ᠮᠤᠩᠭ᠋ᠤᠯᠴᠤᠳ ᠤᠨ ᠴᠠᠭᠠᠨ ᠢᠳᠡᠭᠡᠨ

ᠮᠤᠩᠭ᠋ᠤᠯᠴᠤᠳ ᠰᠥ᠋ ᠴᠠᠭ᠎ᠠ ᠶᠢ 《ᠴᠠᠭᠠᠨ ᠢᠳᠡᠭᠡ》 ᠭᠡᠳᠡᠭ᠌᠂ ᠳᠠᠷᠠ ᠨᠢ ᠠᠷᠢᠭᠤᠨ ᠴᠠᠪᠠᠷ᠂ ᠦᠯᠵᠡᠢ ᠮᠦᠷ ᠲᠡᠶ ᠢᠳᠡᠭᠡᠨ ᠤ ᠳᠡᠭᠡᠵᠢ ᠭᠡᠰᠡᠨ ᠣᠤᠠᠬ᠎ᠠ ᠲᠡᠶ ᠶᠤᠮ᠃ ᠴᠠᠭᠠᠨ ᠢᠳᠡᠭᠡ ᠶᠢ ᠢᠳᠡᠭᠡᠨ ᠤ ᠵᠣᠢ᠌ᠯ ᠪᠠ ᠣᠮᠳᠠᠭᠠᠨ ᠤ ᠵᠣᠢ᠌ᠯ ᠭᠡᠵᠤ ᠬᠤᠪᠢᠶᠠᠳᠠᠭ᠃

ᠢᠳᠡᠭᠡᠨ ᠤ ᠵᠣᠢ᠌ᠯ ᠢ ᠭᠤᠤᠯᠳᠠᠭᠤ ᠴᠠᠭᠠᠨ ᠳᠤᠰᠤ᠂ ᠰᠢᠷ᠎ᠠ ᠳᠤᠰᠤ᠂ ᠦᠷᠦᠮ᠎ᠡ᠂ ᠬᠤᠷᠤᠳ᠂ ᠠᠭᠠᠷᠤᠤᠯ᠂ ᠬᠠᠭᠠᠷᠢᠭᠰᠠᠨ ᠪᠣᠤᠪᠣ ᠭᠡᠵᠤ ᠵᠢᠷᠭᠤᠭᠠᠨ ᠵᠣᠢ᠌ᠯ ᠬᠤᠪᠢᠶᠠᠳᠠᠭ᠃ ᠰᠢᠷ᠎ᠠ ᠳᠤᠰᠤ᠂ ᠴᠠᠭᠠᠨ ᠳᠤᠰᠤ (ᠦᠷᠦᠮ᠎ᠡ)᠂ ᠦᠷᠦᠮ᠎ᠡ (ᠭᠦᠭᠡᠷᠦᠭᠦᠯᠦᠭ᠍ᠰᠡᠨ ᠦᠷᠦᠮ᠎ᠡ) ᠪᠣᠯ ᠰᠦᠨ ᠤ ᠳᠤᠳᠤᠷᠠᠭᠢ ᠣᠭᠢ ᠰᠢᠮ᠎ᠠ ᠮᠦᠨ᠂ ᠠᠩᠭᠢᠯᠤᠮ᠎ᠠ ᠰᠠᠢ᠌ᠬᠠᠨ ᠦᠨᠦᠷ ᠲᠡᠶ᠂ ᠡᠯᠪᠠᠭ᠌ ᠪᠠᠶᠠᠯᠢᠭ ᠰᠢᠮ᠎ᠠ ᠳᠡᠵᠢᠭᠡᠯ ᠲᠡᠶ᠂ ᠡᠷᠭᠢᠮ ᠨᠠᠠᠳᠢᠨ ᠠᠮᠳᠠᠳᠤ ᠢᠳᠡᠭᠡᠨ ᠶᠤᠮ᠂ ᠮᠠᠯᠴᠢᠳ ᠥᠷᠭᠦᠯᠵᠢ ᠰᠦ᠋ ᠲᠡᠶ ᠴᠠᠢ᠂ ᠬᠠᠭᠠᠷᠢᠭᠰᠠᠨ ᠪᠣᠤᠪᠣ᠂ ᠬᠠᠭᠤᠷᠤᠭᠰᠠᠨ ᠠᠮᠤ ᠲᠡᠶ ᠦᠷᠦᠵᠤ ᠳᠠᠯᠪᠢᠭᠠᠤᠨ᠂ ᠭᠦᠡᠳᠦᠳᠤ ᠵᠤᠴᠢᠳ ᠶᠢᠡᠨ ᠵᠤᠴᠢᠯᠠᠳᠠᠭ᠃ ᠬᠤᠷᠤᠳ ᠪᠣᠯᠤᠨ ᠠᠭᠠᠷᠤᠤᠯ ᠪᠣᠯ ᠴᠠᠭᠠᠨ ᠢᠳᠡᠭᠡᠨ ᠤ ᠳᠤᠳᠤᠷᠠᠭᠢ ᠬᠠᠮᠤᠭ ᠤᠨ ᠠᠷᠪᠢᠨ ᠮᠥᠷᠳᠡᠭᠡᠨ ᠬᠠᠮᠤᠭ ᠤᠨ ᠡᠩ ᠤᠨ ᠢᠳᠡᠭᠡᠨ ᠪᠣᠯᠤᠨ᠎ᠠ᠃

ᠴᠠᠭᠠᠨ ᠳᠤᠰᠤ᠄ ᠰᠢᠨ᠎ᠠ ᠰᠠᠭᠠᠭᠰᠠᠨ ᠰᠦ᠋ ᠪᠠᠨ ᠭᠦᠨᠦᠭ᠌ ᠲᠤ ᠭᠢᠵᠤ᠂ ᠪᠦᠯᠢᠵᠤ ᠢᠰᠭᠡᠭ᠍ᠰᠡᠨ ᠤ ᠳᠠᠷᠠᠭ᠎ᠠ᠂ ᠳᠡᠭᠡᠭᠦᠷ ᠨᠢ ᠴᠠᠭᠠᠨ ᠥᠩᠭᠡ ᠲᠡᠶ ᠳᠤᠰᠤ ᠭᠦᠪᠪᠦᠵᠤ ᠭᠠᠷᠳᠠᠭ᠂ ᠡᠨᠡ ᠨᠢ ᠳᠠᠷᠤᠢ ᠴᠠᠭᠠᠨ ᠳᠤᠰᠤ ᠪᠣᠯᠤᠨ᠎ᠠ (ᠵᠠᠷᠢᠮ ᠭᠠᠵᠠᠷ ᠦᠷᠦᠮ᠎ᠡ ᠭᠡᠵᠤ ᠪᠠᠰᠠ ᠭᠡᠯᠡᠳᠡᠭ᠌)᠃

ᠰᠢᠷ᠎ᠠ ᠳᠤᠰᠤ᠄ ᠴᠠᠭᠠᠨ ᠳᠤᠰᠤ (ᠦᠷᠦᠮ᠎ᠡ) ᠶᠢ ᠪᠦᠳᠦᠭᠦᠯᠢᠭ᠌ ᠪᠦᠰ ᠣᠭᠤᠳᠠᠨ ᠳᠤ ᠰᠠᠪᠠᠯᠠᠵᠤ ᠡᠷᠴᠢᠭᠡᠭ᠍ᠰᠡᠨ ᠤ ᠳᠠᠷᠠᠭ᠎ᠠ᠂ ᠳᠤᠭᠤᠭᠠᠨ ᠳᠤ ᠭᠢᠵᠤ ᠵᠥᠭᠡᠯᠡᠨ ᠭᠠᠯ ᠶᠢᠡᠷ ᠪᠣᠴᠠᠯᠭᠠᠭᠠᠤᠨ᠂ ᠰᠢᠨᠠᠭ᠎ᠠ ᠪᠠᠷ ᠣᠯᠠᠠᠳᠠ ᠬᠤᠤᠠᠬᠤᠪᠠᠯ ᠰᠢᠷᠠᠪᠳᠤᠷ ᠥᠩᠭᠡ ᠲᠡᠶ ᠳᠤᠰᠤ ᠭᠠᠷᠳᠠᠭ ᠳᠤᠯᠠ ᠳᠡᠭᠦᠨ ᠢ ᠰᠢᠷ᠎ᠠ ᠳᠤᠰᠤ ᠭᠡᠨ᠎ᠡ ᠂ ᠰᠢᠷ᠎ᠠ ᠳᠤᠰᠤ ᠰᠢᠬᠠᠭᠠᠤᠨ ᠥᠯᠡᠳᠡᠭ᠍ᠰᠡᠨ ᠭᠡᠰᠡᠭ᠌ ᠢ ᠨᠢ ᠵᠥᠭᠡᠭᠡᠢ ᠭᠡᠵᠤ ᠭᠡᠯᠡᠨ᠎ᠡ᠃

ᠦᠷᠦᠮ᠎ᠡ᠄ (ᠪᠠᠰᠠ ᠭᠦᠭᠡᠷᠦᠭᠦᠯᠦᠭ᠍ᠰᠡᠨ ᠦᠷᠦᠮ᠎ᠡ᠂ ᠬᠠᠭᠰᠠᠭᠠᠭᠰᠠᠨ ᠦᠷᠦᠮ᠎ᠡ ᠭᠡᠳᠡᠭ᠌) ᠵᠤᠨ ᠨᠠᠮᠤᠷ ᠤᠨ ᠣᠯᠠᠷᠢᠯ ᠳᠤ᠂ ᠰᠢᠨ᠎ᠠ ᠰᠠᠭᠠᠭᠰᠠᠨ ᠰᠦ᠋ ᠪᠠᠨ ᠳᠤᠭᠤᠭᠠᠨ ᠳᠤ ᠭᠢᠵᠤ ᠨᠤᠷᠮᠠᠰᠢᠭᠰᠠᠨ ᠭᠠᠯ ᠳᠡᠭᠡᠷ᠎ᠡ ᠠᠭᠠᠵᠢᠮᠬᠠᠨ ᠪᠣᠴᠠᠯᠭᠠᠬᠤ ᠶᠢᠨ ᠵᠡᠷᠭᠡᠪᠠᠷ᠂ ᠰᠢᠨᠠᠭ᠎ᠠ ᠪᠠᠷ ᠰᠠᠮᠠᠷᠠᠪᠠᠯ ᠭᠦᠭᠡᠰᠤ ᠭᠠᠷᠳᠠᠭ᠂ ᠰᠦ᠋ ᠶᠢᠨ ᠭᠦᠭᠡᠰᠤ ᠨᠢ ᠨᠤᠷᠮᠠᠨ ᠭᠠᠯ ᠤᠨ ᠭᠦᠴᠤ ᠪᠠᠭᠤᠷᠠᠬᠤ ᠶᠢᠨ ᠳᠠᠭᠠᠤ ᠳᠠᠷᠤᠭᠳᠠᠨ ᠰᠠᠭᠤᠭᠠᠤᠨ ᠥᠷᠦᠮᠡᠰᠢᠳᠡᠭ᠌᠂ ᠢᠩᠭᠢᠭᠡᠤᠨ ᠪᠠᠬᠠᠨ ᠣᠳᠠᠭᠰᠠᠨ ᠤ ᠳᠠᠷᠠᠭ᠎ᠠ᠂ ᠦᠷᠦᠮ᠎ᠡ ᠪᠠᠨ ᠰᠠᠪᠬ᠎ᠠ ᠪᠠᠷ ᠡᠯᠭᠦᠵᠤ ᠠᠪᠣᠭᠠᠤᠨ᠂ ᠰᠠᠯᠭᠢ ᠨᠡᠪᠳᠡᠷᠡᠳᠡᠭ᠌ ᠰᠡᠭᠦᠳᠡᠷ ᠭᠠᠵᠠᠷ ᠳᠠᠯᠪᠢᠵᠤ ᠬᠠᠳᠠᠭᠠᠪᠠᠯ ᠳᠠᠷᠤᠢ ᠦᠷᠦᠮ᠎ᠡ ᠪᠣᠯᠳᠠᠭ᠃

ᠬᠤᠷᠤᠳ᠄ ᠡᠭᠡᠳᠡᠭ᠍ᠰᠡᠨ ᠰᠦ᠋ ᠪᠠᠨ ᠳᠤᠭᠤᠭᠠᠨ ᠳᠤ ᠭᠢᠵᠤ᠂ ᠵᠥᠭᠡᠯᠡᠨ ᠭᠠᠯ ᠶᠢᠡᠷ ᠪᠣᠴᠠᠯᠭᠠᠵᠤ᠂ ᠰᠢᠷᠠᠰᠤ ᠶᠢ ᠨᠢ ᠰᠢᠬᠠᠵᠤ ᠠᠪᠣᠭᠠᠤᠨ ᠰᠢᠨᠠᠭ᠎ᠠ ᠶᠢᠨ ᠳᠤᠬᠤ ᠪᠠᠷ ᠨᠤᠬᠤᠵᠤ᠂ ᠬᠤᠷᠤᠳ ᠤᠨ ᠭᠡᠪ (ᠶᠠᠩᠵᠤ ᠪᠦᠷᠢ ᠶᠢᠨ ᠭᠡᠯᠪᠠᠷᠢ ᠲᠡᠶ ᠭᠡᠪ ᠪᠠᠢ᠌ᠳᠠᠭ᠂ ᠵᠠᠷᠢᠮ ᠭᠠᠵᠠᠷ ᠫᠠᠨ᠎ᠠ ᠭᠡᠵᠤ ᠨᠡᠷᠡᠯᠡᠳᠡᠭ᠌) ᠲᠤ ᠳᠠᠷᠤᠭᠠᠤᠨ᠂ ᠨᠠᠷᠠᠨ ᠳᠤ ᠡᠭᠡᠭᠡᠵᠤ ᠬᠠᠳᠠᠭᠠᠪᠠᠯ ᠳᠠᠷᠤᠢ ᠬᠤᠷᠤᠳ ᠪᠣᠯᠳᠠᠭ᠃ ᠵᠠᠷᠢᠮ ᠬᠤᠷᠤᠳ ᠨᠢ ᠭᠦᠴᠦᠯᠢᠭ᠌ ᠠᠮᠳᠠ ᠲᠡᠶ ᠪᠠᠢ᠌ᠵᠤ᠂ ᠵᠠᠷᠢᠮ ᠬᠤᠷᠤᠳ ᠨᠢ ᠠᠮᠳᠠᠯᠢᠭ ᠪᠠᠢ᠌ᠳᠠᠭ᠂ ᠳᠠᠷᠠ ᠪᠣᠯ ᠮᠠᠯᠴᠢᠳ ᠤᠨ ᠡᠪᠦᠯ ᠬᠠᠪᠣᠷ ᠤᠨ ᠰᠠᠢ᠌ᠨ ᠢᠳᠡᠭᠡᠨ ᠪᠣᠯᠤᠨ᠎ᠠ᠃

ᠠᠭᠠᠷᠤᠤᠯ᠄ ᠡᠭᠡᠳᠡᠭ᠍ᠰᠡᠨ ᠰᠦ᠋ ᠪᠠᠨ ᠳᠤᠭᠤᠭᠠᠨ ᠳᠤ ᠭᠢᠵᠤ ᠬᠠᠯᠠᠭᠤᠯᠤᠭᠠᠤᠨ ᠳᠤᠨᠤᠭᠰᠠᠨ ᠭᠡᠰᠡᠭ᠌ ᠢ ᠨᠢ ᠱᠥᠭᠦᠨ ᠠᠪᠴᠤ ᠪᠦᠰ ᠣᠭᠤᠳᠠᠨ ᠳᠤ ᠭᠢᠵᠤ ᠳᠠᠷᠤᠭᠰᠠᠨ ᠤ ᠳᠠᠷᠠᠭ᠎ᠠ᠂ ᠪᠠᠵᠠᠭᠳᠠᠵᠤ ᠠᠤᠠᠬᠤᠭᠠᠤᠨ ᠵᠣᠢ᠌ᠯ ᠪᠦᠷᠢ ᠶᠢᠨ ᠭᠡᠯᠪᠠᠷᠢ ᠲᠡᠶ ᠪᠣᠯᠭᠠᠨ ᠡᠭᠡᠭᠡᠵᠤ ᠬᠠᠳᠠᠭᠠᠪᠠᠯ ᠠᠭᠠᠷᠤᠤᠯ ᠪᠣᠯᠳᠠᠭ᠃

ᠬᠠᠭᠠᠷᠢᠭᠰᠠᠨ ᠪᠣᠤᠪᠣ᠄ ᠴᠠᠭᠠᠨ ᠭᠤᠯᠢᠷ ᠲᠤ ᠰᠢᠭᠢᠷ ᠭᠢᠵᠤ ᠰᠦ᠋ ᠪᠠᠷ ᠵᠢᠭᠤᠷᠠᠨ᠂ ᠳᠦᠭᠦᠷᠢᠭ᠌ ᠪᠣᠶᠤ ᠳᠦᠷᠪᠡᠯᠵᠢᠨ ᠭᠡᠯᠪᠠᠷᠢ ᠲᠡᠶ ᠪᠣᠯᠭᠠᠵᠤ᠂ ᠳᠤᠰᠤᠨ ᠳᠤ ᠴᠢᠨᠠᠵᠤ ᠪᠣᠯᠭᠠᠳᠠᠭ᠃

ᠣᠮᠳᠠᠭᠠᠨ ᠤ ᠵᠣᠢ᠌ᠯ ᠢ ᠭᠤᠤᠯᠳᠠᠭᠤ ᠰᠦ᠋ ᠲᠡᠶ ᠴᠠᠢ᠂ ᠳᠠᠷᠠᠭ᠂ ᠰᠠᠭᠠᠯᠢ ᠶᠢᠨ ᠠᠷᠢᠭᠢ ᠭᠡᠵᠤ ᠭᠤᠷᠪᠠᠨ ᠵᠣᠢ᠌ᠯ ᠳᠤ ᠬᠤᠪᠢᠶᠠᠳᠠᠭ᠃

ᠰᠦ᠋ ᠲᠡᠶ ᠴᠠᠢ᠄ ᠪᠠᠰᠠ ᠮᠤᠩᠭ᠋ᠤᠯ ᠴᠠᠢ ᠭᠡᠨ᠎ᠡ᠃ ᠡᠨᠡ ᠨᠢ ᠮᠤᠩᠭ᠋ᠤᠯᠴᠤᠳ ᠤᠨ ᠡᠳᠦᠷ ᠤᠨ ᠭᠤᠷᠪᠠᠨ ᠡᠷᠡᠨ ᠤ ᠬᠤᠭᠤᠯᠠᠨ ᠳᠤ ᠳᠤᠳᠠᠵᠤ ᠪᠣᠯᠤᠰᠢ ᠦᠭᠡᠶ ᠬᠠᠮᠤᠭ ᠤᠨ ᠳᠤᠷᠠᠳᠠᠢ ᠣᠮᠳᠠᠭᠠᠨ ᠪᠣᠯᠤᠨ᠎ᠠ᠃ ᠰᠦ᠋ ᠲᠡᠶ ᠴᠠᠢ ᠭᠢᠭᠦ ᠠᠷᠭ᠎ᠠ ᠶᠢ ᠶᠡᠷᠦᠩᠭᠡᠢ ᠳ᠋ᠤᠨᠢ ᠠᠪᠴᠤ ᠭᠡᠯᠡᠪᠠᠯ᠂ ᠣᠷᠢᠳᠠᠪᠠᠷ ᠭᠡᠪ ᠤᠨ ᠴᠠᠢ ᠪᠠᠨ ᠨᠦᠳᠦᠵᠦ᠂ ᠨᠠᠷᠢᠯᠢᠭ ᠰᠢᠷᠭᠡᠭ᠌ ᠲᠡᠶ ᠪᠦᠰ ᠣᠭᠤᠳᠠᠨ ᠳᠤ ᠰᠠᠪᠠᠯᠠᠵᠤ᠂ ᠪᠣᠴᠠᠯᠤᠭᠰᠠᠨ ᠣᠰᠤ ᠲᠡᠶ ᠳᠤᠭᠤᠭᠠᠨ ᠳᠤ ᠭᠢᠵᠤ ᠪᠠᠬᠠᠨ ᠴᠢᠨᠠᠭᠠᠤᠨ ᠢᠳᠡᠭᠡᠭ᠍ᠰᠢᠭ᠍ᠰᠡᠨ ᠤ ᠳᠠᠷᠠᠭ᠎ᠠ᠂ ᠳᠦᠭᠦᠭᠡᠢ ᠰᠦ᠋ ᠪᠠᠷ ᠶᠢᠡᠨ ᠰᠥᠯᠡᠭᠡᠤᠨ ᠣᠯᠠᠠᠳᠠ ᠰᠠᠮᠠᠷᠠᠵᠤ ᠨᠡᠢ᠌ᠯᠡᠭᠦᠯᠪᠠᠯ᠂ ᠰᠦ᠋ ᠲᠡᠶ ᠴᠠᠢ ᠪᠣᠯᠴᠢᠬᠠᠳᠠᠭ᠃ ᠣᠤᠭᠤᠬᠤ ᠦᠶ᠎ᠡ ᠳᠡᠭᠡᠨ ᠣᠯᠠᠩᠭᠢ ᠳᠠᠭᠠᠨ ᠵᠢᠭᠠᠬᠠᠨ ᠳᠠᠪᠣᠰᠤ ᠪᠣᠯᠤᠨ ᠬᠤᠭᠤᠷᠤᠭᠰᠠᠨ ᠠᠮᠤ ᠭᠢᠳᠡᠭ᠌᠃ ᠵᠠᠷᠢᠮ ᠨᠢ ᠪᠠᠰᠠ ᠴᠢᠨᠠᠬᠤ ᠳᠠᠭᠠᠨ ᠳᠠᠪᠣᠰᠤ ᠪᠠ ᠬᠠᠭᠤᠷᠤᠭᠰᠠᠨ ᠠᠮᠤ ᠪᠠᠨ ᠭᠢᠳᠡᠭ᠌᠃

ᠳᠠᠷᠠᠭ (ᠴᠡᠭᠡ) ᠄ ᠭᠡᠭᠦᠤ ᠶᠢᠨ ᠢᠰᠭᠡᠭ᠍ᠰᠡᠨ ᠰᠦ᠋ ᠶᠢᠨ ᠴᠡᠭᠡ᠂ ᠦᠨᠢᠶ᠎ᠡ᠂ ᠬᠤᠨᠢᠨ ᠤ ᠢᠰᠭᠡᠭ᠍ᠰᠡᠨ ᠰᠦ᠋ ᠶᠢᠨ ᠳᠠᠷᠠᠭ ᠪᠣᠯ ᠬᠠᠯᠠᠭᠤᠨ ᠢ ᠳᠠᠢ᠌ᠯᠵᠤ᠂ ᠣᠮᠳᠠ ᠶᠢ ᠳᠠᠷᠤᠳᠠᠭ ᠪᠦᠭᠡᠤᠨ ᠰᠢᠮ᠎ᠠ ᠳᠡᠵᠢᠭᠡᠯ ᠲᠡᠶ ᠪᠠᠢ᠌ᠳᠠᠭ᠃

ᠰᠠᠭᠠᠯᠢ ᠶᠢᠨ ᠠᠷᠢᠭᠢ᠄ (ᠪᠠᠰᠠ ᠮᠤᠩᠭ᠋ᠤᠯ ᠠᠷᠢᠭᠢ ᠭᠡᠳᠡᠭ᠌) ᠭᠦᠨᠦᠭ᠌ ᠲᠡᠶ ᠠᠢ᠌ᠷᠠᠭ ᠶᠢᠡᠨ ᠳᠤᠭᠤᠭᠠᠨ ᠳᠤ ᠭᠢᠵᠤ ᠵᠥᠭᠡᠯᠡᠨ ᠭᠠᠯ ᠶᠢᠡᠷ ᠪᠣᠴᠠᠯᠭᠠᠭᠠᠤᠨ᠂ ᠠᠷᠢᠭᠤᠨ ᠳᠤᠩᠭ᠋ᠠᠯᠠᠭ ᠠᠩᠭᠢᠯᠤᠮ᠎ᠠ ᠰᠠᠢ᠌ᠬᠠᠨ ᠰᠠᠭᠠᠯᠢ ᠶᠢᠨ ᠠᠷᠢᠭᠢ ᠨᠡᠷᠡᠳᠡᠭ᠌᠃ ᠳᠡᠭᠦᠨ ᠤ ᠰᠫᠢᠷᠲ᠋ ᠤᠨ ᠭᠡᠮᠵᠢᠶ᠎ᠡ ᠨᠢ ᠳᠠᠢ᠌ᠮᠤ ᠦᠨᠳᠦᠷ ᠪᠢᠰᠢ ᠪᠣᠯᠬᠤᠷ ᠮᠠᠯᠴᠢᠳ ᠥᠷᠭᠦᠯᠵᠢ ᠳᠡᠭᠦᠨ ᠶᠢᠡᠷ ᠭᠦᠡᠳᠦᠳᠤ ᠵᠤᠴᠢᠨ ᠶᠢᠡᠨ ᠵᠤᠴᠢᠯᠠᠳᠠᠭ ᠪᠠᠢ᠌ᠨ᠎ᠠ᠃ ᠭᠡᠭᠦᠤ ᠶᠢᠨ ᠠᠷᠢᠭᠢ ᠪᠣᠯ ᠭᠦᠢᠳᠡᠨ ᠢ ᠭᠦᠭᠡᠭᠡᠭᠦ᠂ ᠴᠢᠰᠤ ᠶᠢ ᠰᠢᠩᠭᠡᠷᠡᠭᠦᠯᠭᠦ᠂ ᠰᠢᠷᠪᠣᠰᠤ ᠶᠢ ᠳᠠᠯᠪᠢᠷᠠᠭᠤᠯᠬᠤ ᠂ ᠳᠤᠳᠤᠷ ᠪᠦᠭᠡᠷ᠎ᠡ ᠶᠢ ᠳᠡᠵᠢᠭᠡᠭᠦ᠂ ᠢᠳᠠᠰᠢ ᠶᠢ ᠰᠢᠩᠭᠡᠭᠡᠭᠦ᠂ ᠬᠤᠳᠤᠭᠠᠳᠤ ᠶᠢ ᠰᠠᠢ᠌ᠵᠢᠷᠠᠭᠤᠯᠬᠤ ᠵᠡᠷᠭᠡ ᠣᠢ᠌ᠯᠠᠳᠤᠯ ᠲᠡᠶ ᠶᠤᠮ᠃

ᠵᠤᠬᠢᠶᠠᠭᠴᠢ᠄
ᠢᠷᠡᠯᠲᠡ᠄ ᠪᠢᠴᠢᠭ᠍ᠰᠡᠨ ᠥᠭᠡᠢ
ᠳᠠᠷᠤᠮ᠄ 5245
ᠴᠠᠭ᠄ 2006 ᠤᠨ ᠤ 11 ᠰᠠᠷ᠎ᠠ ᠶᠢᠨ 23
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠵᠠᠩ ᠤᠢ᠌ᠯᠠ - ᠮᠤᠩᠭ᠋ᠤᠯᠴᠤᠳ ᠤᠨ ᠴᠠᠭᠠᠨ ᠢᠳᠡᠭᠡᠨ