ᠵᠡᠭᠦᠳᠤᠨ ᠳᠤᠮᠤᠭ

ᠰᠦᠨᠢ ᠊᠊᠊᠊᠊᠊᠊᠊᠊᠊᠊᠊᠊᠊᠊

ᠣᠯᠠᠮ ᠯᠠ ᠣᠷᠳᠤᠰᠬᠤ ᠰᠢᠭ

ᠰᠥᠵᠢᠭ᠌ ᠊᠊᠊᠊᠊᠊᠊᠊᠊᠊᠊᠊᠊᠊᠊

ᠣᠯᠠᠢ ᠪᠠᠷ ᠯᠠ ᠡᠷᠭᠢᠭᠦ ᠰᠢᠭ᠌

ᠰᠦᠨᠠᠰᠤ ᠊᠊᠊᠊᠊᠊᠊᠊᠊᠊᠊᠊᠊᠊᠊

ᠣᠭ ᠶᠢᠡᠨ ᠮᠠᠷᠳᠠᠬᠤ ᠯᠠ ᠰᠢᠭ

ᠰᠦᠷ ᠊᠊᠊᠊᠊᠊᠊᠊᠊᠊᠊᠊᠊᠊᠊

ᠣᠳᠤᠮ ᠳᠤ ᠪᠠᠨ ᠯᠠ ᠪᠣᠴᠠᠯᠳᠠᠢ ᠰᠢᠭ

ᠠᠮᠢ ᠊᠊᠊᠊᠊᠊᠊᠊᠊᠊᠊᠊᠊᠊᠊

ᠬᠤᠷᠤᠮ ᠵᠠᠭᠤᠷ᠎ᠠ ᠪᠠᠷ ᠬᠤᠷᠤᠭᠳᠠᠨ᠎ᠠ

ᠠᠮᠠᠷᠠᠭ ᠊᠊᠊᠊᠊᠊᠊᠊᠊᠊᠊᠊᠊᠊᠊

ᠬᠤᠨᠤᠭ ᠤᠨ ᠵᠡᠭᠦᠳᠤᠨ ᠡᠴᠠ ᠬᠤᠯᠠᠳᠠᠨ᠎ᠠ

ᠠᠠᠳᠠ ᠊᠊᠊᠊᠊᠊᠊᠊᠊᠊᠊᠊᠊᠊᠊

ᠬᠤᠶᠠᠷ ᠰᠡᠳᠭᠢᠯ ᠶᠢᠡᠷ ᠡᠷᠭᠢᠴᠡᠨ᠎ᠡ

ᠠᠷᠠᠵᠠ ᠊᠊᠊᠊᠊᠊᠊᠊᠊᠊᠊᠊᠊᠊᠊

ᠬᠤᠳᠤᠭᠤᠳᠤ ᠭᠡᠳᠡᠰᠤ ᠶᠢ ᠵᠢᠮᠵᠢᠨᠡᠭᠦᠯᠤᠨ᠎ᠡ

ᠭᠠᠰᠢᠭᠤᠨ ᠊᠊᠊᠊᠊᠊᠊᠊᠊᠊᠊᠊᠊᠊᠊

ᠠᠮᠳᠠ ᠨᠢᠭᠡ ᠶᠢ ᠮᠡᠳᠡᠭᠦᠯᠪᠡ

ᠭᠠᠵᠢᠭᠤᠨ ᠊᠊᠊᠊᠊᠊᠊᠊᠊᠊᠊᠊᠊᠊᠊

ᠠᠶᠤᠯ ᠨᠢᠭᠡ ᠶᠢ ᠰᠡᠷᠡᠭᠦᠯᠪᠡ

ᠭᠠᠰᠠᠭᠤᠨ ᠊᠊᠊᠊᠊᠊᠊᠊᠊᠊᠊᠊᠊᠊᠊

ᠠᠮᠢᠳᠤᠷᠠᠯ ᠨᠢᠭᠡ ᠶᠢ ᠳᠠᠨᠢᠭᠤᠯᠪᠠ

ᠭᠠᠩᠳᠠᠭᠤᠨ ᠊᠊᠊᠊᠊᠊᠊᠊᠊᠊᠊᠊᠊᠊᠊

ᠠᠮᠠᠷᠠᠭ ᠨᠢᠭᠡ ᠶᠢ ᠳᠤᠷᠠᠰᠤᠭᠤᠯᠪᠠ

ᠪᠢ ᠊᠊᠊᠊᠊᠊᠊᠊᠊᠊᠊᠊᠊᠊᠊

ᠪᠢᠳᠡᠭᠦᠤ ᠳᠤ ᠪᠠᠨ ᠴᠥᠭᠦᠯ᠎ᠡ

ᠪᠢᠷ ᠊᠊᠊᠊᠊᠊᠊᠊᠊᠊᠊᠊᠊᠊᠊

ᠪᠢᠴᠢᠭᠯᠡᠭᠦ ᠡᠴᠠ ᠵᠠᠢ᠌ᠳᠠᠯ᠎ᠠ

ᠳᠠ ᠊᠊᠊᠊᠊᠊᠊᠊᠊᠊᠊᠊᠊᠊᠊

ᠠᠮᠤᠭᠤᠯᠠᠩ ᠪᠠᠢ

ᠳᠠᠷᠠ ᠊᠊᠊᠊᠊᠊᠊᠊᠊᠊᠊᠊᠊᠊᠊

ᠠᠴᠢᠶᠠᠯᠠᠬᠤ ᠪᠠᠷ ᠠᠢ᠌ᠰᠤᠢ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1919
ᠴᠠᠭ᠄ 2013 ᠤᠨ ᠤ 04 ᠰᠠᠷ᠎ᠠ ᠶᠢᠨ 07