ᠬᠠᠷᠭᠠᠢ ᠶᠢᠨ ᠮᠤᠭᠢ

ᠬᠠᠷᠭᠠᠢ ᠶᠢᠨ ᠮᠤᠭᠢ ᠶᠢ ᠳᠠᠴᠢᠭᠢᠨᠠᠭᠤᠯᠤᠨ ᠵᠠᠵᠢᠯᠠᠬᠤ ᠳᠤ ᠶᠠᠭᠠᠭᠢᠭᠰᠠᠨ ᠰᠠᠢ᠌ᠬᠠᠨ ᠪᠣᠢ ︖ ᠳᠠ ᠳᠤᠷᠠᠳᠠᠢ ᠦᠦ ︖

ᠳᠠᠢ᠌ᠮᠤ ᠡ ︕ ᠭᠠᠷᠭᠠᠢ ᠶᠢᠨ ᠮᠤᠭᠢ ᠪᠣᠯ ᠳᠠᠷᠤᠢ ᠬᠠᠷᠭᠠᠢ ᠵᠢᠨ ᠲ᠋ᠠᠪᠠᠷᠠᠬᠠᠢ ᠶᠢᠨ ᠴᠠᠷᠴᠠᠮᠠᠯ ᠪᠣᠯᠬᠤ ᠶᠤᠮ᠃ ᠭᠡᠪᠠᠴᠤ᠂ ᠳᠠᠪᠠᠷᠬᠠᠢ ᠶᠢᠨ ᠴᠠᠷᠴᠠᠮᠠᠯ ᠪᠦᠭᠦᠨ ᠨᠢ ᠮᠤᠭᠢ ᠪᠣᠯᠳᠠᠭ ᠦᠭᠡᠶ᠂ ᠬᠠᠷᠢᠨ ᠪᠣᠯᠪᠠᠰᠤᠷᠴᠤ ᠬᠠᠳᠠᠭᠰᠠᠨ ᠰᠠᠢ᠌ᠨ ᠲ᠋ᠠᠪᠠᠷᠬᠠᠢ ᠵᠢᠨ ᠬᠠᠳᠠᠮᠠᠯ ᠨᠢ ᠳᠡᠭᠡᠭᠡᠳ ᠮᠦᠭᠢ ᠪᠣᠯᠵᠤ ᠴᠢᠳᠠᠨ᠎ᠠ᠃

ᠳᠠᠪᠠᠷᠬᠠᠢ ᠨᠢ ᠬᠠᠷᠭᠠᠢ ᠡᠴᠡ ᠶᠠᠭᠠᠭᠢᠵᠤ ᠭᠠᠷᠳᠠᠭ ᠪᠣᠢ ︖ ᠳᠠᠷᠠ ᠨᠢ ᠴᠤᠬᠤᠮ ᠳᠠᠭᠠᠨ ᠬᠠᠷᠭᠠᠢ ᠶᠢᠨ ᠰᠢᠷᠬ᠎ᠠ ᠡᠴᠡ ᠭᠤᠭᠤᠵᠢᠵᠤ ᠭᠠᠷᠤᠭᠰᠠᠨ ᠨᠢᠯᠴᠠᠬᠠᠢ᠂ ᠥᠩᠭᠡ ᠦᠭᠡᠶ᠂ ᠨᠠᠭᠠᠯᠳᠤᠮᠠᠭᠠᠢ ᠰᠢᠩᠭᠡᠨ ᠪᠠᠶᠠᠳᠤ ᠪᠣᠯᠬᠤ ᠶᠤᠮ᠃ ᠬᠠᠷᠭᠠᠢ ᠶᠢᠨ ᠰᠢᠷᠬ᠎ᠠ ᠨᠢ ᠬᠠᠷᠭᠠᠢ ᠶᠢᠨ ᠬᠤᠯᠳᠤᠰᠤᠨ ᠤ ᠬᠤᠪᠬᠤᠷᠤᠯ ᠪᠣᠶᠤ ᠰᠠᠯᠠᠭ᠎ᠠ ᠨᠠᠮᠠᠭ᠎ᠠ ᠶᠢᠨ ᠭᠢᠨᠢ ᠬᠤᠭᠤᠷᠤᠯ ᠡᠴᠡ ᠡᠭᠦᠰᠦᠭ᠍ᠰᠡᠨ ᠮᠤᠳᠤᠨ ᠤ ᠭᠤᠤᠯ ᠴᠤᠭᠴᠠ ᠶᠢᠨ ᠢᠯᠠ ᠭᠠᠷᠤᠭᠰᠠᠨ ᠭᠡᠰᠡᠭ᠌ ᠪᠣᠯᠤᠨ᠎ᠠ᠃ ᠡᠨᠡ ᠨᠢ ᠪᠠᠢ᠌ᠭᠠᠯᠢ ᠶᠢᠨ ᠰᠠᠯᠭᠢᠨ ᠪᠣᠷᠤᠭᠠᠨ᠂ ᠡᠡᠶ‍ᠦᠭ᠍ᠭ᠎ᠠ ᠴᠠᠭᠢᠯᠭᠠᠨ ᠤ ᠨᠢᠷᠭᠡᠯᠭᠡᠨ᠂ ᠭᠦᠮᠤᠨ ᠮᠠᠯ᠂ ᠠᠩ ᠭᠦᠷᠦᠰᠤ ᠶᠢᠨ ᠬᠠᠳᠠᠭᠤ ᠨᠥᠯᠦᠭᠡᠯᠡᠯ ᠨᠢ ᠬᠠᠷᠭᠠᠢ ᠶᠢᠨ ᠪᠠᠶ᠎ᠠ ᠲᠡᠶ ᠴᠢᠩᠭ᠎ᠠ ᠭᠦᠷᠦᠯᠴᠡᠯ ᠡᠭᠦᠰᠦᠭ᠍ᠰᠡᠨ ᠡᠴᠡ ᠭᠦᠯᠳᠡᠢ ᠪᠣᠯᠵᠤ ᠡᠢ᠌ᠮᠤ ᠰᠢᠷᠬᠠᠳᠤᠯ ᠢ ᠪᠣᠢ ᠪᠣᠯᠭᠠᠳᠠᠭ ᠣᠴᠢᠷᠳᠠᠢ ᠶᠤᠮ᠃ ᠡᠢ᠌ᠮᠤ ᠰᠢᠷᠬᠠᠳᠤᠯ ᠡᠴᠡ ᠪᠣᠯᠵᠤ ᠬᠠᠷᠭᠠᠢ ᠶᠢᠨ ᠬᠠᠯᠢᠰᠤ ᠪᠣᠯᠬᠤ ᠬᠤᠯᠳᠤᠰᠤ ᠭᠢᠭᠡᠳ ᠰᠠᠯᠠᠭ᠎ᠠ ᠨᠠᠮᠠᠭ᠎ᠠ ᠨᠢ ᠡᠭᠡ ᠪᠠᠶ᠎ᠠ ᠡᠴᠡ ᠪᠠᠨ ᠠᠯᠪᠠ ᠪᠠᠷ ᠰᠠᠯᠵᠤ ᠣᠨᠠᠭᠠᠤᠨ᠂ ᠭᠤᠤᠯ ᠪᠠᠶ᠎ᠠ ᠶᠢᠨ ᠵᠠᠷᠢᠮ ᠭᠡᠰᠡᠭ᠌ ᠨᠢ ᠢᠯᠠ ᠭᠠᠷᠴᠤ᠂ ᠳᠡᠭᠦᠨ ᠡᠴᠡ ᠵᠤᠭᠰᠤᠯᠳᠠ ᠦᠭᠡᠶ ᠰᠢᠭᠦᠰᠤ ᠳᠠᠭᠠᠪᠣᠷᠢᠯᠠᠳᠠᠭ᠃ ᠡᠨᠡᠭᠦ ᠰᠢᠭᠦᠰᠤ ᠨᠢ ᠠᠭᠤᠷᠰᠢᠭᠠᠤᠨ ᠥᠯᠡᠳᠡᠭ᠍ᠰᠡᠨ ᠭᠡᠰᠡᠭ᠌ ᠨᠢ ᠳᠠᠷᠤᠢ ᠨᠢᠯᠬ᠎ᠠ ᠳᠠᠪᠠᠷᠬᠠᠢ ᠪᠣᠯᠳᠠᠭ᠃ ᠳᠠᠷᠠ ᠨᠢ ᠠᠭᠠᠷ᠂ ᠨᠠᠷᠠᠨ ᠤ ᠭᠡᠷᠡᠯ ᠲᠡᠶ ᠵᠤᠯᠭᠠᠵᠤ ᠨᠢᠭᠡ ᠭᠡᠰᠡᠭ᠌ ᠬᠤᠭᠤᠴᠠᠭ᠎ᠠ ᠶᠢ ᠥᠩᠭᠡᠷᠡᠭᠡᠭᠡᠳ ᠠᠭᠠᠵᠢᠮ ᠶᠢᠡᠷ ᠴᠠᠷᠴᠠᠵᠤ ᠡᠭᠢᠯᠡᠳᠡᠭ᠌ ᠪᠦᠭᠡᠳ ᠥᠩᠭᠡ ᠨᠢ ᠴᠠᠭᠠᠨ᠂ ᠶᠠᠭᠠᠨ᠂ ᠣᠯᠠᠭᠠᠨ᠂ ᠬᠠᠷ᠎ᠠ᠂ ᠭᠦᠷᠡᠩ ᠵᠣᠢ᠌ᠯ ᠪᠦᠷᠢ ᠶᠢᠨ ᠥᠩᠭᠡ ᠲᠡᠶ ᠠᠭᠢᠭᠠᠤᠨ ᠰᠠᠢ᠌ᠬᠠᠨ ᠳᠠᠪᠠᠷᠬᠠᠢ ᠪᠣᠯᠵᠤ ᠬᠤᠪᠢᠷᠠᠨ᠎ᠠ᠃ ᠳᠠᠷᠠ ᠳᠠᠪᠠᠷᠬᠠᠢ ᠨᠢ ᠳᠠᠭᠢᠨ ᠭᠡᠳᠤᠨ ᠵᠢᠯ ᠤᠨ ᠠᠭᠠᠷ ᠰᠠᠯᠭᠢᠨ ᠤ ᠢᠯᠪᠢᠯᠳᠠ ᠪᠠ ᠨᠠᠷᠠᠨ ᠤ ᠡᠭᠡᠯᠳᠡ ᠶᠢ ᠭᠦᠯᠢᠶᠡᠵᠤ ᠳᠠᠭᠠᠯᠠᠭᠳᠠᠨ ᠪᠣᠢ᠌ᠵᠢᠭᠠᠤᠨ ᠣᠭ ᠤᠨ ᠵᠥᠭᠡᠯᠡᠪᠳᠦᠷ ᠴᠢᠨᠠᠷ ᠶᠢᠡᠨ ᠠᠯᠳᠠᠵᠤ ᠴᠠᠭᠢᠭᠤᠷ ᠠᠳᠠᠯᠢ ᠭᠡᠯᠭᠡᠷ ᠴᠢᠯᠠᠭᠤ ᠮᠠᠳᠤ ᠬᠠᠳᠠᠭᠤ ᠪᠠᠶ᠎ᠠ ᠲᠡᠶ ᠮᠤᠭᠢ ᠭᠡᠳᠡᠭ᠌ ᠰᠤᠨᠢᠨ ᠡᠳ᠋ ᠪᠣᠯᠵᠤ ᠬᠤᠪᠢᠷᠠᠨ᠎ᠠ᠃

ᠲ᠋ᠠᠪᠠᠷᠬᠠᠢ ᠶᠢ ᠵᠠᠵᠢᠯᠠᠵᠤ ᠪᠣᠯᠳᠠᠭ ᠦᠭᠡᠶ᠂ ᠳᠠᠷᠠ ᠨᠢ ᠴᠠᠭᠠᠰᠤ ᠨᠠᠭᠠᠬᠤ ᠨᠠᠭᠠᠯᠳᠠ ᠰᠢᠭ ᠰᠢᠩᠭᠡᠨ ᠡᠰᠡ ᠪᠣᠯᠪᠠᠴᠤ ᠬᠠᠭᠠᠰ ᠵᠥᠭᠡᠯᠡᠨ ᠪᠠᠶᠠᠳᠤ ᠪᠣᠯᠬᠤᠷ ᠠᠮᠳᠠ ᠨᠢ ᠭᠤᠰᠢᠭᠤᠨ ᠮᠦᠷᠳᠡᠭᠡᠨ ᠵᠠᠵᠢᠯᠬᠤ ᠳᠤ ᠰᠢᠳᠤ ᠲᠡᠶ ᠨᠠᠭᠠᠯᠳᠤᠭᠠᠤᠨ ᠯᠠ ᠭᠦᠮᠤᠨ ᠤ ᠳᠤᠷ᠎ᠠ ᠶᠢ ᠠᠯᠳᠠᠭᠤᠯᠵᠤ ᠪᠠᠢ᠌ᠳᠠᠭ᠃ ᠬᠠᠷᠢᠨ ᠡᠢ᠌ᠮᠤ ᠳᠠᠪᠠᠷᠬᠠᠢ ᠨᠢ ᠴᠤᠬᠤᠮ ᠳᠠᠭᠠᠨ ᠶᠠᠳᠤᠭ᠎ᠠ ᠶᠢᠨ ᠭᠦᠡᠳᠡᠢ ᠪᠠᠶ᠎ᠠ ᠶᠢᠨ ᠴᠢᠪᠠᠬᠠᠳᠠᠰᠤᠨ ᠤ ᠳᠡᠷᠭᠡᠳᠡᠭᠢ ᠭᠢᠯᠭᠠᠰᠤᠨ ᠭᠦᠪᠴᠢ ᠶᠢᠨ ᠵᠥᠯᠭᠦᠭ᠍ᠳᠡᠵᠤ ᠭᠦᠭ᠍ᠵᠢᠮ ᠡᠭᠦᠰᠭᠡᠭᠦ ᠭᠡᠰᠡᠭ᠌ ᠲᠤ ᠳᠦᠷᠭᠡᠭᠦ ᠭᠦᠭ᠍ᠵᠢᠮᠳᠡᠭᠦᠷ ᠤᠨ ᠭᠠᠪᠢᠶᠠᠳᠤ ᠡᠳ᠋ ᠪᠣᠯᠳᠠᠭ᠃

ᠲ᠋ᠠᠯ᠎ᠠ ᠶᠢᠨ ᠮᠠᠯᠴᠢᠳ ᠬᠠᠷᠭᠠᠢ ᠲᠡᠶ ᠠᠭᠤᠯᠠᠨ ᠳᠤ ᠭᠠᠷᠴᠤ ᠵᠤᠰᠠᠬᠤ ᠳᠤ᠂ ᠠᠢ᠌ᠯ ᠤᠨ ᠵᠠᠯᠠᠭᠤᠰ᠂ ᠠᠵᠢᠯᠰᠠᠭ ᠪᠦᠰᠡᠭᠦᠢᠴᠦᠳ᠂ ᠠᠯᠢᠶ᠎ᠠ ᠪᠠᠭᠠᠴᠤᠤᠳ᠂ ᠠᠩᠭ᠎ᠠ ᠬᠡᠦᠬᠡᠳ ᠴᠦᠮ ᠰᠠᠢ᠌ᠨ ᠮᠤᠭᠢ ᠣᠯᠵᠤ ᠵᠠᠵᠢᠯᠠᠭᠠᠤᠨ ᠠᠮᠠᠨ ᠤ ᠵᠠᠪᠠᠭ᠎ᠠ ᠰᠢᠳᠤᠨ ᠤ ᠵᠠᠭᠠᠴᠢᠨᠠᠭ᠎ᠠ ᠪᠠᠨ ᠭᠠᠷᠭᠠᠬᠤ ᠶᠢ ᠭᠦᠰᠡᠭᠡᠳ᠂ ᠰᠢᠯᠤᠰᠤ ᠪᠠᠨ ᠵᠠᠯᠭᠢᠨ᠎ᠠ᠃ ᠡᠨᠡ ᠦᠶ᠎ᠡ ᠶᠢᠨ ᠰᠠᠢ᠌ᠨ ᠮᠤᠭᠢ ᠣᠯᠵᠤ ᠵᠠᠵᠢᠯᠠᠬᠤ ᠭᠡᠰᠡᠨ ᠭᠦᠮᠦᠰ ᠤᠨ ᠠᠵᠢᠯᠯᠠᠭ᠎ᠠ ᠨᠢ ᠨᠢᠭᠡ ᠵᠣᠢ᠌ᠯ ᠤᠨ ᠠᠶᠠᠭᠳᠠᠭᠠᠨ ᠦᠷᠨᠢᠭ᠍ᠰᠡᠨ ᠰᠠᠢ᠌ᠨ ᠳᠤᠷ᠎ᠠ ᠶᠢᠨ ᠮᠦᠷᠤᠢ ᠲᠡᠶ ᠳᠤᠭᠯᠠᠭᠠᠮ ᠮᠠᠳᠤ ᠪᠠᠷ ᠬᠠᠷᠭᠠᠢ ᠳᠠᠭᠠᠭᠠᠤᠨ ᠪᠠᠭᠤᠭᠰᠠᠨ ᠠᠢ᠌ᠯ ᠤᠳ ᠲᠤ ᠳᠡᠯᠭᠡᠭᠦᠤ ᠶᠢᠨ ᠰᠤᠨᠢᠷᠬᠠᠮᠵᠢ ᠪᠣᠯᠳᠠᠭ᠃ ᠳᠠᠪᠠᠷᠢ ᠠᠷᠠᠢ ᠭᠦᠷᠦᠮ᠎ᠡ ᠪᠦᠳᠦᠭᠦᠨ ᠮᠢᠩᠭ᠋ᠠᠨ ᠨᠠᠰᠤᠳᠠᠢ ᠬᠠᠷᠭᠠᠢ ᠶᠢᠨ ᠨᠢᠷᠤᠭᠤᠨ ᠭᠦᠷᠦᠭ᠍ᠰᠡᠨ ᠭᠠᠵᠠᠷ ᠡᠴᠡ ᠪᠠᠨ ᠳᠤᠮᠤ ᠭᠦᠮᠦᠰ ᠵᠤᠭᠰᠤᠭ᠎ᠠ ᠪᠠᠷ ᠶᠢᠡᠨ ᠮᠤᠭᠢ ᠴᠤᠭᠢᠬᠤ ᠳᠤ᠂ ᠪᠠᠭᠠᠴᠤᠳ ᠬᠠᠷᠢᠨ ᠬᠠᠷᠭᠠᠢ ᠶᠢᠨ ᠠᠴᠠ ᠪᠦᠷᠢ ᠶᠢ ᠳᠠᠳᠠᠵᠤ ᠭᠢᠰᠭᠢᠯᠠᠨ ᠳᠡᠭᠡᠭ᠍ᠰᠢ ᠮᠠᠴᠠᠨ ᠳᠠᠪᠰᠢᠵᠤ᠂ ᠬᠠᠷᠭᠠᠢ ᠶᠢᠨ ᠳᠤᠮᠳᠠ ᠪᠠᠶ᠎ᠠ ᠭᠦᠷᠳᠡᠯ᠎ᠡ ᠰᠠᠮᠵᠠ ᠠᠳᠠᠯᠢ ᠳᠡᠭ᠍ᠳᠡᠯᠵᠢᠨ ᠭᠡᠷᠡᠮᠤ ᠮᠠᠳᠤ ᠦᠰᠦᠷᠠᠩᠨᠠᠨ ᠬᠦᠩᠭᠡᠨ ᠱᠠᠯᠠᠮᠠᠭᠠᠢ ᠪᠠᠷ ᠠᠪᠠᠷᠢᠨ ᠭᠠᠷᠴᠤ ᠭᠤᠯᠭᠤᠨ ᠪᠠᠭᠤᠭᠠᠤᠨ ᠢᠯᠡᠭᠦᠤ ᠪᠠᠬᠠᠳᠠᠢ ᠪᠠᠷ ᠮᠤᠭᠢ ᠳᠡᠭᠦᠳᠡᠭ᠌᠃ ᠳᠠᠳᠠ ᠮᠤᠭᠢ ᠳᠡᠭᠦᠭᠦ ᠳᠡᠭᠡᠨ ᠶᠠᠷᠤ ᠶᠢᠨ ᠪᠠᠢ᠌ᠳᠠᠯ ᠳᠤ ᠭᠢᠳᠤᠭ᠎ᠠ ᠣᠨᠤᠪᠴᠢ ᠪᠣᠶᠤ ᠱᠤᠷᠤ ᠴᠢᠯᠠᠭᠤ ᠪᠠᠷ ᠵᠠᠪᠰᠠᠩ ᠭᠢᠵᠤ ᠬᠠᠷᠭᠠᠢ ᠶᠢᠨ ᠬᠤᠯᠳᠤᠰᠤᠨ ᠤ ᠬᠠᠭᠤᠴᠢᠨ ᠰᠢᠷᠬ᠎ᠠ ᠲᠡᠶ ᠭᠡᠰᠡᠭ᠌ ᠲᠤ ᠬᠠᠳᠠᠵᠤ ᠳᠤᠭᠳᠠᠭᠰᠠᠨ ᠣᠯᠠᠭᠠᠨ᠂ ᠭᠦᠷᠡᠩ᠂ ᠬᠠᠷ᠎ᠠ ᠴᠠᠢ᠌ᠪᠣᠷ ᠵᠣᠢ᠌ᠯ ᠪᠦᠷᠢ ᠶᠢᠨ ᠥᠩᠭᠡ ᠲᠡᠶ ᠵᠢᠵᠢᠭ᠌ ᠵᠢᠵᠢᠭ᠌ ᠳᠤᠮᠪᠣ ᠳᠤᠮᠪᠣ ᠮᠤᠭᠢ ᠡᠴᠡ ᠰᠤᠩᠭ᠋ᠤᠨ ᠰᠤᠩᠭ᠋ᠤᠨ ᠴᠤᠭᠢᠵᠤ ᠠᠪᠳᠠᠭ᠃ ᠳᠠᠳᠠ ᠳᠡᠭᠦᠵᠤ ᠠᠪᠣᠭᠰᠠᠨ ᠮᠤᠭᠢ ᠪᠠᠨ ᠥᠩᠭᠡ ᠥᠩᠭᠡ ᠪᠠᠷ ᠨᠢ ᠰᠠᠯᠭᠠᠵᠤ ᠪᠡᠯᠡᠳᠭᠡᠵᠤ ᠳᠠᠯᠪᠢᠭᠰᠠᠨ ᠮᠤᠭᠢ ᠬᠠᠳᠠᠭᠠᠯᠠᠬᠤ ᠰᠠᠪᠠ ᠳᠠᠭᠠᠨ ᠳᠤᠤᠷ᠎ᠠ ᠳᠤᠤᠷ᠎ᠠ ᠨᠢ ᠰᠠᠢ᠌ᠬᠠᠨ ᠰᠠᠪᠠᠯᠠᠵᠤ ᠣᠷᠭᠢᠳᠠᠭ᠃ ᠴᠢᠨᠠᠷ ᠰᠠᠢ᠌ᠳᠠᠢ ᠬᠠᠳᠠᠭᠰᠠᠨ ᠬᠠᠷᠭᠠᠢ ᠶᠢᠨ ᠮᠤᠭᠢ ᠪᠣᠯ ᠭᠤᠤᠯᠳᠠᠵᠤ ᠽᠠᠠᠳᠠᠨ᠂ ᠣᠯᠠᠭᠠᠨ᠂ ᠣᠯᠠᠪᠣᠷ ᠴᠠᠭᠠᠨ᠂ ᠬᠠᠷ᠎ᠠ ᠭᠦᠷᠡᠩ ᠭᠡᠭᠦ ᠮᠠᠳᠤ ᠶᠢᠨ ᠦᠨᠳᠦᠰᠦᠨ ᠥᠩᠭᠡ ᠲᠡᠶ ᠪᠠᠢ᠌ᠵᠤ᠂ ᠬᠠᠵᠠᠬᠤ ᠳᠤ ᠬᠠᠳᠠᠭᠤ ᠪᠦᠭᠡᠳ ᠵᠠᠵᠢᠯᠠᠵᠤ ᠪᠣᠯᠪᠠᠰᠤᠷᠠᠭᠤᠯᠬᠤ ᠳᠤ ᠡᠭᠢᠯᠡᠴᠡ ᠳᠡᠭᠡᠨ ᠭᠡᠪᠠᠷᠩ ᠳᠠᠷᠠᠭ᠎ᠠ ᠨᠢ ᠡᠯᠳᠡᠭᠦᠷᠯᠢᠭ᠌ ᠵᠥᠭᠡᠯᠡᠨ ᠵᠠᠵᠢᠯᠠᠪᠣᠷᠢ ᠲᠡᠶ ᠮᠦᠷᠳᠡᠭᠡᠨ ᠥᠭᠡᠭᠦᠯᠢᠭ᠌ ᠰᠡᠷᠢᠭᠦᠨ ᠠᠮᠳᠠᠳᠠᠢ ᠶᠤᠮ᠃

ᠬᠠᠷᠭᠠᠢ ᠶᠢᠨ ᠮᠤᠭᠢ ᠶᠢ ᠵᠠᠵᠢᠯᠠᠬᠤ ᠳᠤ ᠠᠮᠠᠨ ᠤ ᠭᠦᠡᠳᠡᠢ ᠶᠢᠨ ᠥᠮᠡᠭᠡᠢ ᠳᠠᠷᠤᠭᠳᠠᠵᠤ᠂᠂ ᠰᠢᠳᠤᠨ ᠤ ᠊ᠭ᠍‍ᠬᠢᠷ ᠭᠠᠷᠴᠤ᠂ ᠭᠡᠯᠡᠨ ᠤ ᠡᠭᠡᠳᠡᠮᠡᠭ᠌ ᠠᠷᠢᠯᠵᠤ᠂ ᠠᠮᠠᠨ ᠤ ᠠᠷᠢᠭᠤᠨ ᠴᠠᠪᠠᠷ ᠢ ᠬᠠᠮᠠᠭᠠᠯᠠᠳᠠᠭ᠃ ᠪᠠᠰᠠ ᠡᠷᠡᠤ ᠶᠢᠨ ᠠᠵᠢᠯᠠᠭ᠎ᠠ ᠣᠯᠠᠰᠢᠷᠠᠵᠤ᠂ ᠠᠮᠢᠰᠬᠤᠯ ᠤᠨ ᠳᠠᠪᠳᠠᠮᠵᠢ ᠨᠡᠮᠡᠭ᠍ᠳᠡᠨ ᠠᠭᠤᠰᠭᠢ ᠶᠢᠨ ᠭᠦᠳᠡᠯᠪᠦᠷᠢ ᠰᠠᠢ᠌ᠵᠢᠷᠠᠵᠤ᠂ ᠨᠢᠭᠤᠷ ᠤᠨ ᠪᠣᠯᠴᠢᠩ ᠵᠤᠭᠰᠤᠯᠳᠠ ᠦᠭᠡᠶ ᠭᠦᠳᠡᠯᠵᠤ᠂ ᠳᠤᠯᠤᠭᠠᠢ ᠪᠠᠶ᠎ᠠ ᠶᠢᠨ ᠴᠢᠰᠤᠨ ᠭᠦᠶ‍ᠦᠯᠳᠡ ᠶᠢ ᠨᠡᠮᠡᠭ᠍ᠳᠡᠭᠦᠯᠡᠳᠡᠭ᠌᠃ ᠭᠦᠮᠤᠨ ᠤ ᠳᠠᠷᠢᠭᠢ ᠶᠢ ᠰᠡᠷᠭᠡᠭ᠍ᠵᠢᠭᠦᠯᠤᠨ ᠨᠢᠳᠤᠨ ᠬᠠᠷᠠᠭ᠎ᠠ ᠶᠢ ᠰᠠᠢ᠌ᠵᠢᠷᠠᠭᠤᠯᠵᠤ᠂ ᠬᠤᠳᠤᠭᠤᠳᠤ ᠶᠢᠨ ᠰᠢᠭᠦᠷᠡᠯᠳᠡ ᠶᠢ ᠳᠦᠷᠭᠡᠳᠭᠡᠨ ᠰᠢᠩᠭᠡᠭᠡᠯᠳᠡ ᠶᠢᠨ ᠰᠢᠰᠲ᠋ᠸᠮ ᠢ ᠴᠢᠩᠭ᠋ᠤᠬᠠᠬᠠᠳᠠᠭ᠃ ᠴᠦᠯ ᠤᠨ ᠴᠠᠭ ᠲᠤ ᠮᠤᠭᠢ ᠵᠠᠵᠢᠯᠠᠪᠠᠯ ᠰᠢᠯᠤᠰᠤ ᠬᠤᠷᠠᠭᠤᠯᠵᠤ᠂ ᠴᠠᠳᠬᠤᠯᠠᠩ ᠦᠶ᠎ᠡ ᠳᠤ ᠮᠤᠭᠢ ᠵᠠᠵᠢᠯᠠᠪᠠᠯ ᠳᠦᠷᠭᠡᠨ ᠦᠯᠦᠰᠤᠨ᠎ᠠ ᠭᠡᠳᠡᠭ᠌ ᠥᠭᠡ ᠢᠩᠭᠡᠭᠡᠳ ᠴᠤ ᠭᠡᠯᠡᠭ᠍ᠳᠡᠭ᠍ᠰᠡᠨ ᠪᠣᠯᠬᠠᠢ ᠦᠦ ︕ ᠮᠤᠭᠢ ᠵᠠᠵᠢᠯᠳᠠᠭ ᠭᠦᠮᠤᠨ ᠶᠠᠮ ᠦᠭᠡᠶ᠂ ᠮᠠᠯ ᠵᠠᠵᠢᠯᠳᠠᠭ ᠭᠦᠮᠤᠨ ᠶᠠᠳᠠᠷᠠᠭᠠᠨ ᠦᠭᠡᠶ ᠭᠡᠳᠡᠭ᠌ ᠶᠠᠷᠢᠶ᠎ᠠ ᠳᠡᠭᠡᠭᠡᠳ ᠴᠤ ᠬᠠᠭᠤᠴᠢᠯᠠᠭᠳᠠᠭᠰᠠᠨ ᠪᠣᠯᠬᠠᠢ ᠦᠦ ︖ ᠬᠠᠷᠭᠠᠢ ᠶᠢᠨ ᠮᠤᠭᠢ ᠨᠢ ᠰᠢᠳᠤ ᠶᠢ ᠴᠠᠪᠠᠷᠯᠠᠵᠤ ᠠᠮᠠᠨ ᠤ ᠭᠦᠡᠳᠡᠢ ᠶᠢ ᠠᠷᠢᠭᠤᠳᠬᠠᠵᠤ ᠴᠢᠳᠠᠳᠠᠭ ᠳᠤᠯᠠ ᠨᠤᠳᠤᠭ ᠤᠨ ᠮᠤᠩᠭ᠋ᠤᠯᠴᠤᠳ ᠤᠨ ᠳᠠᠪᠤᠨ ᠡᠷᠭᠡᠳᠡᠨ ᠤ ᠨᠢᠭᠡᠨ ᠠᠷᠢᠭᠤᠳᠬᠠᠯ ᠤᠨ ᠡᠮ ᠮᠦᠨ᠃ ᠦᠪᠯᠠᠵᠤ ᠢᠷᠡᠭ᠍ᠰᠡᠨ ᠰᠤᠶᠤᠯ ᠤᠨ ᠳᠠᠯᠠᠰ ᠮᠦᠨ ᠭᠡᠭᠦᠯ᠎ᠡ ᠢᠯᠡᠭᠦᠳᠡᠭᠦ ᠦᠭᠡᠶ ᠶᠤᠮ ᠪᠢᠯᠠ᠃ ᠰᠤᠨᠤᠰᠬᠤ ᠳᠤ᠂ ᠳᠠᠪᠠᠷᠠᠬᠠᠢ ᠶᠢᠨ ᠵᠣᠢ᠌ᠯ ᠨᠢ ᠮᠤᠩᠭ᠋ᠤᠯ ᠡᠮᠴᠢ ᠶᠢᠨ ᠳᠠᠯᠬᠠᠨ ᠡᠮ ᠳᠤ ᠨᠡᠮᠡᠭᠦᠷᠢ ᠪᠣᠯᠵᠤ ᠣᠷᠤᠳᠠᠭ ᠴᠤ ᠭᠡᠯ᠎ᠡ ︕

ᠬᠠᠷᠭᠠᠢ ᠶᠢᠨ ᠮᠤᠭᠢ ᠪᠣᠯ ᠬᠠᠢ᠌ᠷ᠎ᠠ ᠶᠢᠨ ᠪᠠᠯᠡᠭ᠌ ᠶᠤᠮ᠃ ᠡᠷᠳᠡ ᠣᠷᠢᠳᠤ ᠡᠴᠡ ᠨᠠᠰᠢ ᠳᠠᠯ᠎ᠠ ᠨᠤᠳᠤᠭ ᠤᠨ ᠮᠤᠩᠭ᠋ᠤᠯ ᠵᠠᠯᠠᠭᠤᠴᠤᠳ ᠬᠠᠷᠭᠠᠢ ᠶᠢᠨ ᠮᠤᠭᠢ ᠪᠠᠷ ᠪᠠᠯᠡᠭ᠌ ᠦᠭ‍ᠭᠦᠯᠴᠡᠵᠤ ᠢᠷᠡᠭ᠍ᠰᠡᠨ ᠳᠡᠦᠭᠡ ᠲᠡᠶ ᠶᠤᠮ᠃ ᠢᠯᠠᠩᠭ᠋ᠤᠶ᠎ᠠ ᠬᠠᠷᠭᠠᠢ ᠲᠡᠶ ᠠᠭᠤᠯᠠ ᠳᠤ ᠭᠠᠷᠤᠭᠰᠠᠨ ᠵᠠᠯᠠᠭᠤ ᠬᠠᠷᠢᠵᠤ ᠢᠷᠡᠭᠦ ᠳᠡᠭᠡᠨ ᠠᠮᠠᠷᠠᠭ ᠬᠤᠩᠭ᠋ᠤᠷ ᠲᠠᠭᠠᠨ ᠭᠠᠷ ᠤᠨ ᠠᠯᠴᠢᠭᠤᠷ ᠤᠨ ᠶᠢᠡᠨ ᠥᠡᠴᠦᠭ᠌ ᠲᠤ ᠵᠠᠩᠭᠢᠳᠤᠭᠰᠠᠨ ᠪᠦᠭᠡᠮ ᠪᠦᠭᠡᠮ ᠮᠤᠭᠢ ᠲᠡᠶ ᠡᠰᠡ ᠢᠷᠠᠪᠠᠯ ᠦᠨᠡᠠᠴᠢ ᠬᠠᠢ᠌ᠷ᠎ᠠ ᠪᠠᠨ ᠠᠯᠳᠠᠭᠰᠠᠨ ᠤ ᠳᠡᠮᠳᠡᠭ᠌ ᠭᠡᠵᠤ ᠭᠡᠯᠡᠭ᠍ᠳᠡᠳᠡᠭ᠌ ᠪᠠᠢ᠌ᠭᠰᠠᠨ ᠶᠤᠮ ᠭᠡᠨ᠎ᠡ᠃ ᠳᠦᠷᠭᠦᠮ ᠳᠡᠭᠡᠨ ᠵᠤᠯᠭᠠᠭᠰᠠᠨ ᠪᠦᠰᠡᠭᠦᠢ ᠡᠷᠭᠢᠵᠤ ᠭᠡᠷ ᠲᠡᠭᠡᠨ ᠬᠠᠷᠢᠬᠤ ᠳᠠᠭᠠᠨ ᠵᠠᠵᠢᠯᠠᠵᠤ ᠪᠣᠯᠪᠠᠰᠤᠷᠠᠭᠤᠯᠠᠭᠠᠤᠨ ᠡᠯᠳᠡᠵᠤ ᠬᠠᠳᠠᠭᠠᠭᠰᠠᠨ ᠡᠷᠡᠭᠡᠢ ᠶᠢᠨ ᠴᠢᠨᠡᠭᠡᠨ ᠮᠤᠭᠢ ᠣᠯᠵᠤ ᠢᠷᠠᠪᠠᠯ ᠭᠦᠪᠠᠭᠦᠤᠨ ᠤᠨ ᠶᠢᠡᠨ ᠡᠴᠢᠭᠡ ᠶᠢ ᠭᠦᠡᠳᠦᠳᠭᠡᠵᠤ ᠬᠠᠢ᠌ᠷᠠᠯᠠᠭᠰᠠᠨ ᠶᠢᠡᠷ ᠳᠤᠭᠠᠴᠢᠳᠠᠭ ᠪᠠᠢ᠌ᠭᠰᠠᠨ ᠭᠡᠨ᠎ᠡ᠃ ᠳᠠᠷᠠᠴᠢᠯᠠᠨ ᠪᠠᠰᠠ ᠮᠤᠭᠢ ᠲᠡᠶ ᠭᠠᠵᠠᠷ ᠤᠨ ᠭᠦᠤ ᠰᠠᠢ᠌ᠨ ᠮᠤᠭᠢ ᠣᠯᠵᠤ ᠬᠠᠳᠠᠭᠠᠯᠠᠬᠤ ᠶᠢᠨ ᠬᠠᠮᠳᠤ ᠬᠤᠯᠠ ᠪᠠᠢ᠌ᠬᠤ ᠰᠠᠳᠤᠨ ᠳᠦᠷᠤᠯ᠂ ᠦᠷ᠎ᠡ ᠬᠡᠦᠬᠡᠳ᠂ ᠡᠭᠦᠷ ᠬᠠᠨᠢ ᠳᠠᠭᠠᠨ ᠪᠠᠭ᠎ᠠ ᠯᠤᠩᠬᠤ ᠪᠣᠶᠤ ᠵᠢᠵᠢᠭ᠌ ᠪᠣᠭᠤᠭ᠎ᠠ ᠲᠡᠶ ᠮᠤᠭᠢ ᠪᠠᠯᠡᠭ᠌ ᠦᠭ‍ᠭᠦᠯᠡᠵᠤ᠂ ᠰᠠᠢ᠌ᠨ ᠵᠢᠯ ᠤᠨ ᠰᠠᠢ᠌ᠬᠠᠨ ᠵᠤᠰᠠᠯᠠᠩ ᠳᠤ ᠰᠠᠢ᠌ᠬᠠᠨ ᠵᠤᠰᠤᠵᠤ ᠪᠠᠢ᠌ᠬᠤ ᠪᠠᠢ᠌ᠳᠠᠯ ᠶᠢᠡᠨ ᠳᠠᠮ ᠢᠯᠡᠳᠭᠡᠳᠡᠭ᠌ ᠪᠠᠢ᠌ᠭᠰᠠᠨ ᠶᠤᠮ ᠭᠡᠨ᠎ᠡ᠃ ᠭᠡᠷᠪᠡ᠂ ᠬᠠᠷᠭᠠᠢ ᠲᠡᠶ ᠭᠠᠵᠠᠷ ᠡᠴᠡ ᠭᠦᠮᠤᠨ ᠢᠷᠠᠪᠠᠯ ᠬᠡᠦᠬᠡᠳ ᠬᠤᠭᠤᠷᠤᠠᠳᠤ ᠪᠠᠨ᠄ 《ᠳᠠᠷᠠ ᠭᠦᠮᠤᠨ ᠮᠤᠭᠢ ᠠᠪᠴᠢᠷᠠᠭᠰᠠᠨ ᠪᠣᠯᠠᠬᠠᠢ ᠦᠦ ︖》 ᠭᠡᠵᠤ ᠰᠢᠭ᠌ ᠰᠢᠭ᠌ ᠢᠨᠢᠶᠠᠯᠳᠤᠨ ᠱᠤᠪᠣᠷ ᠱᠤᠪᠣᠷ ᠶᠠᠷᠢᠯᠴᠠᠳᠠᠭ ᠨᠢ ᠡᠩ ᠤᠨ ᠯᠠ ᠥᠵᠡᠭ᠍ᠳᠡᠯ ᠪᠣᠯᠬᠤ ᠶᠤᠮ᠃ ᠡᠢ᠌ᠮᠤ ᠡᠴᠡ᠂ ᠬᠠᠷᠭᠠᠢ ᠶᠢᠨ ᠮᠤᠭᠢᠨ ᠪᠠᠯᠡᠭ᠌ ᠪᠣᠯ ᠬᠠᠢ᠌ᠷ᠎ᠠ ᠶᠢᠨ ᠳᠠᠩᠰᠤᠭ ᠪᠠᠯᠡᠭ᠌᠂ ᠠᠢ᠌ᠯ ᠤᠨ ᠦᠯᠵᠡᠢ ᠪᠠᠯᠡᠭ᠌᠂ ᠨᠤᠳᠤᠭ ᠤᠨ ᠪᠣᠶᠠᠨ ᠤ ᠪᠠᠯᠡᠭ᠌ ᠪᠣᠯᠬᠤ ᠶᠤᠮ᠃ ᠪᠣᠮ ᠵᠢᠯ ᠳᠤ ᠴᠤ ᠭᠡᠳ ᠬᠠᠶᠠᠵᠤ ᠪᠣᠯᠳᠠᠭ ᠦᠭᠡᠶ ᠣᠯᠠᠮᠵᠢᠯᠠᠯᠳᠤ ᠰᠠᠢ᠌ᠬᠠᠨ ᠳᠡᠭᠡᠳᠦᠰ ᠤᠨ ᠨᠠᠨᠳᠢᠨ ᠰᠤᠶᠤᠯ ᠤᠨ ᠦᠪ ᠪᠠᠢ᠌ᠭ᠎ᠠ ᠶᠤᠮ︕ ᠰᠤᠳᠤᠨ ᠭᠡᠰᠢᠭ᠌ ᠪᠠᠢ᠌ᠭ᠎ᠠ ᠶᠤᠮ᠃

ᠮᠤᠭᠢ ᠵᠠᠵᠢᠯᠠᠬᠤ ᠨᠢ ᠣᠷᠠᠯᠢᠭ ᠮᠦᠨ︕ ᠣᠷᠢᠳᠤ ᠮᠢᠨᠤ ᠪᠠᠭ᠎ᠠ ᠳᠤ ᠠᠢ᠌ᠷᠠᠭ ᠶᠢᠡᠨ ᠪᠦᠯᠢᠭ᠍ᠰᠡᠨ ᠪᠦᠰᠡᠭᠦᠢᠴᠦᠳ ᠪᠦᠯᠢᠭᠦᠷ ᠶᠢᠡᠷ ᠴᠤᠭᠢᠬᠤ ᠶᠢᠨ ᠳᠠᠭᠠᠤ ᠳᠠᠭᠠᠨ ᠠᠮᠠᠨ ᠳᠠᠭᠠᠨ ᠮᠤᠭᠢ ᠪᠠᠨ ᠭᠢᠵᠤ ᠠᠢ᠌ᠵᠠᠮᠯᠢᠭ ᠳᠠᠴᠢᠭᠢᠨᠠᠭᠤᠯᠵᠤ ᠪᠠᠢ᠌ᠳᠠᠭ ᠪᠢᠯᠠ᠃ ᠳᠠᠷᠢᠶ᠎ᠠ ᠴᠤᠮᠨᠤᠵᠤ ᠳᠠᠯᠬ᠎ᠠ ᠳᠠᠳᠠᠬᠤ ᠳᠠᠭᠠᠨ ᠴᠤ ᠠᠵᠢᠯᠰᠠᠭ ᠭᠡᠦᠭᠡᠡᠴᠦᠳ ᠠᠮᠠ ᠳ᠋ᠠᠭᠢ ᠵᠠᠵᠢᠯᠠᠭ᠎ᠠ ᠮᠤᠭᠢ ᠪᠠᠨ ᠭᠡᠢ ᠣᠭᠤᠴᠢᠯᠠᠨ ᠬᠠᠳᠠᠭᠤᠷᠠᠭᠤᠯᠬᠤ ᠶᠢᠨ ᠳᠠᠭᠠᠤ ᠬᠠᠯᠠᠭᠤᠨ ᠡᠯᠡᠰᠤᠨ ᠲᠡᠶ ᠬᠠᠢ᠌ᠰᠤᠨ ᠳᠤ ᠰᠢᠰᠢ ᠬᠠᠭᠤᠷᠴᠤ ᠬᠠᠭᠠᠯᠬᠤ ᠮᠠᠳᠤ ᠳᠠᠴᠢᠭᠢᠨᠠᠭᠤᠯᠤᠨ ᠵᠠᠵᠢᠯᠠᠵᠤ ᠪᠠᠢ᠌ᠳᠠᠭ ᠪᠢᠯᠠ᠃ ᠠᠪᠣ ᠡᠵᠢ ᠡᠴᠡ ᠵᠠᠶᠠᠭᠠᠭᠰᠠᠨ ᠭᠤᠴᠢᠨ ᠬᠤᠶᠠᠷ ᠰᠢᠳᠤᠨ ᠨᠢ ᠪᠦᠳᠤᠨ ᠪᠠᠢ᠌ᠳᠠᠭ ᠯᠠ ᠶᠤᠮ ᠪᠣᠯ ᠰᠤᠷ ᠭᠦᠷᠦᠵᠤ ᠶᠠᠭᠠᠷᠠᠭ᠎ᠠ ᠡᠪᠦᠭᠡᠨ ᠮᠤᠭᠢ ᠵᠠᠵᠢᠯᠠᠬᠤ ᠪᠠᠨ ᠵᠤᠭᠰᠤᠳᠠᠭ ᠦᠭᠡᠶ᠂ ᠰᠢᠨᠠᠭ᠎ᠠ ᠪᠠᠷᠢᠭᠰᠠᠨ ᠡᠮᠡᠭᠡᠨ ᠮᠤᠭᠢ ᠵᠠᠵᠢᠯᠠᠬᠤ ᠪᠠᠨ ᠬᠠᠶᠠᠳᠠᠭ ᠦᠭᠡᠶ᠃ ᠮᠤᠭᠢ ᠳᠠᠴᠢᠭᠢᠨᠠᠭᠤᠯᠬᠤ ᠶᠢᠨ ᠣᠯᠠᠨ ᠴᠥᠭᠡᠨ ᠶᠢᠡᠷ ᠨᠢ ᠰᠠᠢ᠌ᠨ ᠮᠤᠭᠢᠴᠢ ᠡᠰᠡᠭᠦ ᠶᠢ ᠨᠢ ᠳᠤᠳᠤᠯᠠᠳᠠᠭ᠃ ᠮᠤᠭᠢ ᠨᠢ ᠳᠠᠯ᠎ᠠ ᠨᠤᠳᠤᠭ ᠤᠨ ᠮᠤᠩᠭ᠋ᠤᠯᠴᠤᠳ ᠤᠨ ᠠᠮᠠᠨ ᠭᠦᠡᠳᠡᠢ ᠶᠢᠨ ᠡᠷᠡᠭᠦᠯ ᠤᠨ ᠪᠠᠷᠢᠮᠵᠢᠶ᠎ᠠ᠂ ᠠᠵᠢᠯᠰᠠᠭ ᠭᠦᠳᠡᠷᠯᠢᠭ᠌ ᠤᠨ ᠭᠢᠨᠢ ᠳᠠᠮ ᠰᠢᠯᠭᠠᠭᠤᠷᠢ ᠪᠣᠯᠵᠤ ᠪᠠᠢ᠌ᠭᠰᠠᠨ ᠨᠢ ᠴᠤᠬᠤᠮ ᠦᠨᠡᠨ ᠤ ᠪᠠᠳᠤᠶᠤᠰᠤ ᠭᠡᠯᠳᠡᠢ ᠪᠢᠯᠠ᠃

ᠮᠤᠩᠭ᠋ᠤᠯᠴᠤᠳ ᠮᠢᠨᠢ ︕ ᠮᠤᠭᠢ ᠶᠢᠨ ᠰᠤᠶᠤᠯ ᠶᠢᠡᠨ ᠨᠠᠠᠳᠢᠩᠨᠠᠵᠤ ᠶᠠᠪᠣᠵᠠᠭᠠᠶ᠎ᠠ ︕ ᠮᠤᠷᠢ ᠪᠠᠨ ᠣᠨᠤᠵᠤ ᠮᠠᠯ ᠶᠢᠡᠨ ᠬᠠᠷᠢᠭᠤᠯᠵᠤ ᠶᠠᠪᠣᠭᠰᠠᠨ ᠴᠤ ᠳᠠᠷᠠ᠂ ᠪᠢᠷ ᠶᠢᠡᠨ ᠪᠠᠷᠢᠵᠤ ᠰᠢᠯᠦᠭ᠌ ᠤᠨ ᠭᠦᠯᠦᠭ᠌ ᠶᠢᠡᠨ ᠠᠭᠰᠤᠮᠨᠠᠭᠤᠯᠵᠤ ᠶᠠᠪᠣᠭᠰᠠᠨ ᠴᠤ ᠳᠠᠷᠠ᠂ ᠠᠰᠠᠷ ᠲᠤ ᠰᠠᠭᠤᠵᠤ ᠬᠤᠳᠠ ᠶᠢᠨ ᠠᠮᠢᠳᠤᠷᠠᠯ ᠳᠤ ᠭᠢᠯᠠᠷᠠᠵᠤ ᠪᠠᠢ᠌ᠭᠰᠠᠨ ᠴᠤ ᠳᠠᠷᠠ᠂ ᠠᠯᠪᠠᠳᠠᠨ ᠪᠣᠯᠵᠤ ᠳᠦᠷᠤ ᠶᠢᠨ ᠭᠡᠷᠡᠭ᠌ ᠲᠤ ᠰᠠᠨᠠᠭ᠎ᠠ ᠶᠠᠭᠠᠷᠠᠭᠰᠠᠨ ᠴᠤ ᠳᠠᠷᠠ᠂ ᠳᠠᠷᠠ ᠳᠠᠷᠠ ᠠᠯᠢ ᠠᠯᠢ ᠠᠮᠢᠳᠤᠷᠠᠯ ᠣᠷᠤᠰᠢᠬᠤᠢ ᠶᠢᠨ ᠪᠠᠢ᠌ᠷᠢᠨ ᠳᠤ ᠴᠠᠭᠢᠯᠵᠤ ᠶᠠᠪᠣᠭᠰᠠᠨ ᠴᠤ ᠦᠪᠡᠷ ᠤᠨ ᠦᠨᠳᠦᠰᠦᠳᠠᠨ ᠤ ᠣᠯᠠᠮᠵᠢᠯᠠᠯᠳᠤ ᠰᠤᠶᠤᠯ ᠤᠨ ᠦᠪ ᠭᠦᠷᠦᠩᠭᠡ ᠪᠠᠨ ᠡᠷᠳᠡᠨᠢ ᠭᠡᠮᠡᠨ ᠨᠠᠠᠳᠢᠩᠨᠠᠵᠤ᠂ ᠠᠮᠢ ᠪᠠᠨ ᠠᠳᠠᠯᠢ ᠬᠠᠢ᠌ᠷᠠᠯᠠᠵᠤ ᠦᠪᠯᠠᠨ ᠵᠠᠯᠠᠭᠠᠮᠵᠢᠯᠠᠵᠤ ᠶᠠᠪᠣᠬᠤ ᠮᠠᠨᠢ ᠬᠠᠮᠤᠭ ᠶᠢᠨ ᠴᠢᠬᠤᠯᠠ ᠪᠢᠯᠠ ︕ ᠳᠠ ᠪᠢᠳᠠᠨ ᠴᠤᠭᠭᠠᠷ ᠶᠢᠡᠨ ᠳᠠᠯ᠎ᠠ ᠨᠤᠳᠤᠭ ᠤᠨ ᠶᠢᠡᠨ ᠳᠠᠩᠰᠤᠭ ᠰᠤᠶᠤᠯ ᠤᠨ ᠦᠪ᠂ ᠳᠠᠶᠠᠭᠠᠷ ᠮᠤᠩᠭ᠋ᠤᠯ ᠤᠨ ᠶᠢᠡᠨ ᠣᠯᠠᠮᠵᠢᠯᠠᠯᠳᠤ ᠰᠤᠶᠤᠯ ᠤᠨ ᠦᠪ ᠢ ᠪᠢᠴᠢᠬᠠᠨ ᠪᠣᠯᠪᠠᠴᠤ ᠴᠢᠮᠠᠯᠠᠯ ᠦᠭᠡᠶ ᠪᠢᠯᠴᠠᠯᠠᠵᠤ ᠳᠤᠤᠷ᠎ᠠ ᠨᠢ ᠬᠠᠶᠠᠯ ᠦᠭᠡᠶ ᠨᠠᠠᠳᠢᠩᠨᠠᠵᠤ ᠳᠡᠭᠦᠭᠡᠳ ᠠᠪᠣᠶ᠎ᠠ ︕ ᠳᠡᠭᠡᠷ᠎ᠡ ᠡᠷᠭᠦᠵᠤ ᠳᠠᠭᠢᠶ᠎ᠠ ︕ ᠰᠤᠶᠤᠯ ᠪᠢᠳᠠᠨ ᠢ ᠭᠤᠮᠤᠳᠠᠭᠠᠬᠤ ᠦᠭᠡᠶ ᠶᠤᠮ ᠡ ︕

ᠲ᠋ᠠᠢ᠌ᠮᠤ ︕ ᠬᠠᠷᠭᠠᠢ ᠶᠢᠨ ᠮᠤᠭᠢ ᠪᠠᠨ ᠪᠢᠳᠠᠨ ᠳᠠᠴᠢᠭᠢᠨᠠᠭᠤᠯᠵᠤ ᠵᠠᠵᠢᠯᠠᠭᠠᠤᠨ ᠶᠠᠪᠣᠬᠤ ᠨᠢ ᠶᠠᠭᠤᠳᠠᠢ ᠰᠠᠢ᠌ᠬᠠᠨ ᠪᠣᠢ ︖ ᠶᠠᠪᠣᠶ᠎ᠠ᠂ ᠬᠠᠷᠭᠠᠢ ᠳᠤ ᠭᠠᠷᠤᠶ᠎ᠠ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠬᠤᠪᠣᠭᠰᠠᠢ᠌ᠷᠢ

ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5050
ᠴᠠᠭ᠄ 2011 ᠤᠨ ᠤ 07 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ