ᠵᠤᠨ ᠤ ᠳᠡᠯᠭᠡᠷ ᠠᠶᠠᠯᠭᠤ

ᠳᠡᠯᠭᠡᠷ ᠵᠤᠨ ᠤ ᠰᠡᠳᠭᠢᠯ ᠤᠨ ᠨᠤᠳᠠᠯᠠᠯ

ᠨᠤᠭᠤᠭᠠᠨ ᠨᠠᠪᠴᠢ ᠶᠢᠨ ᠰᠡᠷᠪᠠᠯᠵᠡᠭᠡᠨ ᠮᠢᠨᠢ

ᠳᠡᠭᠡᠳᠤ ᠳᠡᠭ᠍ᠷᠢ ᠶᠢᠨ ᠰᠠᠨᠠᠯ ᠤᠨ ᠪᠠᠷᠢᠮᠳᠠ

ᠶᠠᠭᠠᠨ ᠴᠡᠴᠡᠭ᠌ ᠤᠨ ᠮᠦᠰᠢᠶᠠᠯ ᠮᠢᠨᠢ


ᠨᠤᠳᠤᠭ ᠤᠨ ᠭᠦᠷᠦᠰᠤᠨ ᠤ ᠬᠠᠯᠠᠭᠤᠨ ᠣᠨᠤᠯᠳᠠ

ᠬᠠᠩᠬᠤᠯᠤᠮᠠᠯ ᠣᠯᠠᠭᠠᠨᠬᠤᠸᠠᠷ ᠮᠢᠨᠢ

ᠨᠤᠷ᠎ᠠ ᠡᠯᠡᠰᠤᠨ ᠤ ᠠᠤᠭ᠎ᠠ ᠨᠢᠴᠤᠭᠠᠯᠳᠠ

ᠬᠠᠢ᠌ᠯᠠᠰᠤᠨ ᠤ ᠤᠨᠵᠢᠭᠠᠷ ᠰᠡᠯᠠᠭ᠎ᠠ ᠮᠢᠨᠢ


ᠭᠡᠭᠡᠷ᠎ᠡ ᠳᠠᠯ᠎ᠠ ᠶᠢᠨ ᠭᠤᠸ᠎ᠠ ᠣᠨᠤᠯᠵᠢᠭᠤᠯᠤᠯᠳᠠ

ᠭᠦᠮᠡᠯᠢ᠂ ᠳᠠᠭᠠᠨ᠎ᠠ᠂ ᠭᠤᠭᠤᠳ ᠮᠢᠨᠢ

ᠭᠡᠭᠦᠳᠡᠭ᠌ ᠴᠡᠭᠡᠵᠢᠨ ᠤ ᠬᠠᠯᠠᠭᠤᠨ ᠠᠮᠢᠰᠬᠤᠯ

ᠭᠦᠢᠯᠡᠰᠤ᠂ ᠮᠠᠩᠭᠢᠷ᠂ ᠳᠡᠮᠡᠭᠡᠨ ᠭᠦᠭᠦ ᠮᠢᠨᠢ


ᠡᠪᠦᠭᠡ ᠳᠡᠭᠡᠳᠤ ᠶᠢᠨ ᠬᠠᠳᠠᠭᠤ ᠰᠤᠷᠭᠠᠯ

ᠡᠭᠡᠭᠡᠮ᠎ᠡ ᠨᠠᠷᠠᠨ ᠤ ᠢᠯᠴᠢᠭᠢᠨᠠᠮ᠎ᠠ ᠢᠯᠴᠢ ᠮᠢᠨᠢ

ᠡᠷᠳᠡᠨ ᠤ ᠭᠦᠮᠤᠨ ᠤ ᠮᠦᠷ ᠬᠤᠷᠭᠤᠭᠰᠠᠨ

ᠡᠭᠡᠯᠢᠳᠤ ᠣᠷᠤᠨ ᠤ ᠨᠥᠮᠵᠦᠭ᠌ ᠰᠢᠷᠤᠢ ᠮᠢᠨᠢ


ᠴᠡᠭ᠍ᠴᠡᠦᠭᠡᠢ ᠰᠢᠪᠠᠭᠤᠨ ᠤ ᠣᠶᠠᠬᠠᠨ ᠵᠢᠷᠭᠢᠶᠠᠨ

ᠴᠡᠯᠭᠡᠮ᠎ᠡ ᠮᠤᠳᠤᠨ ᠤ ᠳᠠᠭᠠᠳᠠᠢ ᠳᠡᠭ᠍ᠷᠢᠯᠢᠭ᠌ ᠭᠦᠭ᠍ᠵᠢᠮ ᠮᠢᠨᠢ

ᠴᠡᠩᠭᠡᠷ ᠳᠡᠭ᠍ᠷᠢ ᠶᠢᠨ ᠮᠢᠠᠳᠠᠰᠤᠨ ᠴᠠᠭᠠᠨ ᠡᠭᠦᠯᠡᠰ

ᠴᠡᠪᠠᠷᠭᠡᠨ ᠣᠷᠤᠨ ᠤ ᠥᠭᠡᠳᠡᠩ ᠴᠠᠭᠠᠨ ᠰᠤᠪᠣᠤᠨ ᠮᠢᠨᠢ


ᠮᠢᠩᠭ᠋ᠠᠨ ᠮᠢᠩᠭ᠋ᠠᠨ ᠵᠠᠭᠤᠨ ᠤ ᠮᠥᠩᠭᠡ ᠶᠢᠨ ᠨᠢᠭᠡᠨ ᠵᠢᠷᠤᠭ

ᠮᠦᠷᠦᠭᠡᠳᠦᠯ ᠤᠨ ᠠᠯᠳᠠᠨ ᠭᠡᠯᠡᠨ ᠤ ᠡᠮᠳᠡᠷᠭᠦ ᠦᠭᠡᠶ ᠵᠤᠳᠤᠭ ᠮᠢᠨᠢ

ᠲᠦᠮᠡ ᠲᠦᠮᠡ ᠣᠳᠤᠨ ᠤ ᠭᠦᠯᠳᠡᠭᠦ ᠦᠭᠡᠶ ᠴᠠᠭᠠᠨ ᠳᠤᠮᠤᠭ

ᠳᠦᠷᠤᠯᠭᠢ ᠨᠤᠳᠤᠭ ᠤᠨ ᠣᠢ᠌ᠤᠠᠬᠤ ᠦᠭᠡᠶ ᠨᠡᠯᠦᠭᠡᠷ ᠭᠦᠪᠴᠢ ᠮᠢᠨᠢ ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠷᠳᠡᠨᠢᠪᠠᠭᠠᠨ᠎ᠠ
ᠬᠠᠷᠢᠶ᠎ᠠ᠄ ᠰᠢᠯᠦᠭ
ᠳᠠᠷᠤᠮ᠄ 2007
ᠴᠠᠭ᠄ 2013 ᠤᠨ ᠤ 05 ᠰᠠᠷ᠎ᠠ ᠶᠢᠨ 13