ᠪᠠᠭ᠎ᠠ ᠰᠤᠷᠭᠠᠭᠤᠯᠢ ᠶᠢᠨ ᠡᠡᠩᠭ᠍ᠯᠢ ᠭᠡᠯᠡᠨ ᠤ ᠵᠢᠭᠠᠨ ᠰᠤᠷᠭᠠᠯᠳᠠ ᠶᠢᠨ ᠳᠤᠮᠳᠠᠭᠢ ᠠᠪᠢᠶ᠎ᠠ ᠶᠢᠨ ᠴᠢᠬᠤᠯᠠ ᠴᠢᠨᠠᠷ ᠢ ᠥᠭᠦᠯᠡᠭᠦ ᠨᠢ

ᠭᠢᠴᠢᠶᠡᠯᠡᠯᠭᠡ ᠶᠢᠨ ᠥᠭᠡᠷᠡᠴᠢᠯᠡᠯᠳᠡ ᠪᠦᠭᠦ ᠳᠠᠯ᠎ᠠ ᠪᠠᠷ ᠶᠠᠪᠣᠭᠳᠠᠭᠰᠠᠨ ᠦᠨᠦᠳᠤᠷ ᠪᠠᠭ᠎ᠠ ᠰᠤᠷᠭᠠᠭᠤᠯᠢ ᠶᠢᠨ ᠡᠡᠩᠭ᠍ᠯᠢ ᠭᠡᠯᠡᠨ ᠤ ᠵᠢᠭᠠᠨ ᠰᠤᠷᠭᠠᠯᠳᠠ ᠴᠤ ᠰᠢᠨ᠎ᠡ ᠨᠢᠭᠡᠨ ᠬᠠᠭᠤᠳᠠᠰᠤ ᠶᠢ ᠳᠡᠯᠭᠡᠭ᠍ᠰᠡᠨ᠃ ᠣᠯᠤᠰ ᠤᠨ ᠰᠤᠷᠭᠠᠨ ᠭᠦᠮᠦᠵᠢᠯ ᠤᠨ ᠳᠤᠪᠴᠢᠶᠠᠨ ᠡᠴᠡ 2001 ᠣᠨ ᠡᠴᠡ ᠪᠦᠭᠦ ᠣᠯᠤᠰ ᠤᠨ ᠬᠤᠳᠠ᠂ ᠰᠢᠶᠠᠨ ᠤ ᠳᠠᠰ ᠤᠨ ᠰᠤᠷᠭᠠᠭᠤᠯᠢ ᠡᠡᠩᠭ᠍ᠯᠢ ᠭᠡᠯᠡᠨ ᠤ ᠭᠢᠴᠢᠶᠠᠯ ᠢ ᠨᠡᠭᠡᠭᠡᠭᠦ ᠭᠡᠷᠡᠭ᠍ᠳᠡᠢ ᠭᠡᠵᠤ ᠣᠷᠢᠶᠠᠯᠠᠭᠰᠠᠨ᠂ ᠡᠭᠦᠨ ᠤ ᠬᠠᠮᠳᠤ᠂ ᠪᠠᠭ᠎ᠠ ᠰᠤᠷᠭᠠᠭᠤᠯᠢ ᠶᠢᠨ ᠡᠡᠩᠭ᠍ᠯᠢ ᠭᠡᠯᠡᠨ ᠤ ᠭᠢᠴᠢᠶᠠᠯ ᠤᠨ ᠭᠤᠤᠯ ᠵᠤᠷᠢᠯᠭ᠎ᠠ ᠪᠣᠯ ᠰᠤᠷᠤᠭᠴᠢ ᠶᠢᠨ ᠣᠷᠮ᠎ᠠ ᠶᠢ ᠰᠡᠷᠭᠦᠭᠡᠭᠦ ᠪᠠᠷ ᠭᠤᠤᠯᠯᠠᠨ ᠠᠪᠢᠶ᠎ᠠ ᠵᠢᠭᠠᠬᠤ ᠦᠭᠡᠶ ᠭᠡᠮᠡᠨ ᠳᠤᠳᠤᠷᠬᠠᠢ ᠳᠤᠷᠠᠳᠤᠨ ᠭᠠᠷᠭᠠᠭᠰᠠᠨ᠃ ᠵᠢᠭᠠᠨ ᠰᠤᠷᠭᠠᠯᠳᠠ ᠶᠢᠨ ᠡᠮᠤᠨ᠎ᠡ ᠹᠷᠤᠠᠲ᠋ ᠲᠤ ᠠᠵᠢᠯᠯᠠᠵᠤ ᠪᠠᠢ᠌ᠭ᠎ᠠ ᠨᠢᠭᠡᠨ ᠪᠠᠭ᠎ᠠ ᠰᠤᠷᠭᠠᠭᠤᠯᠢ ᠶᠢᠨ ᠡᠡᠩᠭ᠍ᠯᠢ ᠭᠡᠯᠡᠨ ᠤ ᠪᠠᠭᠰᠢ ᠪᠣᠯᠤᠭᠰᠠᠨ ᠤ ᠬᠤᠪᠢ ᠳᠤ᠂ ᠮᠢᠨᠤ ᠦᠵᠡᠯᠳᠠ ᠪᠣᠯ ᠵᠢᠭᠠᠬᠤ ᠴᠢᠬᠤᠯᠠᠳᠠᠢ᠃

ᠨᠢᠭᠡ᠂ ᠣᠳᠤᠭᠢ ᠪᠠᠭ᠎ᠠ ᠰᠤᠷᠭᠠᠭᠤᠯᠢ ᠶᠢᠨ ᠡᠡᠩᠭ᠍ᠯᠢ ᠭᠡᠯᠡᠨ ᠤ ᠵᠢᠭᠠᠨ ᠰᠤᠷᠭᠠᠯᠳᠠ ᠳᠤ ᠳᠤᠯᠭᠠᠷᠠᠵᠤ ᠪᠠᠢ᠌ᠭ᠎ᠠ ᠠᠰᠠᠭᠤᠳᠠᠯ᠄

ᠪᠣᠳᠠᠳᠠᠢ ᠵᠢᠭᠠᠨ ᠰᠤᠷᠭᠠᠯᠳᠠ ᠶᠢᠨ ᠶᠠᠪᠣᠴᠠ ᠳᠤᠮᠳᠠ ᠳᠤᠯᠭᠠᠷᠠᠭᠰᠠᠨ ᠡᠡᠩᠭ᠍ᠯᠢ ᠭᠡᠯᠡ ᠰᠤᠷᠬᠤ ᠬᠠᠮᠤᠭ ᠡᠴᠠ ᠶᠡᠭᠡ ᠭᠦᠴᠢᠷᠳᠡᠢ ᠠᠰᠠᠭᠤᠳᠠᠯ ᠪᠣᠯ ᠠᠪᠢᠶᠠᠯᠠᠬᠤ ᠠᠰᠠᠭᠤᠳᠠᠯ ᠪᠣᠯᠤᠨ᠎ᠠ᠃ ᠪᠠᠭ᠎ᠠ ᠰᠤᠷᠭᠠᠭᠤᠯᠢ ᠶᠢᠨ ᠭᠢᠴᠢᠶᠡᠯᠡᠯᠭᠡ ᠳᠤ ᠠᠪᠢᠶ᠎ᠠ ᠵᠢᠭᠠᠬᠤ ᠶᠢ ᠴᠢᠬᠤᠯᠠᠴᠢᠯᠠᠭᠰᠠᠨ ᠦᠭᠡᠶ ᠣᠴᠢᠷ ᠡᠴᠠ ᠰᠤᠷᠤᠭᠴᠢ ᠶᠢᠨ ᠠᠪᠢᠶ᠎ᠠ ᠰᠤᠷᠬᠤ ᠪᠠ ᠣᠪᠣᠷ ᠨᠢ ᠠᠰᠠᠭᠤᠳᠠᠯ ᠲᠡᠶ ᠪᠠᠢ᠌ᠳᠠᠭ᠃

⒈ ᠭᠢᠳᠠᠤᠨ ᠭᠡᠯᠡ ᠪᠣᠶᠤ ᠡᠭᠡ ᠭᠡᠯᠡ ᠪᠠᠷ ᠶᠢᠡᠨ ᠣᠩᠰᠢᠯᠭ᠎ᠠ ᠶᠢ ᠳᠡᠮᠳᠡᠭᠯᠡᠳᠡᠭ᠌᠃

ᠡᠡᠩᠭ᠍ᠯᠢ ᠭᠡᠯᠡᠨ ᠤ ᠭᠦᠡᠳᠤ ᠥᠭᠡᠰ ᠤᠨ ᠣᠩᠰᠢᠯᠭ᠎ᠠ ᠪᠠ ᠪᠢᠴᠢᠯᠭᠡ ᠨᠢ ᠵᠢᠮ᠎ᠠ ᠶᠤᠰᠤ ᠲᠡᠶ ᠪᠠᠢ᠌ᠳᠠᠭ᠃ ᠭᠡᠪᠠᠴᠤ ᠪᠠᠭ᠎ᠠ ᠰᠤᠷᠭᠠᠭᠤᠯᠢ ᠶᠢᠨ ᠰᠤᠷᠤᠭᠴᠢ ᠠᠪᠢᠶ᠎ᠠ ᠮᠡᠳᠡᠭᠦ ᠦᠭᠡᠶ ᠣᠴᠢᠷ ᠡᠴᠠ ᠦᠷᠭᠦᠯᠵᠢ ᠭᠢᠳᠠᠤᠨ ᠭᠡᠯᠡ ᠪᠣᠶᠤ ᠡᠭᠡ ᠭᠡᠯᠡ ᠪᠠᠷ ᠶᠢᠡᠨ ᠭᠦᠡᠳᠤ ᠥᠭᠡᠰ ᠤᠨ ᠣᠩᠰᠢᠯᠭ᠎ᠠ ᠶᠢ ᠳᠡᠮᠳᠡᠭᠯᠡᠳᠡᠭ᠌᠃ ᠵᠢᠱᠢᠶᠠᠯᠠᠪᠠᠯ two ᠶ᠋ᠢ 兔 ᠭᠡᠵᠤ ᠳᠡᠮᠳᠡᠭᠯᠡᠭᠦ᠃ ᠡᠨᠡ ᠨᠢ ᠣᠩᠰᠢᠯᠭ᠎ᠠ ᠶᠢ ᠪᠣᠷᠤᠭᠤ ᠡᠵᠡᠮᠰᠢᠭᠦ ᠪᠣᠶᠤ ᠭᠦᠡᠳᠤ ᠥᠭᠡᠰ ᠢ ᠪᠠᠳᠤ ᠡᠵᠡᠮᠰᠢᠵᠤ ᠳᠡᠢ᠌ᠯᠭᠦ ᠦᠭᠡᠶ ᠥᠵᠡᠭ᠍ᠳᠡᠯ ᠢ ᠪᠣᠢ ᠪᠣᠯᠭᠠᠨ᠂ ᠵᠢᠭᠠᠨ ᠰᠤᠷᠭᠠᠯᠳᠠ ᠳᠤ ᠬᠠᠷᠰᠢ ᠰᠠᠭᠠᠤᠨ ᠣᠴᠠᠷᠠᠭᠤᠯᠳᠠᠭ᠃

⒉ ᠭᠦᠡᠳᠤ ᠥᠭᠡᠰ ᠤᠨ ᠣᠩᠰᠢᠯᠭ᠎ᠠ ᠶᠢ ᠪᠠᠳᠤ ᠡᠵᠡᠮᠰᠢᠵᠤ ᠳᠡᠢ᠌ᠯᠭᠦ ᠦᠭᠡᠶ᠃

ᠠᠪᠢᠶᠠᠨ ᠤ ᠳᠦᠷᠢᠮ ᠢ ᠮᠡᠳᠡᠭᠦ ᠦᠭᠡᠶ ᠣᠴᠢᠷ ᠡᠴᠠ ᠭᠦᠡᠳᠤ ᠥᠭᠡᠰ ᠢ ᠴᠡᠭᠡᠵᠢᠯᠡᠭᠦ ᠣᠷᠮ᠎ᠠ ᠨᠢ ᠳᠤᠤᠷ᠎ᠠ᠂ ᠬᠤᠷᠳᠤᠴᠠ ᠨᠢ ᠣᠳᠠᠭᠠᠨ ᠪᠠᠢ᠌ᠳᠠᠭ ᠡᠴᠠ ᠪᠠᠳᠤ ᠡᠵᠡᠮᠰᠢᠵᠤ ᠳᠡᠢ᠌ᠯᠭᠦ ᠦᠭᠡᠶ ᠥᠭᠦᠮᠡᠯ ᠶᠢᠡᠷ ᠴᠡᠭᠡᠵᠢᠯᠡᠳᠡᠭ᠌᠃

⒊ ᠰᠤᠷᠬᠤ ᠣᠷᠮ᠎ᠠ ᠶᠢ ᠨᠢ ᠬᠠᠷᠰᠢᠯᠠᠵᠤ᠂ ᠡᠵᠡᠨ ᠮᠠᠳᠠᠵᠤ ᠦᠪᠠᠰᠤᠪᠠᠨ ᠰᠤᠷᠬᠤ ᠴᠢᠳᠠᠪᠣᠷᠢ ᠶᠢ ᠨᠢ ᠬᠠᠷᠰᠢᠯᠠᠳᠠᠭ᠃

ᠪᠠᠭ᠎ᠠ ᠰᠤᠷᠭᠠᠭᠤᠯᠢ ᠶᠢᠨ ᠰᠤᠷᠤᠭᠴᠢ ᠠᠯᠢᠪᠠ ᠣᠴᠢᠷ ᠲᠤ ᠰᠤᠨᠢᠭᠤᠴᠢ ᠴᠢᠨᠠᠷ ᠲᠡᠶ ᠪᠠᠢ᠌ᠳᠠᠭ᠂ ᠭᠡᠪᠠᠴᠤ ᠠᠪᠢᠶᠠᠯᠠᠬᠤ ᠳᠦᠷᠢᠮ ᠢ ᠮᠡᠳᠡᠭᠦ ᠦᠭᠡᠶ ᠠᠪᠢᠶ᠎ᠠ ᠰᠤᠷᠤᠭᠰᠠᠨ ᠦᠭᠡᠶ ᠵᠥᠪᠭᠡᠨ ᠪᠠᠭᠰᠢ ᠳᠤ ᠳᠦᠰᠢᠭᠯᠡᠳᠡᠭ᠌ ᠣᠴᠢᠷ ᠡᠴᠠ ᠰᠤᠷᠬᠤ ᠣᠷᠮ᠎ᠠ ᠨᠢ ᠬᠤᠭᠤᠷᠠᠵᠤ ᠢᠳᠠᠪᠭᠢᠵᠢᠯ ᠨᠢ ᠳᠤᠤᠷ᠎ᠠ ᠪᠣᠯᠳᠠᠭ ᠡᠴᠠ ᠨᠠᠩ ᠴᠤ ᠣᠷᠢᠳᠴᠢᠯᠠᠨ ᠰᠤᠷᠬᠤ᠂ ᠡᠵᠡᠨ ᠮᠠᠳᠠᠵᠤ ᠰᠤᠷᠬᠤ ᠵᠤᠷᠢᠭ ᠦᠭᠡᠶ ᠪᠣᠯᠳᠠᠭ᠃

ᠬᠤᠶᠠᠷ᠄ ᠠᠪᠢᠶ᠎ᠠ ᠵᠢᠭᠠᠬᠤ ᠶᠢᠨ ᠴᠢᠬᠤᠯᠠ ᠴᠢᠨᠠᠷ᠄

⒈ ᠰᠤᠷᠤᠭᠴᠢ ᠶᠢᠨ ᠰᠤᠷᠬᠤ ᠣᠷᠮ᠎ᠠ ᠶᠢ ᠭᠦᠭ᠍ᠵᠢᠭᠡᠭᠦ᠃

ᠡᠡᠩᠭ᠍ᠯᠢ ᠭᠡᠯᠡ ᠰᠤᠷᠬᠤ ᠶᠠᠪᠣᠴᠠ ᠨᠢ ᠳᠦᠭᠦᠮ ᠶᠢᠡᠷ ᠶᠠᠷᠢᠵᠤ ᠢᠯᠡᠳᠭᠡᠭᠦ ᠡᠴᠡ ᠠᠭᠠᠵᠢᠮ ᠶᠢᠡᠷ ᠰᠤᠨᠤᠰᠬᠤ᠂ ᠶᠠᠷᠢᠬᠤ᠂ ᠣᠩᠰᠢᠬᠤ᠂ ᠪᠢᠴᠢᠭᠦ ᠵᠥᠭ᠌ ᠭᠦᠡᠵᠡᠭᠡᠢ᠌ᠷᠡᠵᠤ᠂ ᠠᠭᠤᠯᠭ᠎ᠠ ᠨᠢ ᠴᠤ ᠬᠤᠪᠢᠷᠠᠯᠳᠠ ᠭᠠᠷᠳᠠᠭ᠃ ᠪᠠᠭ᠎ᠠ ᠰᠤᠷᠭᠠᠭᠤᠯᠢ ᠶᠢᠨ ᠰᠤᠷᠤᠭᠴᠢ ᠰᠢᠨ᠎ᠡ ᠰᠡᠪᠠᠭᠦᠨ ᠶᠠᠭᠤᠮ᠎ᠠ ᠳᠤ ᠰᠤᠨᠢᠭᠤᠴᠢ ᠵᠠᠩ ᠲᠡᠶ ᠮᠦᠷᠳᠡᠭᠡᠨ ᠣᠢ᠌ᠯᠠᠭᠠᠵᠤ ᠮᠡᠳᠡᠭᠦ ᠪᠠᠷ ᠣᠷᠤᠯᠳᠠᠳᠠᠭ᠃ ᠭᠡᠪᠠᠴᠤ ᠠᠪᠢᠶ᠎ᠠ ᠮᠡᠳᠡᠭᠦ ᠦᠭᠡᠶ ᠡᠴᠡ ᠬᠠᠷᠰᠢ ᠰᠠᠭᠠᠤᠨ ᠣᠴᠠᠷᠠᠳᠠᠭ ᠮᠦᠷᠳᠡᠭᠡᠨ ᠣᠯᠠᠩᠭᠢ ᠰᠤᠷᠤᠭᠴᠢ ᠪᠠᠭᠰᠢ ᠳᠤ ᠳᠦᠰᠢᠭᠯᠡᠵᠤ ᠪᠠᠭᠰᠢ ᠵᠢᠭᠠᠬᠤ ᠶᠢ ᠭᠦᠯᠢᠶᠡᠨ ᠠᠯᠵᠠᠭᠤ ᠵᠠᠩ ᠲᠡᠶ ᠪᠣᠯᠳᠠᠭ᠃ ᠭᠡᠷᠪᠡ ᠠᠪᠢᠶ᠎ᠠ ᠶᠢ ᠡᠵᠡᠮᠰᠢᠭᠦᠯᠦᠭ᠍ᠰᠡᠨ ᠪᠣᠯ ᠰᠤᠷᠤᠭᠴᠢ ᠠᠪᠢᠶ᠎ᠠ ᠶᠢ ᠠᠰᠢᠭᠯᠠᠨ ᠭᠦᠡᠳᠤ ᠥᠭᠡᠰ ᠤᠨ ᠣᠩᠰᠢᠯᠭ᠎ᠠ ᠶᠢ ᠡᠵᠡᠮᠰᠢᠭᠦ ᠪᠠᠷ ᠦᠯᠦ ᠪᠠᠷᠠᠨ ᠵᠦᠪ ᠣᠩᠰᠢᠶ᠎ᠠ ᠪᠠᠷᠢᠮᠵᠢᠶ᠎ᠠ ᠣᠩᠰᠢᠶ᠎ᠠ ᠭᠡᠮᠡᠨ ᠴᠢᠷᠮᠠᠢ᠌ᠨ᠂ ᠴᠢᠨᠠᠭᠰᠢᠯᠠᠪᠠᠯ ᠰᠢᠨ᠎ᠡ ᠭᠢᠴᠢᠶᠠᠯ ᠤᠨ ᠠᠭᠤᠯᠭ᠎ᠠ ᠶᠢ ᠴᠤ ᠣᠷᠢᠳᠴᠢᠯᠠᠨ ᠰᠤᠷᠤᠯᠴᠠᠨ ᠠᠭᠠᠵᠢᠮ ᠶᠢᠡᠷ ᠭᠦᠡᠳᠤ ᠥᠭᠡᠰ ᠣᠩᠰᠢᠬᠤ ᠵᠢᠮ᠎ᠠ ᠶᠤᠰᠤ ᠶᠢ ᠴᠤ ᠡᠷᠢᠵᠤ ᠭᠠᠷᠭᠠᠵᠤ ᠳᠡᠢ᠌ᠯᠳᠡᠭ᠌᠃ ᠡᠨᠡᠭᠦ ᠶᠠᠪᠣᠴᠠ ᠳᠤ ᠰᠤᠷᠤᠭᠴᠢ ᠶᠢᠨ ᠰᠤᠷᠬᠤ ᠣᠷᠮ᠎ᠠ ᠶᠢ ᠭᠦᠭ᠍ᠵᠢᠭᠡᠨ ᠳᠠᠳᠠᠨ ᠤ ᠣᠷᠢᠳᠴᠢᠯᠠᠨ ᠰᠤᠷᠬᠤ᠂ ᠡᠵᠡᠨ ᠮᠠᠳᠠᠵᠤ ᠰᠤᠷᠬᠤ ᠴᠢᠳᠠᠪᠣᠷᠢ ᠶᠢ ᠨᠢ ᠳᠡᠭᠡᠭ᠍ᠰᠢᠯᠡᠭᠦᠯᠵᠤ ᠳᠡᠢ᠌ᠯᠳᠡᠭ᠌᠃

⒉ ᠴᠡᠭᠡᠵᠢᠯᠡᠵᠤ ᠣᠩᠰᠢᠬᠤ ᠶᠠᠪᠣᠴᠠ ᠳᠤ ᠬᠠᠷᠰᠢ ᠰᠠᠭᠠᠤᠨ ᠢ ᠨᠢ ᠠᠷᠢᠯᠭᠠᠨ᠂ ᠣᠩᠰᠢᠬᠤ ᠴᠢᠳᠠᠪᠣᠷᠢ ᠶᠢ ᠨᠢ ᠳᠡᠭᠡᠭ᠍ᠰᠢᠯᠡᠭᠦᠯᠭᠦ᠃

ᠡᠡᠩᠭ᠍ᠯᠢ ᠭᠡᠯᠡᠨ ᠤ ᠭᠦᠡᠳᠤ ᠥᠭᠡᠰ ᠢ ᠠᠪᠢᠶᠠᠯᠠᠵᠤ ᠣᠩᠰᠢᠬᠤ ᠵᠢᠮ᠎ᠠ ᠶᠤᠰᠤ ᠲᠡᠶ ᠪᠠᠢ᠌ᠳᠠᠭ᠃ ᠭᠡᠷᠪᠡ ᠰᠤᠷᠤᠭᠴᠢ ᠠᠪᠢᠶ᠎ᠠ ᠶᠢ ᠡᠵᠡᠮᠰᠢᠭ᠍ᠰᠡᠨ ᠦᠭᠡᠶ ᠪᠠᠢ᠌ᠳᠠᠯ ᠳᠤᠤᠷ᠎ᠠ ᠣᠯᠠᠩᠭᠢ ᠳᠠᠭᠠᠨ ᠭᠦᠡᠳᠤ ᠥᠭᠡᠰ ᠤᠨ ᠣᠩᠰᠢᠯᠭ᠎ᠠ ᠶᠢ ᠭᠢᠳᠠᠤᠨ ᠪᠣᠶᠤ ᠮᠤᠩᠭ᠋ᠤᠯ ᠶᠢᠡᠷ ᠳᠡᠮᠳᠡᠭᠯᠡᠳᠡᠭ᠌᠃ ᠡᠨᠡ ᠨᠢ ᠰᠤᠷᠤᠭᠴᠢ ᠶᠢᠨ ᠪᠠᠷᠢᠮᠵᠢᠶ᠎ᠠ ᠣᠩᠰᠢᠬᠤ ᠶᠢ ᠶᠡᠭᠡ ᠪᠠᠷ ᠨᠥᠯᠦᠭᠡᠯᠡᠳᠡᠭ᠌᠃ ᠭᠡᠷᠪᠡ ᠠᠪᠢᠶ᠎ᠠ ᠶᠢ ᠡᠵᠡᠮᠰᠢᠴᠢᠭᠡᠪᠠᠯ ᠭᠦᠡᠳᠤ ᠥᠭᠡᠰ ᠢ ᠰᠠ‍‌ᠶᠢ ᠪᠠᠷᠢᠮᠵᠢᠶ᠎ᠠ ᠣᠩᠰᠢᠨ᠂ ᠡᠭᠦᠨ ᠤ ᠳᠠᠭᠠᠤ ᠵᠢᠮ᠎ᠠ ᠶᠤᠰᠤ ᠶᠢ ᠠᠰᠢᠭᠯᠠᠨ ᠭᠦᠡᠳᠤ ᠥᠭᠡᠰ ᠢ ᠣᠨᠤᠪᠴᠢᠳᠠᠢ ᠪᠢᠴᠢᠵᠤ ᠳᠠᠢ᠌ᠯᠤᠨ᠂ ᠣᠩᠰᠢᠬᠤ ᠴᠢᠳᠠᠪᠣᠷᠢ ᠨᠢ ᠴᠤ ᠠᠭᠠᠵᠢᠮ ᠶᠢᠡᠷ ᠳᠡᠭᠡᠭ᠍ᠰᠢᠯᠡᠳᠡᠭ᠌᠃

ᠭᠤᠷᠪᠠ ᠄ ᠠᠪᠢᠶ᠎ᠠ ᠵᠢᠭᠠᠬᠤ ᠠᠷᠭ᠎ᠠ

⒈ ᠭᠢᠳᠠᠤᠨ ᠭᠡᠯᠡᠨ ᠤ ᠠᠪᠢᠶ᠎ᠠ ᠶᠢ ᠠᠰᠢᠭᠯᠠᠵᠤ ᠡᠡᠩᠭ᠍ᠯᠢ ᠭᠡᠯᠡᠨ ᠤ ᠠᠪᠢᠶ᠎ᠠ ᠶᠢ ᠵᠢᠭᠠᠬᠤ

ᠠᠪᠢᠶᠠᠨ ᠤ ᠵᠢᠭᠠᠨ ᠰᠤᠷᠭᠠᠯᠳᠠ ᠶᠢᠨ ᠭᠤᠤᠯ ᠡᠭᠦᠷᠭᠡ ᠪᠣᠯ ᠰᠤᠨᠤᠰᠬᠤ᠂ ᠠᠵᠢᠭᠯᠠᠬᠤ᠂ ᠳᠠᠭᠤᠷᠢᠶᠠᠬᠤ ᠪᠠ ᠪᠣᠯᠪᠠᠰᠤᠷᠠᠬᠤ ᠪᠣᠯᠤᠨ᠎ᠠ᠂ ᠭᠢᠳᠠᠤᠨ ᠪᠠ ᠡᠡᠩᠭ᠍ᠯᠢ ᠭᠡᠯᠡᠨ ᠤ ᠠᠪᠢᠶ᠎ᠠ ᠶᠢᠨ ᠠᠳᠠᠯᠢ ᠴᠢᠨᠠᠷ ᠢ ᠠᠰᠢᠭᠯᠠᠨ ᠠᠪᠢᠶ᠎ᠠ ᠶᠢ ᠵᠢᠭᠠᠵᠤ ᠪᠣᠯᠤᠨ᠎ᠠ᠃

⒉ ᠳᠤᠭᠯᠠᠭᠠᠮ ᠤᠨ ᠭᠡᠯᠪᠠᠷᠢ

⑴ ᠭᠡᠭᠡᠭ᠍ᠰᠡᠨ ᠠᠪᠢᠶ᠎ᠠ ᠶᠢ ᠡᠷᠢᠵᠤ ᠣᠯᠬᠤ᠃

ᠠᠪᠢᠶ᠎ᠠ ᠶᠢᠨ ᠺᠠᠷᠲ᠋ ᠶᠢ ᠠᠰᠢᠭᠯᠠᠨ ᠳᠤᠭᠳᠠᠭᠰᠠᠨ ᠴᠠᠭ ᠳᠤᠳᠤᠷ᠎ᠠ ᠳᠤᠳᠠᠭᠰᠠᠨ ᠠᠪᠢᠶ᠎ᠠ ᠶᠢ ᠡᠷᠢᠵᠤ ᠣᠯᠬᠤ᠃

⑵ ᠠᠮᠠᠨ ᠤ ᠭᠡᠯᠪᠠᠷᠢ ᠪᠠᠷ ᠠᠪᠢᠶ᠎ᠠ ᠶᠢ ᠳᠠᠭᠠᠭᠠᠬᠤ᠃

ᠪᠠᠭᠰᠢ ᠡᠴᠠ ᠳᠠᠭᠤ ᠭᠠᠷᠬᠤ ᠦᠭᠡᠶ ᠪᠠᠷ ᠠᠪᠢᠶ᠎ᠠ ᠶᠢᠨ ᠭᠡᠯᠪᠠᠷᠢ ᠶᠢ ᠭᠠᠷᠭᠠᠨ ᠰᠤᠷᠤᠭᠴᠢ ᠳᠠᠭᠠᠭᠠᠬᠤ᠃

ᠠᠪᠢᠶ᠎ᠠ ᠶᠢ ᠭᠡᠷᠪᠡ ᠨᠢᠭᠡ ᠯᠠ ᠭᠦᠭ᠌ ᠶᠢᠡᠷ ᠵᠢᠭᠠᠪᠠᠯ ᠦᠨᠦᠷ ᠠᠮᠳᠠ ᠦᠭᠡᠶ ᠪᠠᠢ᠌ᠳᠠᠭ᠃ ᠳᠠᠢ᠌ᠮᠤ ᠡᠴᠡ ᠵᠢᠭᠠᠨ ᠰᠤᠷᠭᠠᠯᠳᠠ ᠶᠢᠨ ᠶᠠᠪᠣᠴᠠ ᠳᠤᠮᠳᠠ ᠪᠠᠨ ᠳᠤᠭᠯᠠᠭᠠᠮ ᠳᠤᠭᠢᠷᠠᠭᠤᠯᠵᠤ ᠠᠪᠢᠶ᠎ᠠ ᠶᠢ ᠳᠤᠭᠯᠠᠭᠠᠮ ᠤᠨ ᠳᠤᠮᠳᠠ ᠠᠭᠤᠰᠬᠠᠪᠠᠯ᠂ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠢᠳᠠᠪᠭᠢ ᠴᠢᠨᠠᠷ ᠢ ᠨᠢ ᠳᠠᠢ᠌ᠴᠢᠯᠠᠨ ᠳᠤᠭᠯᠠᠭᠠᠮ ᠤᠨ ᠳᠤᠮᠳᠠ ᠮᠡᠳᠡᠯᠭᠡ ᠶᠢ ᠡᠵᠡᠮᠰᠢᠭᠦᠯᠵᠤ ᠳᠠᠢ᠌ᠯᠤᠨ᠎ᠡ᠃

⒊ ᠴᠢᠳᠠᠪᠣᠷᠢ ᠪᠠ ᠭᠢᠷᠢ ᠪᠦᠳᠦᠮᠵᠢ ᠶᠢ ᠳᠡᠭᠡᠭ᠍ᠰᠢᠯᠡᠭᠦᠯᠭᠦ᠃

ᠠᠪᠢᠶ᠎ᠠ ᠵᠢᠭᠠᠬᠤ ᠵᠤᠷᠢᠯᠭ᠎ᠠ ᠨᠢ ᠵᠢᠭᠠᠬᠤ ᠶᠢᠨ ᠳᠠᠳᠤᠢ ᠪᠢᠰᠢ᠂ ᠬᠠᠷᠢᠨ ᠰᠤᠷᠤᠭᠴᠢ ᠶᠢᠨ ᠡᠡᠩᠭ᠍ᠯᠢ ᠭᠡᠯᠡᠨ ᠤ ᠡᠯ᠎ᠡ ᠳᠠᠯ᠎ᠠ ᠶᠢᠨ ᠴᠢᠳᠠᠪᠣᠷᠢ ᠶᠢ ᠳᠡᠭᠡᠭ᠍ᠰᠢᠯᠡᠭᠦᠯᠵᠤ ᠡᠭᠦᠨ ᠤ ᠣᠯᠠᠮ ᠡᠴᠡ ᠭᠢᠷᠢ ᠪᠦᠳᠦᠮᠵᠢ ᠶᠢ ᠳᠡᠭᠡᠭ᠍ᠰᠢᠯᠡᠭᠦᠯᠭᠦ ᠶᠢᠨ ᠲᠦᠯᠦᠭᠡ ᠶᠤᠮ᠃ ᠠᠪᠢᠶ᠎ᠠ ᠵᠢᠭᠠᠬᠤ ᠶᠠᠪᠣᠴᠠ ᠳᠤᠮᠳᠠ ᠪᠠᠨ ᠮᠡᠳᠡᠯᠭᠡ ᠶᠢ ᠭᠦᠢᠭᠡᠨ ᠡᠴᠡ ᠭᠦᠨ ᠳᠠᠰᠢ ᠳᠤᠭᠢᠷᠠᠭᠤᠯᠵᠤ ᠰᠤᠷᠤᠭᠴᠢ ᠶᠢ ᠢᠳᠡᠭ᠌ ᠢᠳᠡᠭ᠌ ᠶᠢᠡᠷ ᠣᠩᠰᠢᠬᠤ ᠵᠢᠮ᠎ᠠ ᠶᠤᠰᠤ ᠶᠢ ᠡᠵᠡᠮᠰᠢᠭᠦᠯᠵᠤ ᠰᠤᠷᠤᠭᠴᠢ ᠶᠢ ᠵᠤᠷᠢᠭᠵᠢᠭᠤᠯᠤᠨ ᠳᠤᠯᠢ ᠪᠢᠴᠢᠭ᠌ ᠢ ᠠᠰᠢᠭᠯᠠᠨ ᠰᠢᠨ᠎ᠡ ᠭᠦᠡᠳᠤ ᠥᠭᠡᠰ ᠤᠨ ᠣᠩᠰᠢᠯᠭ᠎ᠠ ᠶᠢ ᠪᠠᠶ᠎ᠠ ᠪᠠᠨ ᠳᠠᠭᠠᠭᠠᠵᠤ ᠡᠵᠡᠮᠰᠢᠵᠤ ᠳᠠᠳᠠᠨ ᠤ ᠣᠷᠢᠳᠴᠢᠯᠠᠨ ᠰᠤᠷᠬᠤ ᠴᠢᠳᠠᠪᠣᠷᠢ ᠪᠠ ᠦᠪᠠᠰᠤᠪᠠᠨ ᠰᠤᠷᠬᠤ ᠴᠢᠳᠠᠪᠣᠷᠢ ᠶᠢ ᠨᠢ ᠭᠦᠮᠦᠵᠢᠭᠦᠯᠵᠤ ᠡᠭᠦᠨ ᠤ ᠣᠯᠠᠮ ᠡᠴᠡ ᠭᠢᠷᠢ ᠪᠦᠳᠦᠮᠵᠢ ᠶᠢ ᠨᠢ ᠳᠡᠭᠡᠭ᠍ᠰᠢᠯᠡᠭᠦᠯᠭᠦ ᠪᠣᠯᠤᠨ᠎ᠠ᠃

ᠳᠦᠷᠪᠠ᠂ ᠠᠷᠭ᠎ᠠ ᠭᠡᠯᠪᠠᠷᠢ ᠪᠠᠨ ᠠᠮᠢᠳᠤᠯᠢᠭᠵᠢᠭᠤᠯᠵᠤ᠂ ᠰᠤᠷᠬᠤ ᠣᠷᠮ᠎ᠠ ᠶᠢ ᠭᠦᠭ᠍ᠵᠢᠭᠡᠭᠦ᠃

ᠳᠠᠩ ᠴᠤᠯᠭᠤᠢ ᠪᠠᠷ ᠠᠪᠢᠶ᠎ᠠ ᠶᠢ ᠰᠤᠷᠤᠭᠴᠢ ᠳᠤ ᠵᠢᠭᠠᠬᠤ ᠳᠤ ᠰᠤᠷᠤᠭᠴᠢ ᠰᠤᠷᠬᠤ ᠣᠷᠮ᠎ᠠ ᠦᠭᠡᠶ ᠪᠠᠢ᠌ᠳᠠᠭ᠃ ᠳᠠᠢ᠌ᠮᠤ ᠡᠴᠠ ᠵᠢᠭᠠᠨ ᠰᠤᠷᠭᠠᠯᠳᠠ ᠶᠢᠨ ᠶᠠᠪᠣᠴᠠ ᠳᠤᠮᠳᠠ ᠵᠢᠭᠠᠬᠤ ᠠᠷᠭ᠎ᠠ ᠮᠠᠶ‍ᠢᠭ ᠶᠢᠡᠨ ᠠᠮᠢᠳᠤᠯᠢᠭ ᠪᠣᠯᠭᠠᠨ ᠥᠭᠡᠷᠡᠴᠢᠯᠡᠵᠤ ᠰᠤᠷᠤᠭᠴᠢ ᠶᠢᠨ ᠣᠯᠤᠭᠰᠠᠨ ᠵᠢᠭᠠᠬᠠᠨ ᠠᠮᠵᠢᠯᠳᠠ ᠳᠤ ᠨᠢ ᠴᠤ ᠵᠤᠭᠢᠰᠳᠠᠢ ᠦᠨᠡᠯᠠᠯᠳᠠ ᠥᠭ᠍ᠴᠤ ᠵᠤᠷᠢᠭᠵᠢᠭᠤᠯᠤᠨ ᠰᠤᠷᠬᠤ ᠣᠷᠮ᠎ᠠ ᠶᠢ ᠨᠢ ᠭᠦᠭ᠍ᠵᠢᠭᠡᠨ ᠢᠳᠠᠪᠭᠢᠵᠢᠯ ᠢ ᠨᠢ ᠥᠡᠳᠦᠷᠵᠢᠭᠦᠯᠤᠨ᠎ᠡ᠃

ᠳᠠᠪᠣ᠂ ᠠᠪᠢᠶ᠎ᠠ ᠰᠤᠷᠬᠤ ᠶᠢᠨ ᠠᠰᠢᠭᠳᠠᠢ ᠳᠠᠯ᠎ᠠ ᠄

⒈ ᠠᠪᠢᠶ᠎ᠠ ᠰᠤᠷᠪᠠᠯ ᠣᠩᠰᠢᠬᠤ ᠪᠠ ᠪᠢᠴᠢᠭᠦ ᠪᠠᠷ ᠭᠤᠤᠯ ᠪᠣᠯᠭᠠᠭᠰᠠᠨ ᠶᠠᠪᠠ ᠡᠡᠩᠭ᠍ᠯᠢ ᠭᠡᠯᠡᠨ ᠡᠴᠠ ᠠᠶᠠᠷᠯᠠᠵᠤ ᠵᠢᠮ᠎ᠠ ᠶᠤᠰᠤ ᠶᠢ ᠡᠵᠡᠮᠰᠢᠨ ᠵᠦᠪ ᠠᠪᠢᠶᠠᠯᠠᠬᠤ ᠪᠠᠷ ᠳᠠᠮᠵᠢᠨ ᠦᠪᠡᠷ ᠢ ᠪᠠᠨ ᠢᠳᠡᠭᠡᠭᠦ ᠰᠡᠳᠬᠢᠯᠭᠡ ᠨᠢ ᠨᠡᠮᠡᠭ᠍ᠳᠡᠨ ᠰᠤᠷᠬᠤ ᠣᠷᠮ᠎ᠠ ᠨᠢ ᠨᠡᠮᠡᠭ᠍ᠳᠡᠳᠡᠭ᠌᠃

⒉ᠠᠪᠢᠶ᠎ᠠ ᠰᠤᠷᠪᠠᠯ ᠥᠭᠡᠰ ᠤᠨ ᠬᠤᠷᠠᠮᠳᠤᠭᠤᠯᠤᠯ ᠳᠤ ᠵᠠᠩᠭᠢᠯᠭ᠎ᠠ ᠶᠢᠨ ᠴᠢᠨᠠᠷᠳᠠᠢ ᠣᠢ᠌ᠯᠠᠳᠤᠯ ᠥᠵᠡᠭᠦᠯᠵᠤ ᠪᠠᠢ᠌ᠳᠠᠭ᠃

⒊ ᠠᠪᠢᠶ᠎ᠠ ᠰᠤᠷᠪᠠᠯ ᠡᠡᠩᠭ᠍ᠯᠢ ᠭᠡᠯᠡᠨ ᠤ ᠵᠦᠪ ᠣᠩᠰᠢᠯᠭ᠎ᠠ ᠶᠢ ᠳᠡᠭᠡᠭ᠍ᠰᠢᠯᠡᠭᠦᠯᠵᠤ ᠴᠢᠳᠠᠳᠠᠭ᠃

⒋ ᠠᠪᠢᠶ᠎ᠠ ᠰᠤᠷᠪᠠᠯ ᠰᠤᠷᠤᠭᠴᠢ ᠶᠢᠨ ᠡᠵᠡᠨ ᠮᠠᠳᠠᠨ ᠦᠪᠠᠰᠤᠪᠠᠨ ᠰᠤᠷᠬᠤ ᠪᠠ ᠣᠷᠢᠳᠴᠢᠯᠠᠨ ᠰᠤᠷᠬᠤ ᠴᠢᠳᠠᠪᠣᠷᠢ ᠨᠢ ᠴᠤ ᠳᠡᠭᠡᠭ᠍ᠰᠢᠯᠡᠳᠡᠭ᠌᠃

ᠮᠤᠩᠭ᠋ᠤᠯ ᠭᠡᠯᠡ ᠰᠤᠷᠬᠤ ᠶᠢᠨ ᠰᠠᠭᠤᠷᠢ ᠪᠣᠯ ᠴᠠᠭᠠᠨ ᠳᠤᠯᠤᠭᠠᠢ ᠶᠢ ᠡᠵᠡᠮᠰᠢᠭᠦ ᠪᠣᠯᠤᠨ᠎ᠠ᠂ ᠡᠡᠩᠭ᠍ᠯᠢ ᠭᠡᠯᠡᠨ ᠳᠤ ᠠᠪᠴᠤ ᠭᠡᠯᠡᠪᠠᠯ ᠠᠪᠢᠶ᠎ᠠ ᠰᠤᠷᠬᠤ ᠦᠭᠡᠶ ᠪᠣᠯ ᠡᠡᠩᠭ᠍ᠯᠢ ᠭᠡᠯᠡ ᠰᠤᠷᠴᠤ ᠳᠡᠢ᠌ᠯᠭᠦ ᠦᠭᠡᠶ ᠭᠡᠵᠤ ᠭᠡᠯᠡᠵᠤ ᠪᠣᠯᠬᠤ ᠦᠭᠡᠶ ᠴᠤ ᠠᠪᠢᠶ᠎ᠠ ᠶᠢᠨ ᠡᠡᠩᠭ᠍ᠯᠢ ᠭᠡᠯᠡᠨ ᠤ ᠵᠢᠭᠠᠨ ᠰᠤᠷᠭᠠᠯᠳᠠ ᠶᠢᠨ ᠶᠠᠪᠣᠴᠠ ᠳᠤᠮᠳᠠᠭᠢ ᠴᠢᠬᠤᠯᠠ ᠪᠠᠢ᠌ᠷᠢ ᠰᠠᠭᠤᠷᠢ ᠶᠢ ᠵᠢᠭᠠᠨ ᠰᠤᠷᠭᠠᠯᠳᠠ ᠶᠢᠨ ᠥᠢᠯᠡᠳᠦᠯᠭᠡ ᠡᠴᠡ ᠣᠯᠵᠤ ᠬᠠᠷᠬᠤ ᠶᠤᠮ᠃ ᠵᠥᠢᠷᠯᠡᠭᠡᠳ ᠭᠡᠯᠡᠪᠠᠯ ᠠᠪᠢᠶ᠎ᠠ ᠡᠡᠩᠭ᠍ᠯᠢ ᠭᠡᠯᠡᠨ ᠤ ᠵᠢᠭᠠᠨ ᠰᠤᠷᠭᠠᠯᠳᠠ ᠶᠢᠨ ᠶᠠᠪᠣᠴᠠ ᠳᠤᠮᠳᠠᠭᠢ ᠶᠠᠭ ᠬᠠᠷᠠᠩᠭ᠋ᠤᠢ ᠰᠦᠨᠢ ᠶᠢᠨ ᠨᠢᠭᠡᠨ ᠵᠢᠵᠢᠭ᠍‍ᠬᠡᠨ ᠳ᠋ᠸᠩ ᠠᠳᠠᠯᠢ 《ᠵᠠᠮᠴᠢ》 ᠶ᠋ᠢᠨ ᠣᠢ᠌ᠯᠠᠳᠤᠯ ᠲᠡᠶ ᠪᠢᠯᠠ᠃ ᠳᠠᠢ᠌ᠮᠤ ᠡᠴᠡ ᠵᠢᠭᠠᠨ ᠰᠤᠷᠭᠠᠯᠳᠠ ᠶᠢᠨ ᠶᠠᠪᠣᠴᠠ ᠳᠤᠮᠳᠠ ᠠᠪᠢᠶ᠎ᠠ ᠶᠢᠨ ᠠᠭᠤᠯᠭ᠎ᠠ ᠶᠢ ᠵᠤᠭᠢᠰᠳᠠᠢ ᠳᠤᠭᠢᠷᠠᠭᠤᠯᠵᠤ ᠰᠤᠷᠤᠭᠴᠢ ᠶᠢᠨ ᠭᠡᠯᠡ ᠶᠢ ᠴᠡᠪᠠᠷᠰᠢᠭᠦᠯᠵᠤ ᠪᠠᠷᠢᠮᠵᠢᠶᠠᠭᠤᠯᠵᠤ ᠡᠯ᠎ᠡ ᠳᠠᠯ᠎ᠠ ᠶᠢᠨ ᠴᠢᠳᠠᠪᠣᠷᠢ ᠶᠢ ᠨᠢ ᠳᠡᠭᠡᠭ᠍ᠰᠢᠯᠡᠭᠦᠯᠭᠦ ᠪᠠᠷ ᠴᠢᠷᠮᠠᠢ᠌ᠶ᠎ᠠ ︕


(ᠨᠠᠢ᠌ᠷᠠᠭᠤᠯᠤᠭᠴᠢ ᠡᠴᠡ ᠴᠤᠬᠤᠯᠠᠪᠤᠷᠢᠯᠠᠬᠤ ᠨᠢ᠄ ᠵᠤᠬᠢᠶᠠᠭᠴᠢ ᠡ᠊ᠨᠳᠡ ᠠᠪᠢᠶ᠎ᠠ ᠭᠡᠵᠦ ᠪᠠᠢ᠌ᠭ᠎ᠠ ᠨᠢ ᠤᠯᠠᠨ ᠤᠯᠤᠰ ᠤᠨ ᠭᠠᠯᠢᠭ ᠢ ᠵᠢᠭᠠᠵᠤ ᠪᠠᠢ᠌ᠬᠤ ᠮᠠᠭᠠᠳ᠃)


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠣᠯᠠᠭᠠᠠᠬᠤᠳᠠ ᠶᠢᠨ ᠮᠤᠩᠭ᠋ᠤᠯ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠸᠠᠩ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1859
ᠴᠠᠭ᠄ 2013 ᠤᠨ ᠤ 05 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ