ᠴᠢᠮᠢ᠋ᠢ ᠰᠠᠨᠠᠭᠰᠠᠨ ᠦᠳᠡᠰᠢ

ᠴᠢᠮᠢ᠋ᠢ ᠶᠠᠪᠣᠭᠰᠠᠨ ᠳᠠᠷᠠ ᠦᠳᠡᠰᠢ ᠶᠢᠨ

ᠴᠠᠭ ᠳᠠᠩᠴᠤ ᠣᠷᠳᠤ ᠪᠠᠢ᠌ᠯ᠎ᠠ

ᠴᠠᠢ᠌ᠯᠭᠠᠨ ᠬᠤᠩᠭ᠋ᠤᠷ ᠵᠢᠷᠦᠭᠡ ᠰᠡᠭ᠍ᠴᠢᠵᠤ

ᠴᠡᠭᠡᠵᠢᠨ ᠳᠤ ᠨᠢᠭᠡ ᠯᠠ ᠡᠡᠶᠡᠭᠦᠢ ᠪᠠᠢ᠌ᠯ᠎ᠠ

ᠬᠠᠪᠢᠷᠭᠠᠨ ᠰᠠᠷᠠ ᠶᠢ ᠰᠢᠷᠳᠡᠩᠭᠡᠨ ᠰᠠᠭᠤᠬᠤ ᠳᠤ

ᠬᠠᠭᠠᠰ ᠭᠡᠰᠡᠭ᠌ ᠨᠢ ᠡᠵᠡᠭᠦᠢ ᠪᠠᠢ᠌ᠯ᠎ᠠ᠂

ᠬᠠᠨᠢᠯᠠᠵᠤ ᠶᠠᠪᠣᠭᠰᠠᠨ ᠶᠢᠡᠨ ᠳᠤᠷᠠᠰᠤᠩᠬᠠᠨ ᠰᠠᠨᠠᠬᠤ ᠳᠤ

ᠬᠠᠢ᠌ᠷ᠎ᠠ ᠶᠢᠨ ᠮᠢᠨᠢ ᠰᠡᠳᠭᠢᠯ ᠳᠤ ᠳᠤᠮᠳᠠᠭᠤᠷ ᠪᠠᠢ᠌ᠯ᠎ᠠ

ᠠᠶᠠᠭ᠎ᠠ ᠲᠡᠶ ᠴᠠᠢ ᠪᠠᠨ ᠠᠪᠣᠭᠠᠤᠨ ᠣᠭᠤᠴᠢᠬᠤ ᠳᠤ

ᠠᠮᠳᠠ ᠨᠢ ᠨᠢᠭᠡ ᠯᠠ ᠭᠠᠰᠢᠭᠤᠨ ᠰᠠᠨᠠᠭᠳᠠᠨ᠎ᠠ

《ᠠᠷᠭ᠎ᠠ ᠦᠭᠡᠶ ᠠᠮᠠᠷᠠᠭ》 ᠊ᠢ ᠨᠠᠮᠤᠭᠤᠬᠠᠨ ᠭᠢᠩᠰᠢᠭᠦ ᠳ᠋ᠤ

ᠠᠶᠠᠰ ᠨᠢ ᠨᠢᠭᠡ ᠯᠠ ᠰᠤᠯᠤᠭᠠᠢ ᠳᠦᠷᠦᠭ᠍ᠳᠡᠨ᠎ᠡ

ᠳᠠᠷ᠎ᠠ ᠪᠠᠨ ᠳᠠᠯᠪᠢᠭᠠᠤᠨ ᠬᠠᠵᠠᠭᠤᠯᠳᠠᠨ ᠭᠡᠪᠳᠡᠭᠦ ᠳᠤ

ᠳᠠᠮᠠᠢ ᠴᠤ ᠨᠥᠢᠷ ᠥᠭᠡᠢ ᠤᠢ᠌ᠳᠬᠠᠷ ᠴᠤᠬᠤᠯᠵᠠᠨ᠎ᠠ

ᠳ᠋ᠸᠩ ᠶᠢᠡᠨ ᠠᠰᠠᠭᠠᠴᠢᠬᠠᠭᠠᠤᠨ ᠪᠣᠰᠴᠤ ᠰᠠᠭᠤᠬᠤ ᠳᠤ

ᠳᠡᠷᠭᠡᠳᠡ ᠮᠢᠨᠢ ᠨᠢᠭᠡ ᠣᠷᠤ ᠬᠤᠭᠤᠰᠤᠨ ᠴᠠᠯᠳᠠᠢ᠌ᠨ᠎ᠠ ᠁

ᠴᠢᠮᠢ᠋ᠢ ᠶᠠᠪᠣᠭᠰᠠᠨ ᠳᠠᠷᠠ ᠦᠳᠡᠰᠢ ᠶᠢᠨ

ᠴᠠᠭ ᠳᠠᠩᠴᠤ ᠣᠷᠳᠤ ᠪᠠᠢ᠌ᠯ᠎ᠠ

ᠴᠠᠢ᠌ᠯᠭᠠᠨ ᠬᠤᠩᠭ᠋ᠤᠷ ᠵᠢᠷᠦᠭᠡ ᠰᠡᠭ᠍ᠴᠢᠵᠤ

ᠴᠡᠭᠡᠵᠢᠨ ᠳᠤ ᠨᠢᠭᠡ ᠯᠠ ᠡᠡᠶᠡᠭᠦᠢ ᠪᠠᠢ᠌ᠯ᠎ᠠ ᠁


ᠵᠤᠬᠢᠶᠠᠭᠴᠢ ᠶᠢᠨ ᠬᠠ‍‌ᠶᠢᠭ᠄ ᠰᠢᠯᠢ ᠶᠢᠨ ᠭᠤᠤᠯ ᠠᠢ᠌ᠮᠠᠭ ᠤᠨ ᠪᠠᠷᠠᠭᠤᠨ ᠦᠵᠤᠮᠤᠴᠢᠨ ᠬᠤᠰᠢᠭᠤᠨ ᠤ ᠪᠠᠶᠠᠩᠬᠤᠧᠨ ᠪᠠᠯᠭᠠᠰᠤ ᠶᠢᠨ ᠪᠣᠷᠤᠬᠤᠰᠢᠭᠤ ᠭᠠᠴᠠᠭ᠎ᠠ

ᠵᠤᠬᠢᠶᠠᠭᠴᠢ᠄ ᠳᠤ᠋·ᠡᠷᠳᠡᠨᠢᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3498
ᠴᠠᠭ᠄ 2014 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁