ᠤᠶᠠᠩ‍ᠭ᠎ᠠ

ᠣᠬᠠᠭᠠᠨ ᠡᠴᠡ ᠣᠷᠭᠤᠭᠰᠠᠨ ᠠᠢ᠌ᠵᠠᠮ

ᠠᠭᠤᠳᠠᠮ ᠬᠤᠷᠸ᠎ᠠ ᠶᠢᠨ ᠠᠮᠢᠰᠬᠤᠭ᠎ᠠ ᠶᠢ ᠳᠠᠯᠠᠵᠤ

ᠠᠭᠤᠯᠠ ᠳᠠᠯ᠎ᠠ ᠪᠠᠷ ᠡᠭᠡᠰᠢᠭᠯᠡᠨ ᠨᠠᠮᠢᠷᠠᠵᠤ

ᠣᠰᠤᠨ ᠪᠣᠯᠤᠷ ᠴᠡᠴᠡᠷᠭᠡᠨᠡᠵᠤ

ᠣᠶᠠᠷᠠᠵᠤ ᠣᠶᠠᠷᠠᠭᠤᠯᠤᠨ ᠰᠡᠳᠭᠢᠯ ᠭᠡᠵᠢᠭᠡᠳᠡᠵᠤ

ᠣᠷᠤᠰᠴᠤ ᠣᠳᠤᠭᠰᠠᠨ ᠴᠠᠭ ᠬᠤᠭᠤᠴᠠᠭ᠎ᠠ ᠶᠢ ᠳᠤᠭᠤᠯᠵᠤ

ᠣᠠᠳᠠᠷᠠᠬᠤ ᠦᠭᠡᠶ ᠰᠢᠤ ᠭᠡᠮᠡᠨ ᠨᠤᠴᠤᠵᠤ

ᠣᠷᠭᠤᠬᠤ ᠴᠡᠴᠡᠭ᠌ ᠤᠨ ᠳᠤᠭᠤᠰᠤᠨ ᠳᠤ ᠨᠢᠯᠬᠠᠷᠠᠵᠤ

ᠤᠶᠠᠩ‍ᠭ᠎ᠠ ᠪᠣᠯᠪᠠ᠂

ᠤᠶᠠᠩ‍ᠭ᠎ᠠ ᠪᠣᠯᠵᠤ ᠭᠦᠭᠯᠡᠭ᠍ᠳᠡᠵᠤ

ᠠᠭᠤᠰᠭᠢ ᠳᠠᠷᠢᠭᠢᠨ ᠳᠤ ᠬᠤᠨᠤᠭᠰᠢᠵᠤ

ᠤᠢ᠌ᠳᠬᠠᠷ ᠭᠤᠨᠢᠭ ᠢ ᠬᠤᠯᠠᠳᠠᠭᠤᠯᠵᠤ

ᠣᠳᠠᠭᠠᠨ ᠪᠠ ᠡᠯᠢᠭᠡᠮᠰᠦᠭ᠌ ᠦᠨᠦᠰᠤᠯᠳᠠ ᠪᠠᠷ

ᠣᠳᠠ ᠮᠤᠳᠤᠨ ᠤ ᠨᠠᠪᠴᠢᠰ ᠪᠠᠰᠠ ᠳᠡᠯᠪᠠᠭᠡᠨ ᠳᠡᠭᠡᠷ᠎ᠡ

ᠤᠶᠠᠩ‍ᠭ᠎ᠠ ᠪᠣᠯᠪᠠ᠂

ᠤᠶᠠᠩ‍ᠭ᠎ᠠ ᠪᠣᠯᠵᠤ ᠡᠷᠭᠡᠯᠡᠪᠡ᠂

ᠤᠶᠠᠩ‍ᠭ᠎ᠠ ᠪᠣᠯᠵᠤ ᠡᠩᠭᠦᠷᠡᠢ᠌ᠯᠡᠪᠡ᠂

ᠡᠦᠶᠡᠩᠭ᠎ᠠ᠂   ᠡᠩᠭᠡᠵᠢᠭᠦᠨ ᠨᠠᠮᠢᠷᠠᠵᠤ

ᠦᠷᠭᠦᠭᠡ ᠭᠡᠷ ᠢ ᠭᠡᠢ᠌ᠭᠦᠯᠵᠤ

ᠥᠭᠡᠳᠡ ᠪᠠᠨ ᠪᠠᠰᠠ ᠳᠡᠭᠡᠭᠰᠢ ᠪᠠᠨ ᠪᠠᠰᠠ ᠦᠨᠢᠳᠠ

ᠦᠨᠡᠨ ᠬᠠᠢ᠌ᠷ᠎ᠠ ᠶᠢᠨ ᠵᠢᠭᠦᠷ ᠪᠣᠯᠵᠤ ᠭᠦᠭᠡᠷᠤᠨ

ᠥᠯᠦᠭᠡᠢ ᠲᠡᠶ ᠬᠡᠦᠬᠡᠳ ᠢ ᠪᠠᠰᠠ ᠥᠯᠦᠭᠡᠢ ᠨᠤᠳᠤᠭ ᠢ

ᠦᠨᠳᠦᠷ ᠪᠣᠶᠠᠨ ᠲᠡᠶ ᠢᠷᠦᠭᠡᠯ ᠤᠨ ᠰᠠᠢ᠌ᠨ ᠶᠢᠡᠷ ᠮᠢᠯᠢᠶᠠᠵᠤ

ᠤᠶᠠᠩ‍ᠭ᠎ᠠ ᠪᠣᠯᠵᠤ ᠦᠯᠠᠳᠠᠪᠠ᠂

ᠤᠶᠠᠩ‍ᠭ᠎ᠠ ᠪᠣᠯᠵᠤ ᠰᠢᠩᠭᠡᠪᠡ᠂

ᠣᠷᠴᠢᠯᠠᠩ ᠤᠨ ᠰᠠᠷᠠᠨ ᠳᠤᠯᠠᠭᠠᠨ ᠰᠦᠨᠢ ᠶᠢ ᠴᠤ

ᠡᠪᠦᠷ ᠳᠦᠭᠡᠨᠡᠭᠦ ᠨᠠᠷᠠᠨ ᠤ ᠵᠡᠭᠦᠳᠤ ᠪᠠᠷ ᠪᠦᠤᠪᠠᠢ᠌ᠯᠠᠵᠤ

ᠤᠶᠠᠩ‍ᠭ᠎ᠠ᠂   ᠤᠶᠠᠩ‍ᠭ᠎ᠠ ᠪᠣᠯᠵᠤ ᠳᠡᠯᠭᠡᠷᠡᠪᠡ᠂

ᠣᠬᠠᠭᠠᠨ ᠳᠤ ᠬᠤᠷᠭᠤᠳᠠᠭᠰᠠᠨ ᠰᠢᠯᠦᠭ᠌ ᠪᠣᠯᠵᠤ

ᠡᠭᠦᠷᠢᠳᠡ ᠶᠢᠨ ᠵᠢᠷᠭᠠᠯ ᠬᠠᠢ᠌ᠷ᠎ᠠ ᠪᠣᠯᠵᠤ

ᠤᠶᠠᠩ‍ᠭ᠎ᠠ᠂   ᠣᠶᠠᠩᠭ᠋ᠠᠯᠠᠵᠤ ᠳᠠᠭᠤᠰᠤᠰᠢ ᠦᠭᠡᠶ ᠰᠡᠳᠭᠢᠯ ᠪᠣᠯᠵᠤ

ᠤᠶᠠᠩ‍ᠭ᠎ᠠ᠂   ᠣᠬᠠᠭᠠᠨ ᠪᠣᠯᠵᠤ ᠲᠦᠯᠤᠪᠰᠢᠪᠠ᠂

ᠤᠶᠠᠩ‍ᠭ᠎ᠠ᠂   ᠠᠢ᠌ᠵᠠᠮ ᠪᠣᠯᠵᠤ ᠴᠤᠤᠷᠢᠶᠠᠳᠤᠪᠠ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1752
ᠴᠠᠭ᠄ 2011 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁