ᠡᠵᠢ ᠶᠢᠨ ᠰᠠᠴᠤᠯᠢ ᠨᠢᠳᠤᠨ ᠡᠴᠡ ᠪᠣᠴᠠᠨ᠎ᠠ

ᠴᠢᠭᠢᠷ ᠤᠨ ᠮᠢᠨᠢ ᠦᠨᠦᠷ ᠢ ᠦᠨᠦᠰᠤᠨ ᠪᠠᠢ᠌ᠵᠤ ᠰᠠᠯᠭᠠᠭᠰᠠᠨ

ᠡᠵᠢ ᠳᠠᠨ ᠢ ᠪᠠᠨ ᠰᠠᠨᠠᠬᠤ ᠳ᠋ᠤ

ᠳᠤᠯᠤᠭᠠᠤᠨ ᠤᠨ ᠣᠷᠤᠢ ᠪᠠᠷ ᠰᠠᠷᠠᠨ ᠮᠠᠯᠳᠠᠷᠠᠨ ᠨᠢᠯᠪᠣᠰᠤ ᠰᠢᠭ ᠣᠶᠠᠷᠠᠩᠭ᠋ᠤᠢ

ᠳᠠᠯ᠎ᠠ ᠶᠢᠨ ᠮᠢᠩᠭ᠋ᠠᠨ ᠴᠤᠪᠣᠭ᠎ᠠ ᠪᠠᠷ ᠣᠨ ᠵᠢᠯ ᠢ ᠣᠷᠤᠰᠬᠠᠵᠤ

ᠳᠠᠪᠢᠯᠠᠩ ᠤᠨ ᠴᠠᠭᠠᠨ ᠵᠥᠷᠢᠭ᠌ ᠶᠢᠡᠨ ᠰᠥᠷᠦᠭ᠌ ᠤᠨ ᠳᠡᠷᠭᠡᠳᠡ ᠳᠤᠭᠤᠯᠬᠤ ᠳ᠋ᠠᠭᠠᠨ

ᠰᠦᠨ ᠭᠡᠷᠡᠯ ᠨᠢ ᠣᠢ᠌ᠵᠤ

ᠳᠡᠩᠳᠡᠭᠦᠤ ᠴᠤ ᠡᠷᠳᠡ ᠪᠣᠭᠤᠷᠤᠯᠳᠤᠵᠠᠢ ᠳ᠋ᠠ

ᠭᠤᠨ᠎ᠠ ᠶᠢᠨ ᠡᠪᠠᠷ ᠵᠢᠩᠳᠡᠭᠦᠤ ᠮᠠᠯᠴᠠᠢ᠌ᠵᠤ ᠬᠤᠨᠤᠭᠰᠠᠨ ᠬᠤᠵᠢᠭᠤ ᠨᠠᠮᠤᠷ ᠤᠨ ᠰᠦᠨᠢ ᠪᠠᠷ

ᠭᠤᠳᠤᠯ ᠱᠠᠭᠯᠠᠵᠤ᠂ ᠠᠮᠢᠳᠤᠷᠠᠯ ᠱᠠᠭᠯᠠᠵᠤ ᠭᠦᠤ ᠪᠠᠨ ᠰᠠᠨᠠᠬᠤ ᠶᠢᠨ ᠴᠠᠭ ᠳᠠᠭᠠᠨ

ᠪᠣᠭᠤᠷᠤᠯ ᠬᠠᠢ᠌ᠷᠠᠬᠠᠨ ᠤ ᠣᠷᠤᠢ ᠳᠤ ᠪᠠᠭᠡᠷᠡᠵᠤ ᠬᠤᠨᠤᠭᠰᠠᠨ

ᠪᠣᠷᠬᠠᠨ ᠳᠤᠯᠤᠭᠠᠨ ᠣᠳᠤᠨ ᠳᠠᠭᠠᠨ ᠰᠠᠴᠤᠯᠢ ᠡᠷᠭᠦᠭ᠍ᠰᠡᠨ

ᠪᠣᠷᠬᠠᠨ ᠳᠠ

ᠮᠥᠩᠭᠡ ᠶᠢᠨ ᠢᠷᠦᠭᠡᠯ ᠢᠳᠠᠮᠯᠠᠭᠰᠠᠨ

ᠡᠵᠢ ᠳᠠᠨ ᠢ ᠪᠠᠨ ᠰᠠᠨᠠᠬᠤ ᠳ᠋ᠤ

ᠮᠥᠩᠭᠦᠨ ᠠᠶᠠᠭᠠᠨ ᠤ ᠰᠠᠴᠤᠯᠢ ᠪᠠᠷ

ᠨᠢᠳᠤᠨ ᠡᠴᠡ ᠳᠠᠩᠳᠠ ᠪᠣᠴᠠᠨ᠎ᠠ

ᠳᠤᠭᠤᠭ᠎ᠠ ᠲᠡᠶ ᠰᠦᠨ ᠴᠢᠨᠢ ᠳᠠᠰᠢᠭᠤᠷᠠᠭᠰᠠᠨ

ᠳᠡᠭ᠍ᠷᠢ ᠶᠢᠨ ᠣᠳᠤᠳ ᠢ ᠥᠷᠭᠦᠭᠡᠵᠤ

ᠥᠤᠷ ᠶᠢᠡᠷ ᠣᠶᠠᠩᠭ᠋ᠠᠯᠠᠨ ᠵᠠᠶᠠᠭᠠᠭᠰᠠᠨ ᠭᠦᠤ ᠴᠢᠨᠢ

ᠡᠷ᠎ᠡ ᠭᠦᠮᠤᠨ ᠬᠤᠯᠠ ᠶᠠᠪᠣᠳᠠᠭ ᠵᠠᠶᠠᠭ᠎ᠠ ᠲᠡᠶ

ᠥᠷᠦᠪᠴᠢᠭᠡᠨ ᠬᠤᠷᠸ᠎ᠠ ᠰᠡᠳᠭᠢᠯ ᠴᠢᠨᠢ ᠰᠢᠭ᠌ ᠣᠶᠠᠰᠤᠨ

ᠬᠠᠪᠣᠷ ᠤᠨ ᠠᠭᠢ ᠡᠷᠳᠡ ᠨᠢᠳᠦᠯᠡᠭᠦ ᠴᠠᠭ ᠳᠤ

ᠬᠠᠷᠠᠴᠠᠨ ᠳᠤ ᠴᠢᠨᠢ ᠪᠦᠷᠳᠦᠯᠵᠡᠭ᠍ᠰᠡᠨ ᠠᠭᠤᠯᠠᠰ

ᠭᠦᠤ ᠴᠢᠨᠢ ᠪᠣᠯᠵᠤ ᠥᠨᠦᠰᠦᠭᠦᠯᠳᠡᠭ᠌ ᠪᠠᠢ᠌ᠬ᠎ᠠ

ᠬᠠᠭᠠᠨ ᠪᠣᠭᠳᠠ ᠶᠢᠨ ᠮᠢᠨᠢ ᠶᠠᠰᠤ ᠠᠮᠤᠷᠵᠢᠭᠰᠠᠨ ᠨᠤᠳᠤᠭ ᠡᠴᠡ

ᠬᠠᠢ᠌ᠷ᠎ᠠ ᠪᠠᠷ ᠮᠦᠯᠢᠯᠠᠨ ᠵᠦᠩᠨᠠᠵᠤ ᠪᠠᠯᠭᠡᠳᠡᠭ᠍ᠰᠡᠨ ᠴᠢᠯᠠᠭᠤ ᠴᠢᠨᠢ

ᠨᠢᠯᠪᠣᠰᠤ ᠳᠠᠭᠠᠪᠣᠷᠢᠯᠠᠨ ᠳᠠᠩᠳᠠ ᠴᠢᠭᠢᠭ᠍ᠳᠡᠢ ᠁

ᠥᠤᠷ ᠤᠨ ᠰᠡᠵᠢᠭᠦᠷ ᠢ ᠴᠠᠭᠢᠵᠤ ᠳᠤᠯᠭ᠎ᠠ ᠶᠢᠨ ᠭᠠᠯ ᠶᠢᠡᠨ ᠭᠦᠭ᠍ᠵᠢᠭᠡᠭᠦ ᠳ᠋ᠡᠭᠡᠨ

ᠦᠷ᠎ᠡ ᠮᠢᠨᠢ︕ ᠦᠷ᠎ᠡ ᠮᠢᠨᠢ︕ ᠭᠡᠵᠤ

ᠰᠡᠳᠭᠢᠯ ᠶᠢᠡᠨ ᠰᠠᠴᠤᠯᠠᠭᠰᠠᠨ ᠡᠵᠢ ᠮᠢᠨᠢ

ᠡᠭᠦᠯᠡᠰ ᠤᠨ ᠵᠢᠷᠤᠭ ᠪᠠᠷ᠎ᠠ ᠪᠠᠷ ᠴᠢᠨᠢ ᠣᠷᠭᠤᠵᠤ

ᠡᠳᠦᠷᠵᠢᠨ

ᠨᠢᠯᠪᠣᠰᠤ ᠶᠢ ᠮᠢᠨᠢ ᠠᠷᠴᠢᠨ ᠨᠡᠭᠦᠵᠤ ᠪᠣᠴᠠᠨ᠎ᠠ


2002 ᠣᠨ᠂ ᠰᠤᠷᠭᠠᠭᠤᠯᠢ ᠶᠢᠨ ᠭᠦᠷᠢᠶᠡᠯᠡᠩ ᠤᠨ ᠬᠦᠬᠡᠬᠤᠲᠠᠨ᠎ᠡ

ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2268
ᠴᠠᠭ᠄ 2009 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁