ᠨᠠᠪᠴᠢᠨ ᠳᠤᠰᠤᠯ

ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠳᠤᠰᠤᠯᠠᠨ᠎ᠠ

ᠨᠠᠳᠠᠳᠤ ᠴᠢᠮ᠎ᠠ ᠳᠡᠭᠡᠷ᠎ᠡ ᠳᠤᠰᠤ ᠪᠠᠷ ᠪᠣᠴᠠᠯᠠᠨ᠎ᠠ

ᠨᠠᠷᠠᠨ ᠤ ᠰᠠᠴᠤᠷᠠᠭ ᠰᠢᠵᠢᠷ ᠶᠢᠡᠷ ᠭᠡᠷᠡᠯᠳᠤᠨ᠎ᠡ

ᠨᠠᠷᠮᠠᠢ ᠣᠷᠴᠢᠯᠠᠩ ᠨᠠᠢ᠌ᠷ ᠶᠢᠡᠷ ᠪᠢᠯᠬᠠᠨ᠎ᠠ᠃


ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠢᠨᠢᠶᠠᠨ᠎ᠠ

ᠨᠠᠷᠠᠳᠤ ᠶᠢᠨ ᠵᠠᠢ ᠶᠢ ᠬᠤᠷᠢᠶᠠᠯᠳᠠ ᠪᠠᠷ ᠳᠦᠭᠦᠷᠡᠭᠡᠨ᠎ᠡ

ᠨᠠᠠᠳᠢᠨ ᠴᠠᠭ ᠢ ᠬᠤᠷᠢᠮ ᠶᠢᠡᠷ ᠬᠤᠳᠤᠷᠠᠭᠤᠯᠤᠨ᠎ᠠ

ᠨᠠᠢ᠌ᠷᠰᠠᠭ ᠪᠦᠰᠡᠭᠦᠢᠴᠦᠳ ᠢ ᠬᠤᠠᠳᠠᠭ᠎ᠠ ᠪᠠᠷ ᠴᠠᠳᠬᠠᠨ᠎ᠠ


ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠰᠢᠷᠠᠯᠠᠨ᠎ᠠ

ᠠᠮᠤᠷ ᠰᠠᠭᠤᠭᠰᠠᠤᠨ ᠢ ᠠᠷᠢᠭᠢ ᠪᠠᠷ ᠱᠠᠩᠳᠠᠭᠠᠨ᠎ᠠ

ᠠᠵᠢᠯᠰᠠᠭ ᠭᠦᠮᠦᠰ ᠢ ᠭᠦᠳᠡᠯᠮᠦᠷᠢ ᠪᠠᠷ ᠱᠠᠪᠳᠠᠭᠠᠨ᠎ᠠ

ᠠᠮᠢᠳᠤᠷᠠᠯ ᠤᠨ ᠦᠷᠳᠡᠭ᠌ ᠢ ᠦᠨ᠎ᠡ ᠪᠠᠷ ᠳᠠᠩᠨᠠᠨ᠎ᠡ᠃


ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠨᠠᠭᠠᠳᠤᠨ᠎ᠠ

ᠨᠠᠢ᠌ᠷ ᠤᠨ ᠰᠢᠷᠡᠭᠡ ᠶᠢ ᠠᠷᠢᠭᠢ ᠪᠠᠷ ᠱᠠᠩᠳᠠᠭᠤᠷᠢᠯᠤᠨ᠎ᠠ

ᠨᠠᠢ᠌ᠵᠠ ᠶᠢᠨ ᠰᠡᠳᠭᠢᠯ ᠢ ᠠᠮᠢᠳᠤᠷᠠᠯ ᠶᠢᠡᠷ ᠰᠢᠠᠳᠠᠷᠠᠭᠤᠯᠤᠨ᠎ᠠ

ᠨᠡᠢ᠌ᠭᠡᠮ ᠤᠨ ᠳᠡᠩᠨᠡᠭᠦᠷ ᠢ ᠵᠢᠩ ᠶᠢᠡᠷ ᠭᠢᠮᠳᠠᠷᠠᠭᠤᠯᠤᠨ᠎ᠠ᠃


ᠨᠠᠮᠤᠷ ᠪᠣᠯᠪᠠᠰᠤᠷᠬᠤ ᠳᠠᠭᠠᠨ ᠨᠠᠪᠴᠢ ᠪᠠᠨ ᠰᠠᠴᠤᠨ᠎ᠠ

ᠨᠠᠭᠠᠷᠤ ᠲᠡᠶ ᠴᠠᠭᠠᠷᠤ ᠲᠡᠶ ᠨᠢ ᠠᠮᠢᠳᠤᠷᠠᠯ ᠶᠢᠡᠨ ᠳᠠᠳᠤᠨ᠎ᠠ

ᠪᠣᠴᠠᠬᠤ ᠭᠠᠯᠠᠭᠤᠳ ᠳᠠᠭᠤ ᠪᠠᠷ ᠶᠢᠡᠨ ᠣᠶᠠᠰᠬᠠᠨ᠎ᠠ

ᠪᠣᠷᠠᠮᠳᠠᠭᠠᠢ ᠭᠦᠮᠦᠰ ᠥᠭᠡ ᠪᠠᠷ ᠶᠢᠡᠨ ᠴᠦᠯᠴᠢᠷᠠᠨ᠎ᠠ


ᠨᠠᠮᠤᠷ ᠪᠣᠯᠪᠠᠰᠤᠷᠬᠤ ᠳᠠᠭᠠᠨ ᠨᠠᠪᠴᠢ ᠪᠠᠷ ᠳᠤᠰᠤᠯᠠᠨ᠎ᠠ

ᠨᠠᠳᠠᠳᠤ ᠴᠢᠮ᠎ᠠ ᠳᠡᠭᠡᠷ᠎ᠡ ᠳᠤᠰᠤ ᠪᠠᠷ ᠪᠣᠴᠠᠯᠤᠨ᠎ᠠ

ᠨᠠᠷᠠᠨ ᠤ ᠰᠠᠴᠤᠷᠠᠭ ᠰᠢᠵᠢᠷ ᠶᠢᠡᠷ ᠭᠡᠷᠡᠯᠳᠤᠨ᠎ᠡ

ᠨᠠᠷᠮᠠᠢ ᠣᠷᠴᠢᠯᠠᠩ ᠨᠠᠢ᠌ᠷ ᠶᠢᠡᠷ ᠪᠢᠯᠬᠠᠨ᠎ᠠ᠃


ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ

ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1521
ᠴᠠᠭ᠄ 2010 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ