ᠵᠦᠩ ᠪᠢᠯᠢᠭ᠌ ᠤᠨ ᠣᠯᠠᠷᠢᠯ

ᠬᠠᠷᠠᠩᠭ᠋ᠤᠢ ᠦᠷᠦᠭᠡᠨ ᠤ ᠬᠠᠨ᠎ᠠ ᠲᠦᠰᠢᠵᠤ

ᠬᠠᠷᠠᠴᠠ ᠪᠠᠨ ᠳᠠᠮᠳᠠᠷᠢᠵᠤ ᠪᠣᠰᠬᠤ ᠳ᠋ᠤ

ᠬᠠᠳᠠᠭᠤ ᠵᠥᠭᠡᠯᠡᠨ ᠠᠮᠢᠳᠤᠷᠠᠯ ᠤᠨ ᠦᠨ᠎ᠡ ᠴᠠᠨ᠎ᠡ

ᠬᠠᠴᠠᠷ ᠳᠠᠭᠠᠭᠰᠠᠨ ᠨᠢᠯᠪᠣᠰᠤᠨ ᠠᠮᠳᠠ ᠪᠠᠷ ᠮᠡᠳᠡᠷᠡᠭ᠍ᠳᠡᠪᠡ᠂

ᠪᠢᠳᠠ ᠬᠠᠮᠢᠭ᠎ᠠ ᠨᠢ ᠪᠠᠢ᠌ᠨ᠎ᠠ ︖

ᠬᠠᠷ᠎ᠠ ᠴᠠᠭᠠᠨ ᠡᠷᠢᠶᠡᠨ ᠠᠯᠠᠭ ᠳᠦᠷᠢ ᠵᠢᠷᠤᠭ ᠤᠳ

ᠬᠠᠭᠠᠯᠭᠠᠨ ᠤ ᠬᠠᠳᠠᠪᠴᠢᠨ ᠡᠴᠡ ᠪᠣᠰᠴᠤ

ᠬᠠᠵᠠᠭᠤ ᠳᠤ ᠳᠦᠭᠦᠨ ᠢᠷᠡᠭᠦ ᠦᠶᠡᠰ

ᠬᠠᠮᠤᠭ ᠪᠠᠶ᠎ᠠ ᠠᠷᠵᠠᠰᠭᠢᠨ ᠴᠠᠴᠠᠷᠠᠪᠠ᠂

ᠪᠢ ᠬᠠᠮᠢᠭ᠎ᠠ ᠨᠢ ᠪᠠᠢ᠌ᠨ᠎ᠠ︖

ᠭᠦᠨ ᠳᠠᠯᠳᠠ ᠣᠳᠬ᠎ᠠ ᠶᠢᠨ ᠴᠢᠮᠡᠭ᠌ ᠲᠤ ᠪᠢᠰᠢᠷᠠᠵᠤ

ᠭᠤᠷᠪᠠᠨ ᠭᠤᠤᠯ ᠤᠨ ᠡᠭᠢ ᠡᠴᠡ

ᠣᠬᠠᠭᠠᠨ ᠤ ᠳᠡᠭᠡᠳᠤ ᠶᠢ 《ᠨᠢᠭᠤᠴᠠᠯᠠᠬᠤ》 ᠳ᠋ᠤ

ᠬᠤᠶᠠᠭ ᠳᠤᠭᠤᠯᠭ᠎ᠠ ᠮᠢᠨᠢ ᠳᠠᠠᠳᠠ ᠪᠠᠢ᠌ᠭᠰᠠᠨ᠂

ᠭᠦᠭᠡ ᠳᠡᠭ᠍ᠷᠢ ᠶᠢᠨ ᠣᠩᠭ᠋ᠤᠳ ᠢ ᠳᠠᠭᠤᠳᠠᠵᠤ

ᠭᠦᠢ ᠣᠷᠴᠢᠯᠠᠩ ᠤᠨ ᠦᠷᠭᠡᠨ ᠴᠢᠯᠦᠭᠡᠨ ᠳ᠋ᠤ

ᠭᠦᠮᠤᠨ᠂ ᠪᠠᠰᠠ ᠮᠤᠩᠭ᠋ᠤᠯ ᠭᠦᠮᠤᠨ ᠪᠠᠢ᠌ᠭᠰᠠᠨ ᠵᠢᠠᠨ

ᠭᠡᠢ᠌ᠮᠦᠷᠢ ᠣᠤᠬᠠᠢ᠌ᠯᠠᠨ ᠮᠡᠳᠡᠭᠦᠯᠭᠦ ᠳ᠋ᠤ

ᠭᠦᠯᠦᠭ᠌᠂ ᠡᠮᠡᠭᠡᠯ ᠮᠢᠨᠢ ᠳᠠᠠᠳᠠ ᠪᠠᠢ᠌ᠭᠰᠠᠨ᠂

ᠭᠦᠷᠦᠰᠤ ᠰᠢᠷᠤᠢ ᠪᠠᠨ ᠨᠤᠳᠤᠭ ᠭᠡᠵᠤ

ᠭᠦᠮᠤᠨ ᠤ ᠭᠠᠵᠠᠷ ᠡᠪᠦᠷᠳᠦᠯᠡᠵᠤ ᠶᠠᠪᠣᠭᠰᠠᠨ ᠭᠡᠨ᠎ᠡ᠂

ᠭᠦᠤ ᠶᠢᠨ ᠶᠢᠡᠨ ᠰᠡᠪᠠᠯᠭᠡ ᠶᠢ ᠥᠨᠦᠷᠯᠡᠭᠦ ᠭᠡᠵᠤ

ᠪᠣᠴᠠᠬᠤ ᠵᠠᠮ ᠶᠢᠡᠨ ᠳᠦᠳᠠᠯᠠᠵᠤ

ᠪᠣᠷᠤᠭᠠᠨ ᠶᠢᠡᠷ ᠶᠠᠭᠠᠷᠠᠵᠤ ᠳᠠᠪᠭᠢᠭᠰᠠᠨ ᠭᠡᠨ᠎ᠡ᠂

ᠭᠦᠰᠡᠷ ᠤᠨ ᠴᠢᠯᠠᠭᠤ ᠶᠢ ᠭᠦᠡᠳᠡᠭᠦ ᠦᠭᠡᠶ ᠮᠢᠨᠤᠭᠢ ᠭᠡᠵᠤ ᠬᠠᠢ᠌ᠷᠠᠯᠠᠵᠤ

ᠭᠦᠭᠡᠷᠡᠭᠦ ᠠᠯᠤᠰ ᠤᠨ ᠠᠭᠤᠯᠠ ᠶᠢ ᠮᠢᠨᠤᠭᠢ ᠭᠡᠵᠤ ᠰᠢᠳᠤᠵᠤ

ᠭᠦᠭᠡ ᠳᠤᠯᠪᠣᠳᠠᠨ ᠭᠡᠭᠦ ᠡᠴᠡ ᠪᠠᠨ ᠢᠯᠡᠭᠦᠤ

ᠭᠦᠭᠡ ᠮᠤᠩᠭ᠋ᠤᠯ ᠠᠬᠤᠢ ᠶᠢᠨ ᠦᠷ᠎ᠡ ᠰᠠᠳᠤ ᠳᠠᠶᠠᠭᠠᠷ ᠶᠠᠪᠣᠭᠰᠠᠨ ᠭᠡᠨ᠎ᠡ᠂

ᠣᠳᠤ ᠪᠣᠯᠵᠠᠢ ᠊᠊᠊᠊᠊᠊᠊᠊᠊᠊᠊᠊᠊᠊᠊

ᠪᠣᠷᠬᠠᠨ ᠬᠠᠯᠳᠤᠨ ᠤ ᠳᠡᠭ᠍ᠷᠢ ᠮᠡᠳᠡᠭ᠌᠂

ᠪᠣᠮᠠ ᠲᠦᠮᠡᠨ ᠵᠡᠭᠦᠳᠤᠨ ᠤ ᠣᠷᠴᠢᠨ ᠡᠴᠡ

ᠪᠣᠷᠤᠭᠤ ᠬᠠᠷᠠᠵᠤ ᠣᠭᠢᠯᠠᠵᠤ᠂ ᠵᠦᠪ ᠬᠠᠷᠠᠵᠤ ᠢᠨᠢᠶᠡᠭᠦ

ᠪᠣᠮᠠ ᠲᠦᠮᠡᠨ ᠰᠦᠨᠠᠰᠤ ᠪᠠᠢ᠌ᠭᠰᠠᠨ ᠢ ᠠᠵᠢᠵᠤ

ᠪᠣᠷᠤᠭᠤ ᠵᠦᠪ ᠣᠢ᠌ᠯᠠ ᠶᠢᠨ ᠳᠠᠩ ᠢ ᠣᠯᠬᠤ ᠭᠡᠵᠤ

《ᠪᠣᠷᠬᠠᠳ》 ᠊ᠤᠨ ᠵᠠᠷᠯᠢᠭ ᠶᠢᠡᠷ ᠰᠥᠭᠦᠳᠤᠨ ᠪᠠᠢ᠌ᠬᠤ ᠳ᠋ᠤ

ᠪᠢ ᠭᠠᠭᠴᠠᠭᠠᠷ ᠵᠤᠭᠰᠤᠭ᠎ᠠ ᠪᠠᠢ᠌ᠭᠰᠠᠨ ᠶᠤᠮ᠂

ᠪᠢ ᠭᠠᠭᠴᠠᠭᠠᠷ ᠮᠤᠩᠭ᠋ᠤᠯ ᠪᠠᠢ᠌ᠭᠰᠠᠨ ᠶᠤᠮ᠂᠂᠂

ᠰᠡᠳᠭᠢᠯ ᠤᠨ ᠦᠴᠦᠭᠡᠨ ᠭᠡᠭᠡ ᠵᠢ

ᠰᠡᠮᠡᠷᠡᠭ᠍ᠰᠡᠨ ᠬᠤᠷᠮᠤᠢ ᠪᠠᠷ ᠶᠢᠡᠨ ᠳᠠᠯᠳᠠᠯᠠᠵᠤ

ᠰᠠᠮ ᠰᠡᠮᠭᠡᠨ ᠱᠤᠤᠭᠢᠬᠤ

ᠰᠠᠷᠠᠨ ᠤ ᠰᠠᠯᠭᠢ ᠶᠢ ᠴᠢᠩᠨᠠᠨ ᠪᠠᠢ᠌ᠬᠤ ᠳ᠋ᠤ

ᠰᠦᠨ ᠪᠦᠳᠡᠭᠢᠭᠡᠨ ᠥᠩᠭᠡ ᠴᠡᠭᠡᠵᠢᠨ ᠳᠤ ᠪᠠᠭᠤᠵᠤ

ᠰᠦᠷᠦᠭ᠌ ᠭᠠᠯᠠᠭᠤᠨ ᠤ ᠳᠠᠭᠤᠨ ᠴᠢᠭᠡᠵᠢᠨ ᠳᠤ ᠪᠠᠭᠤᠵᠠᠢ ᠊᠊᠊᠊᠊᠊᠊᠊᠊᠊᠊᠊᠊᠊᠊

ᠣᠨ ᠴᠠᠭ ᠤᠨ ᠡᠨᠡᠭᠡᠨ ᠵᠠᠢ ᠳ᠋ᠤ

ᠣᠮᠠᠷᠳᠠᠬᠤ ᠵᠣᠢ᠌ᠯ ᠶᠡᠭᠡ ᠪᠠᠢ᠌ᠬᠤ ᠴᠤ ᠭᠡᠯ᠎ᠡ

ᠣᠭᠰᠢᠬᠤ ᠰᠠᠯᠠᠮᠠᠨ ᠤ ᠡᠰᠢᠨ ᠳᠡᠭᠡᠷ᠎ᠡ ᠰᠡᠢ᠌ᠯᠦᠭ᠍ᠰᠡᠨ

ᠣᠪᠣᠭ᠂ ᠣᠮᠤᠭ ᠶᠢᠡᠨ ᠮᠠᠷᠳᠠᠵᠤ ᠶᠠᠭᠠᠭᠢᠨ ᠪᠣᠯᠬᠤᠪ︕

ᠬᠠᠷᠠᠩᠭ᠋ᠤᠢ ᠦᠷᠦᠭᠡᠨ ᠤ ᠬᠠᠭᠠᠯᠭ᠎ᠠ ᠨᠡᠭᠡᠭᠡᠭ᠍ᠳᠡᠪᠡ᠂

ᠬᠠᠨ ᠠᠭᠤᠯᠠ ᠶᠢᠨ ᠴᠠᠰᠤ ᠭᠢᠯᠪᠠᠵᠤ ᠬᠠᠨᠠᠭᠠᠷ ᠬᠠᠷᠠᠭᠳᠠᠵᠤ

ᠬᠠᠵᠠᠭᠤ ᠳᠤ ᠪᠠᠢ᠌ᠭᠰᠠᠨ ᠳᠦᠷᠢ ᠵᠢᠷᠤᠭ

ᠬᠠᠢ᠌ᠯᠠᠨ ᠣᠷᠤᠰᠴᠤ ᠣᠳᠪᠠ᠂ ᠬᠠᠷᠠᠴᠠᠨ ᠡᠴᠡ ᠬᠤᠯᠠᠳᠠᠪᠠ᠂

ᠬᠠᠷᠢᠶᠠᠴᠠᠢ ᠣᠷᠤᠵᠤ ᠢᠷᠠᠪᠠ

᠊᠊᠊᠊᠊᠊᠊᠊᠊᠊᠊᠊᠊᠊᠊ ᠬᠠᠰᠠᠷ ᠤᠨ ᠴᠡᠷᠢᠭ᠌ ᠲᠤ ᠳᠤᠭᠤᠰᠤᠨ ᠪᠣᠯᠵᠤ ᠶᠠᠪᠣᠯ᠎ᠠ ᠭᠡᠵᠤ ᠵᠢᠷᠭᠢᠪᠠ᠂

ᠬᠠᠢ᠌ᠨᠤᠭ ᠣᠷᠤᠵᠤ ᠢᠷᠠᠪᠠ

᠊᠊᠊᠊᠊᠊᠊᠊᠊᠊᠊᠊᠊᠊᠊ ᠬᠠᠭᠠᠨ ᠳᠦᠷᠤ ᠶᠢᠨ ᠪᠢᠯᠢᠭ᠌ ᠰᠤᠷᠭᠠᠯ ᠢ ᠰᠢᠳᠤ ᠭᠡᠵᠤ ᠮᠥᠭᠡᠷᠡᠪᠡ᠂

ᠬᠠᠭᠠᠨ ᠣᠷᠤᠵᠤ ᠢᠷᠠᠪᠠ

᠊᠊᠊᠊᠊᠊᠊᠊᠊᠊᠊᠊᠊᠊᠊ ᠪᠢ ᠬᠠᠭᠠᠨ ᠪᠢᠰᠢ ᠡ

ᠪᠢᠯᠢᠭ᠌ ᠰᠤᠷᠭᠠᠯ ᠤᠨ ᠡᠵᠡᠨ ᠪᠢᠰᠢ

ᠬᠠᠯᠳᠠᠷ ᠪᠣᠯᠳᠠᠷ ᠵᠢᠭᠠᠯ ᠶᠠᠪᠣᠭᠰᠠᠨ ᠳᠠᠮᠤᠵᠢᠨ ᠤ

ᠬᠠᠷᠪᠣᠭᠰᠠᠨ ᠰᠤᠮᠤ ᠶᠢ ᠨᠢ ᠠᠷᠴᠢᠵᠤ ᠶᠠᠪᠣᠭᠰᠠᠨ ᠰᠠᠯᠭᠢ ᠁

ᠪᠢ ᠣᠷᠤᠵᠤ ᠢᠷᠠᠪᠠ

᠊᠊᠊᠊᠊᠊᠊᠊᠊᠊᠊᠊᠊᠊᠊ ᠨᠠᠶᠠᠨ ᠨᠢᠭᠡᠨ ᠰᠦᠨᠠᠰᠤᠨ ᠤ ᠨᠢᠭᠡ ᠶᠢ ᠣᠯ

ᠨᠠᠳᠠ ᠳᠡᠭᠡᠷ᠎ᠡ ᠡᠷᠭᠢᠵᠤ ᠢᠷᠡᠭᠦ ᠶᠢ ᠭᠦᠰᠡ

ᠨᠠᠮᠤᠷ ᠤᠨ ᠪᠣᠷᠤᠭ᠎ᠠ ᠶᠢ ᠨᠠᠮᠤᠷ ᠲᠤ ᠭᠡᠯ ᠦᠭᠡᠶ ᠣᠷᠤᠭᠤᠯ

ᠬᠠᠪᠣᠷ ᠤᠨ ᠥᠩᠭᠡ ᠶᠢ ᠬᠠᠪᠣᠷ ᠲᠤ ᠭᠡᠯ ᠦᠭᠡᠶ ᠬᠠᠢ᠂

ᠨᠠᠮ᠎ᠠ ᠶᠢ ᠳᠠᠭᠠᠭᠠᠤᠨ ᠠᠷᠤ ᠡᠴᠡ ᠭᠡᠵᠤ ᠵᠠᠷᠯᠢᠭ ᠪᠣᠯᠪᠠ᠃

ᠬᠠᠭᠠᠯᠭ᠎ᠠ ᠪᠠᠷ ᠭᠠᠷᠬᠤ ᠳᠤ ᠨᠠᠶᠠᠨ ᠨᠢᠭᠡᠨ ᠠᠮᠢᠳᠤᠷᠠᠯ ᠪᠠᠢ᠌ᠪᠠ᠂

ᠬᠠᠷᠠᠩᠭ᠋ᠤᠢ ᠦᠷᠦᠭᠡᠨ ᠤ ᠬᠠᠨ᠎ᠠ ᠭᠡᠵᠤ ᠬᠠᠳᠠ ᠪᠠᠢ᠌ᠪᠠ

ᠬᠠᠴᠠᠷ ᠳᠠᠭᠠᠭᠰᠠᠨ ᠨᠢᠯᠪᠣᠰᠤᠨ ᠨᠢ ᠣᠳᠤ ᠪᠠᠢ᠌ᠪᠠ

ᠬᠠᠷ᠎ᠠ ᠴᠠᠭᠠᠨ ᠡᠷᠢᠶᠡᠨ ᠠᠯᠠᠭ ᠵᠢᠷᠤᠭ ᠤᠳ ᠭᠡᠵᠤ

ᠬᠠᠳᠠᠭᠤ ᠭᠦᠢᠳᠡᠨ ᠬᠤᠷᠸ᠎ᠠ ᠶᠢᠨ ᠭᠢᠯᠢ ᠳᠡᠭᠡᠷ᠎ᠡ ᠳᠤᠰᠤᠭᠰᠠᠨ

ᠬᠠᠮᠤᠭ ᠡᠴᠦᠰ ᠤᠨ ᠮᠤᠩᠭ᠋ᠤᠯ ᠭᠦᠮᠤᠨ ᠤ ᠬᠠᠷᠠᠴᠠ ᠪᠠᠢ᠌ᠪᠠ ᠡ᠃

ᠳᠠᠢ᠌ᠮᠤ ᠡ ᠊᠊᠊᠊᠊᠊᠊᠊᠊᠊᠊᠊᠊᠊᠊

ᠣᠨ ᠴᠠᠭ ᠤᠨ ᠡᠨᠡᠭᠦᠭᠡᠨ ᠵᠠᠢ ᠳ᠋ᠤ

ᠣᠮᠠᠷᠳᠠᠬᠤ ᠵᠣᠢ᠌ᠯ ᠶᠡᠭᠡ ᠪᠠᠢ᠌ᠯ᠎ᠠ ᠴᠤ ᠭᠡᠯ᠎ᠡ

ᠣᠭᠰᠢᠬᠤ ᠰᠠᠯᠠᠮᠠᠨ ᠤ ᠡᠰᠢᠨ ᠳᠡᠭᠡᠷ᠎ᠡ ᠰᠡᠢ᠌ᠯᠦᠭ᠍ᠰᠡᠨ

ᠣᠪᠣᠭ᠂ ᠣᠮᠤᠭ ᠶᠢᠡᠨ ᠮᠠᠷᠳᠠᠵᠤ ᠶᠠᠭᠠᠭᠢᠨ ᠪᠣᠯᠬᠤ ᠪᠣᠢ ᠳ᠋ᠡ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1639
ᠴᠠᠭ᠄ 2011 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ