ᠠᠶᠠᠠᠴᠢᠨ

ᠰᠡᠮᠡᠷᠭᠡᠢ ᠪᠣᠳᠤᠯ ᠳᠠᠭᠠᠨ ᠴᠢᠷᠦᠭ᠍ᠳᠡᠵᠤ

ᠰᠦᠨᠢ ᠶᠢᠨ ᠰᠦᠨᠢ ᠪᠠᠷ ᠨᠣᠢ᠌ᠷ ᠦᠭᠡᠶ ᠰᠢᠨᠠᠯᠠᠵᠤ

ᠰᠡᠢ᠌ᠮᠡᠭᠡᠢ ᠳᠡᠭ᠍ᠷᠢ ᠶᠢᠨ ᠡᠭᠦᠯᠡ ᠮᠠᠳᠤ

ᠰᠡᠳᠭᠢᠯ ᠤᠨ ᠣᠯᠠᠨ ᠰᠢᠷᠬ᠎ᠠ ᠪᠠᠷ ᠡᠮᠵᠡᠭᠯᠡᠳᠡᠭ᠌

ᠰᠡᠳᠡᠷᠭᠡᠢ ᠠᠶᠠᠠᠴᠢᠨ ᠪᠢ ᠶᠤᠮ

ᠨᠠᠷᠠᠨ ᠵᠥᠭ᠌ ᠤᠨ ᠳᠡᠭ᠍ᠷᠢ

ᠨᠠᠮ᠎ᠠ ᠡᠴᠡ ᠳᠠᠩᠴᠢ ᠬᠤᠯᠠᠳᠠᠵᠤ

ᠨᠠᠮᠤᠭᠤᠬᠠᠨ ᠰᠦᠨᠢ ᠭᠠᠭᠴᠠᠭᠠᠷ ᠨᠠᠷᠭᠢᠳᠠᠭ

ᠨᠠᠭᠠᠳᠤᠮ ᠡᠴᠡ ᠬᠤᠯᠠᠳᠤᠭᠰᠠᠨ ᠠᠶᠠᠠᠴᠢᠨ ᠪᠢ ᠶᠤᠮ

ᠨᠤᠳᠤᠭ ᠤᠨ ᠰᠢᠷᠭᠠᠯ ᠡᠯᠡᠰᠤᠨ ᠡᠴᠡ

ᠥᠡᠳᠡᠭᠡᠨ ᠴᠢᠯᠠᠭᠤ ᠡᠷᠢᠵᠤ

ᠨᠤᠷᠠᠩᠬᠠᠢ ᠬᠤᠳᠠᠤᠨ ᠤᠨ ᠪᠠᠭᠤᠷᠢ ᠳᠡᠭᠡᠷ᠎ᠡ

ᠥᠩᠭᠡᠷᠡᠭ᠍ᠰᠡᠨ ᠤ ᠳᠡᠦᠭᠡ ᠶᠢ ᠰᠠᠨᠠᠭᠠᠯᠵᠠᠵᠤ

ᠨᠣᠢ᠌ᠷ ᠦᠭᠡᠶ ᠰᠦᠨᠢ ᠬᠠᠷ᠎ᠠ ᠳᠠᠷᠤᠵᠤ ᠰᠡᠷᠢᠭᠡᠳ

ᠰᠠᠷᠠ ᠦᠭᠡᠶ ᠥᠷᠦᠭᠡᠨ ᠳᠤ ᠰᠢᠷᠠᠳᠠᠵᠤ ᠭᠡᠪᠳᠡᠳᠡᠭ᠌

ᠳᠤᠮᠤᠭ ᠤᠨ ᠨᠢᠭᠡ ᠳᠡᠨᠦᠭᠦᠯᠴᠢᠨ ᠪᠢ ᠶᠤᠮ

ᠥᠯᠢᠭᠡᠷ ᠤᠨ ᠨᠢᠭᠡ ᠠᠶᠠᠠᠴᠢᠨ ᠪᠢ ᠪᠠᠢ᠌ᠯ᠎ᠠ

ᠪᠦᠳᠡᠭᠢ ᠴᠤ ᠪᠣᠯᠤᠭ᠂ ᠰᠥᠮᠡᠭᠡᠢ ᠴᠤ ᠪᠣᠯᠤᠭ

ᠨᠠᠢ᠌ᠷᠠᠭ ᠤᠨ ᠳᠡᠭ᠍ᠷᠢ ᠶᠢᠨ ᠨᠢᠭᠡ ᠣᠳᠤ ᠪᠣᠯᠤᠶ᠎ᠠ ᠭᠡᠮᠡᠨ ᠭᠡᠢ᠌ᠷᠭᠡᠵᠤ

ᠥᠴᠦᠭᠡᠨ ᠴᠤ ᠪᠣᠯᠤᠭ᠂ ᠪᠠᠭ᠎ᠠ ᠴᠤ ᠪᠣᠯᠤᠭ

ᠦᠨᠳᠦᠰᠦᠳᠠᠨ ᠤ ᠰᠤᠶᠤᠯ ᠳᠠᠭᠠᠨ ᠣᠢ᠌ᠯᠠᠴᠢᠯᠠᠶ᠎ᠠ ᠭᠡᠮᠡᠨ ᠭᠦᠭ᠍ᠰᠡᠵᠤ

ᠪᠣᠰᠤᠭ᠎ᠠ ᠥᠰᠦᠭ᠌ ᠶᠢᠡᠷ ᠶᠢᠡᠨ ᠪᠣᠳᠠᠷᠠᠳᠠᠯ᠎ᠠ ᠪᠢᠴᠢᠵᠤ

ᠮᠤᠩᠭ᠋ᠤᠯ ᠨᠤᠮ ᠢ ᠴᠢᠨᠡᠭᠡ ᠪᠠᠷ ᠣᠩᠰᠢᠵᠤ

ᠨᠢᠰᠭᠦ ᠶᠢ ᠭᠦᠰᠡᠭ᠍ᠰᠡᠨ ᠵᠤᠯᠵᠠᠭᠠᠨ ᠰᠢᠪᠠᠭᠤ ᠰᠢᠭ

ᠨᠢᠯᠬᠠᠷᠠᠵᠤ ᠪᠣᠰᠳᠠᠭ ᠠᠶᠠᠠᠴᠢᠨ ᠪᠢ ᠪᠠᠢ᠌ᠭ᠎ᠠ ᠶᠤᠮ

ᠠᠶᠠᠠᠴᠢᠨ ᠭᠦᠮᠤᠨ ᠵᠤᠷᠢᠭ ᠬᠠᠳᠠᠭᠤ ᠪᠠᠢ᠌ᠳᠠᠭ ᠶᠤᠮ

ᠠᠭᠤᠳᠠᠮ ᠳᠠᠯ᠎ᠠ ᠶᠢ ᠠᠯᠬᠤᠵᠤ ᠳᠤᠭᠤᠯᠳᠠᠭ ᠰᠢᠠᠳᠠᠰᠤ ᠲᠡᠶ ᠪᠠᠢ᠌ᠳᠠᠭ ᠶᠤᠮ

ᠣᠷᠤᠭᠰᠢᠯᠠᠬᠤ ᠡᠴᠡ ᠪᠢᠰᠢ ᠣᠬᠤᠷᠢᠵᠤ ᠪᠣᠴᠠᠳᠠᠭ ᠦᠭᠡᠶ ᠶᠤᠮ

ᠣᠢ᠌ᠴᠢᠵᠤ ᠣᠨᠠᠭᠰᠠᠨ ᠴᠤ ᠣᠷᠪᠠᠭᠠᠤᠨ ᠪᠠᠰᠠ ᠪᠣᠰᠳᠠᠭ ᠶᠤᠮ

ᠠᠯᠢ ᠣᠯᠠᠨ ᠠᠶᠠᠠᠴᠢᠨ ᠭᠦᠮᠤᠨ ᠤ ᠳᠤᠳᠤᠷᠠᠭᠢ

ᠠᠶᠠᠠᠴᠢᠨ ᠰᠢᠭ ᠠᠶᠠᠠᠴᠢᠨ ᠤ ᠨᠢᠭᠡ ᠨᠢ ᠪᠢ ᠪᠠᠢ᠌ᠭ᠎ᠠ ᠶᠤᠮ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1303
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁