᠢ ᠶᠢᠨ ᠬᠠ‍‌ᠶᠢᠭ ᠄ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1327
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁