ᠴᠢᠨ᠋ᠸ᠎ᠠ ᠶᠢᠨ ᠰᠦᠰᠦᠳᠠᠨ

ᠠᠯᠠᠭ ᠬᠤᠷᠸ᠎ᠠ ᠶᠢᠨ ᠳᠡᠦᠭᠡᠨ ᠣᠷᠤᠰᠬᠠᠯ ᠳ᠋ᠤ

ᠵᠢᠷᠦᠭᠡᠳᠡᠨ ᠢ ᠴᠡᠴᠡᠷᠡᠭᠦᠯᠵᠤ᠂ ᠤᠯᠡᠢ᠌ᠷᠡᠨ ᠳᠠᠭᠠᠷᠢᠳᠠᠭ

ᠪᠣᠵᠠᠷ ᠰᠦᠰᠦᠳᠠᠢ᠂ ᠪᠣᠵᠠᠭᠠᠢ ᠵᠢᠷᠤᠮ ᠳᠠᠢ

ᠠᠷᠢᠶᠠᠳᠠᠨ ᠭᠡᠵᠤ ᠴᠢᠨ᠋ᠸ᠎ᠠ ᠡᠴᠡ ᠥᠭᠡᠷ᠎ᠡ ᠦᠭᠡᠶ᠂

ᠴᠢᠨ᠋ᠸ᠎ᠠ᠂  ᠦᠯᠪᠠᠷᠠᠵᠤ ᠥᠭᠦᠭᠦ ᠳ᠋ᠡᠭᠡᠨ

     ᠪᠣᠰᠤᠳ ᠤᠨ ᠠᠮᠠ ᠶᠢ ᠬᠠᠷᠠᠵᠤ ᠥᠵᠡᠭᠡ ᠥᠭᠡᠢ

         ᠠᠮᠢᠳᠤ ᠶᠢᠨ ᠶᠤᠰᠤ᠂

ᠴᠢᠨ᠋ᠸ᠎ᠠ᠂ ᠭᠠᠵᠠᠷ ᠤᠨ ᠬᠠᠪᠬᠠᠨ ᠳᠤ ᠣᠨᠠᠭᠳᠠᠬᠤ ᠳ᠋ᠠᠭᠠᠨ

     ᠭᠠᠷ ᠶᠢᠡᠨ ᠵᠠᠵᠠᠯᠵᠤ ᠠᠮᠢ ᠵᠥᠯᠪᠠᠳᠡᠭ᠌

         ᠬᠠᠳᠠᠭᠤ ᠵᠤᠷᠢᠭ᠂

ᠴᠢᠨ᠋ᠸ᠎ᠠ᠂ ᠬᠠᠠᠳᠤᠭᠰᠠᠨ ᠵᠥᠭ᠌ ᠳᠡᠭᠡᠨ ᠣᠮᠤᠭ ᠶᠢᠡᠷ ᠳᠦᠷᠢᠵᠤ

     ᠬᠠᠮᠤᠭ ᠠᠮᠢᠳᠠᠨ ᠤ ᠵᠢᠷᠦᠭᠡ ᠳᠦᠭ᠍ᠰᠢᠭᠦᠯᠤᠨ ᠬᠣᠢ᠌ᠬ᠎ᠠ ᠪᠣᠰᠬᠠᠳᠠᠭ

         ᠠᠢ᠌ᠳᠠᠰ ᠭᠦᠴᠤᠨ᠃

ᠴᠢᠨ᠋ᠸ᠎ᠠ᠂ ᠠᠯᠠᠭ ᠭᠡᠭᠡᠷ᠎ᠡ ᠶᠢᠨ ᠠᠮᠢᠨ ᠬᠠᠷᠠᠭᠤᠯ᠂

ᠴᠢᠨ᠋ᠸ᠎ᠠ᠂ ᠴᠠᠰᠤᠳᠤ ᠶᠠᠷᠳᠢᠠᠴᠤ ᠶᠢᠨ ᠭᠢᠯᠪᠠᠭᠡᠨ ᠳᠠᠮᠠᠭ᠎ᠠ᠂

ᠴᠢᠨ᠋ᠸ᠎ᠠ᠂ ᠵᠠᠭᠤᠨ ᠤ ᠣᠷᠤᠰᠬᠠᠯ ᠳᠤ ᠮᠥᠩᠭᠡᠷᠡᠭ᠍ᠰᠡᠨ ᠰᠦᠨᠠᠰᠤ᠂

ᠴᠢᠨ᠋ᠸ᠎ᠠ᠂ ᠰᠢᠳᠤᠨ ᠪᠢᠰᠢᠷᠡᠭᠦ ᠰᠦᠰᠦᠳᠠᠢ᠌ᠴᠤᠳ ᠤᠨ ᠣᠪᠢᠳᠠᠰ ᠳᠤᠤᠯᠢ᠃


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠭᠤᠤᠯᠮᠤᠳ ᠬᠤᠳᠠ

ᠵᠤᠬᠢᠶᠠᠭᠴᠢ᠄ ᠪᠣᠷᠵᠢᠭᠢᠨ ᠨᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1620
ᠴᠠᠭ᠄ 2012 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ