ᠨᠠᠷᠠᠨ ᠤ ᠭᠡᠷᠡᠯ ᠤᠨ ᠵᠦᠭᠡᠯᠡᠨ ᠬᠠᠷᠭᠢᠯᠤᠭ᠎ᠠ

ᠡᠭᠡᠴᠢ ᠶᠢᠨ ᠭᠢ ᠮᠢᠨᠢ ᠢᠮᠢᠨ ᠤ ᠪᠣᠷᠭᠠᠰᠤᠳᠤ ᠳᠤᠬᠤᠢ ᠳᠤ ᠵᠤᠰᠠᠳᠠᠭ ᠳᠠᠷᠠ ᠵᠤᠨ ᠂ ᠪᠢ ᠰᠠᠤᠠᠭᠢᠯ ᠮᠠᠳᠠᠷᠠᠯ ᠤᠨ ᠭᠢᠮᠤᠷᠠᠯ ᠂ ᠠᠵᠢᠯ ᠲᠦᠷᠦᠯ ᠤᠨ ᠨᠤᠭᠤᠷᠠᠯ ᠬᠤᠶᠠᠷ ᠲᠤ ᠠᠪᠳᠠᠭᠠᠤᠨ ᠂ ᠳᠠᠳᠠᠨ ᠤ ᠳᠤ ᠡᠷᠡᠭᠦᠯ ᠠᠭᠠᠷ ᠭᠦᠷᠳᠡᠵᠤ ᠠᠮᠠᠷᠠᠬᠤ ᠪᠠᠷ ᠣᠴᠢᠭᠰᠠᠨ ᠪᠢᠯᠠ ᠃

ᠡᠭᠡᠴᠢ ᠶᠢᠨ ᠭᠢ ᠡᠳᠦᠷᠵᠢᠨ ᠮᠠᠯ ᠬᠤᠢ ᠭᠡᠤᠨ ᠶᠠᠪ ᠶᠠᠭᠠᠷᠠᠤ ᠃ ᠭᠠᠭᠴᠠ ᠯᠠ ᠡᠭᠡᠴᠢ ᠶᠢᠨ ᠨᠢᠳᠤᠨ ᠪᠠᠯᠠᠢ ᠦᠬᠢᠨ ᠣᠷᠠᠠᠳᠤᠶᠠᠭ᠎ᠠ ᠨᠠᠳᠠ ᠬᠠᠨᠢ ᠪᠣᠯᠵᠤ ᠡᠳᠦᠷ ᠤᠨ ᠣᠷᠳᠤ ᠶᠢ ᠨᠥᠭ᠍ᠴᠢᠭᠡᠨ᠎ᠡ ᠃

ᠡᠨᠡ ᠣᠷᠠᠠᠳᠤᠶᠠᠭ᠎ᠠ ᠦᠬᠢᠨ ᠣᠤᠯ ᠨᠢ ᠮᠦᠨ ᠭᠦ ᠪᠣᠰᠤᠳ ᠭᠡᠦᠭᠡᠤᠨ ᠲᠡᠶ ᠠᠳᠠᠯᠢ ᠨᠠᠷᠠᠨ ᠤ ᠭᠡᠷᠡᠯ ᠤᠨ ᠳᠤᠯᠤᠭᠠᠨ ᠥᠩᠭᠡ ᠂ ᠨᠠᠪᠴᠢᠨ ᠳᠡᠭᠡᠷᠡᠭᠢ ᠰᠢᠭᠦᠳᠡᠷᠢ ᠶᠢᠨ ᠪᠣᠯᠤᠷ ᠳᠤᠶᠠᠭ᠎ᠠ ᠂ ᠨᠠᠮᠤᠷ ᠤᠨ ᠰᠠᠯᠭᠢᠨ ᠤ ᠡᠪᠠᠰᠤᠨ ᠤ ᠰᠦᠯ ᠳᠡᠭᠡᠷᠡᠭᠢ ᠭᠦᠶ‍ᠦᠳᠡᠯ ᠢ ᠬᠠᠷᠠᠵᠤ ᠪᠠᠶᠠᠰᠤᠨ ᠭᠦᠶ‍ᠦᠵᠤ ᠶᠠᠪᠣᠬᠤ ᠶᠢᠨ ᠬᠤᠪᠢᠳᠠᠢ ᠳᠦᠷᠦᠭ᠍ᠰᠡᠨ ᠪᠠᠢ᠌ᠵᠠᠢ ᠃

ᠭᠡᠶ᠎ᠡ᠂ ᠭᠠᠢ ᠭᠠᠵᠡᠷ ᠳᠤᠤᠷ᠎ᠡ ᠡᠴᠡ ᠭᠡᠳᠡᠭ᠍ᠴᠢᠯᠡᠨ ᠨᠠᠶᠠᠨ ᠭᠤᠷᠪᠠᠨ ᠣᠨ ᠤ ᠶᠡᠭᠡ ᠳᠣᠢ᠌ᠮᠠᠷ ᠲᠤ ᠠᠷᠪᠠᠨ ᠭᠤᠷᠪᠠᠳᠠᠢ᠌ᠬᠠᠨ ᠪᠠᠢ᠌ᠭᠰᠠᠨ ᠣᠷᠠᠠᠳᠤᠶᠠᠭ᠎ᠠ ᠂ ᠭᠠᠯ ᠠᠪᠣᠯᠴᠠᠭᠰᠠᠨ ᠰᠠᠭᠠᠬᠠᠯᠳᠠ ᠶᠢᠨ ᠶᠢᠡᠨ ᠭᠡᠷ ᠡᠴᠡ ᠭᠤᠷᠪᠠᠳᠠᠢ ᠪᠢᠴᠢᠬᠠᠨ ᠦᠬᠢᠨ ᠢ ᠨᠢ ᠠᠪᠣᠷᠠᠬᠤ ᠭᠡᠵᠤ ᠣᠷᠤᠭᠠᠤᠨ ᠭᠠᠯ ᠤᠨ ᠳᠠᠯᠠᠢ ᠳᠤ ᠣᠰᠬᠠᠯ ᠬᠤᠶᠠᠷ ᠨᠢᠳᠤ ᠪᠠᠨ ᠣᠷᠭᠢᠴᠢᠬᠠᠭᠰᠠᠨ ᠪᠠᠢ᠌ᠭ᠎ᠠ ᠰᠠᠨ ᠃ ᠳᠡᠭᠦᠨ ᠡᠴᠡ ᠬᠣᠢ᠌ᠰᠢ ᠬᠤᠷᠸ᠎ᠠ ᠶᠢᠨ ᠭᠡᠷᠡᠯ ᠭᠡᠭᠡ ᠶᠢ ᠳᠠᠷᠠ ᠵᠥᠪᠭᠡᠨ ᠳᠤᠳᠤᠭᠠᠳᠤ ᠰᠡᠳᠭᠢᠯᠭᠡ ᠶᠢᠨ ᠡᠮᠵᠡᠭ᠌ ᠮᠡᠳᠡᠷᠡᠭᠦᠢ ᠪᠠᠷ ᠶᠢᠡᠨ ᠭᠦᠷᠦᠯᠴᠡᠨ ᠮᠡᠳᠡᠷᠡᠳᠡᠭ᠌ ᠪᠣᠯᠤᠭᠰᠠᠨ ᠪᠣᠶᠤ ᠃

ᠣᠷᠠᠠᠳᠤᠶᠠᠭ᠎ᠠ ᠳᠤᠡᠭ ᠴᠤ ᠳᠤᠭᠳᠠᠭᠤᠨ ᠣᠬᠠᠭᠠᠯᠢᠭ ᠂ ᠬᠠᠷᠠᠭ᠎ᠠ ᠦᠭᠡᠶ ᠠᠳᠠᠯ᠎ᠠ ᠪᠠᠨ ᠣᠷᠴᠢᠨ ᠤ ᠪᠠᠨ ᠪᠦᠭᠦᠢ ᠵᠣᠢ᠌ᠯᠠᠰ ᠢ ᠳᠤᠡᠭ ᠴᠤ ᠰᠤᠷᠮᠠᠭᠠᠢ ᠡᠳ᠋ᠯᠡᠨ ᠳᠤᠭᠢᠵᠢᠭᠤᠯᠵᠤ ᠭᠡᠨ ᠭᠦᠮᠤᠨ ᠳᠤ ᠴᠤ ᠳᠤᠰᠠ ᠪᠣᠯᠵᠤ ᠪᠠᠢ᠌ᠳᠠᠭ ᠨᠢ ᠭᠠᠢ᠌ᠬᠠᠯᠳᠠᠢ ᠃

ᠣᠢ᠌ᠤᠠᠬᠤ ᠳᠠᠭᠠᠨ ᠪᠢ ᠢᠮᠢᠨ ᠤ ᠭᠦᠪᠠᠭᠡᠨ ᠳ᠋ᠠᠭᠢ ᠮᠤᠨᠤᠰᠤᠨ ᠤ ᠰᠡᠭᠦᠳᠡᠷ ᠲᠤ ᠨᠤᠮ ᠣᠷᠪᠠᠭᠤᠯᠤᠨ ᠂ ᠣᠷᠤᠰᠬᠠᠯ ᠤᠨ ᠴᠢᠮᠡᠭᠡ ᠴᠢᠩᠨᠠᠵᠤ ᠰᠠᠭᠤᠵᠤ ᠪᠠᠢ᠌ᠪᠠ ᠃

ᠪᠠᠢ᠌ᠭᠠᠯᠢ ᠬᠤᠷᠸ᠎ᠠ ᠦᠪᠡᠷ ᠤᠨ ᠶᠢᠡᠨ ᠭᠦᠭ᠌ ᠠᠶᠠᠯᠭᠤ ᠪᠠᠷ ᠶᠢᠡᠨ ᠠᠶᠠᠷᠬᠠᠨ ᠳᠠᠭᠤᠯᠠᠵᠤ ᠪᠠᠢ᠌ᠯ᠎ᠠ ᠃

ᠳᠡᠭᠡᠳᠡᠯ᠎ᠡ ᠬᠠᠵᠠᠭᠤ ᠳᠤ ᠮᠢᠨᠢ ᠳᠤᠭᠤᠢ ᠰᠠᠭᠤᠵᠤ ᠪᠠᠢ᠌ᠭᠰᠠᠨ ᠣᠷᠠᠠᠳᠤᠶᠠᠭ᠎ᠠ ᠄

᠊᠊᠊᠊᠊᠊᠊᠊᠊᠊᠊᠊᠊᠊᠊ ᠨᠠᠭᠠᠴᠤ ᠡ ᠂ ᠳᠠᠨ ᠤ ᠨᠤᠮ ᠣᠷᠪᠠᠭᠤᠯᠬᠤ ᠴᠢᠮᠡᠭᠡ ᠶᠤᠰᠤᠳᠠᠢ ᠰᠤᠨᠤᠰᠪᠣᠷᠢᠳᠠᠢ ᠂ ᠶᠠᠭ ᠯᠠ ᠨᠠᠷᠠᠨ ᠤ ᠭᠡᠷᠡᠯ ᠤᠨ ᠬᠠᠷᠭᠢᠯᠤᠨ ᠣᠷᠤᠰᠬᠤ ᠴᠢᠮᠡᠭᠡ ᠰᠢᠭ᠌ ᠭᠡᠨ᠎ᠡ ᠃

ᠪᠢ ᠰᠤᠴᠢᠰᠭᠢᠨ ᠄

᠊᠊᠊᠊᠊᠊᠊᠊᠊᠊᠊᠊᠊᠊᠊ ᠶᠠᠭᠤ ᠭᠡᠯ᠎ᠡ ︖ ᠨᠠᠷᠠᠨ ᠤ ᠭᠡᠷᠡᠯ ᠤᠨ ᠬᠠᠷᠭᠢᠯᠤᠨ ᠣᠷᠤᠰᠬᠤ ᠴᠢᠮᠡᠭᠡ ᠭᠡᠪᠠᠤ ⁈ ᠨᠠᠷᠠᠨ ᠤ ᠭᠡᠷᠡᠯ ᠬᠠᠷᠭᠢᠯᠤᠨ ᠣᠷᠤᠰᠳᠠᠭ ᠦᠦ ︖ ᠭᠡᠪᠠᠯ ᠣᠷᠠᠠᠳᠤᠶᠠᠭ᠎ᠠ ᠄

᠊᠊᠊᠊᠊᠊᠊᠊᠊᠊᠊᠊᠊᠊᠊ ᠶᠠᠭ ᠳ᠋ᠠ ᠂ ᠥᠷᠯᠦᠭᠡ ᠪᠦᠷᠢ ᠨᠠᠷᠠᠨ ᠤ ᠭᠡᠷᠡᠯ ᠤᠨ ᠭᠦᠩᠭᠡᠭᠡᠨ ᠣᠷᠤᠰᠬᠠᠯ ᠳᠤ ᠪᠢ ᠭᠡᠵᠢᠭᠡᠯᠡᠭ᠍ᠳᠡᠨ ᠰᠡᠷᠢᠳᠡᠭ᠌ ᠪᠠᠢ᠌ᠬᠤ ᠦᠭᠡᠶ ᠦᠦ ⁉ ᠭᠡᠤᠨ ᠳᠤᠯᠤᠭᠠᠢ ᠪᠠᠨ ᠭᠢᠯᠵᠢ᠌ᠯᠭᠡᠨ ᠴᠢᠩᠨᠡᠰᠭᠢᠭᠡᠤᠨ ᠄

᠊᠊᠊᠊᠊᠊᠊᠊᠊᠊᠊᠊᠊᠊᠊ ᠣᠳᠤ ᠪᠠᠷᠤᠭ ᠦᠳᠡ ᠪᠣᠯᠬᠤ ᠭᠡᠵᠤ ᠪᠠᠢ᠌ᠨ᠎ᠠ ᠃ ᠶᠠᠭ ᠢᠮᠢᠨ ᠤ ᠭᠦᠢᠭᠡᠨ ᠭᠡᠰᠡᠭ᠌ ᠤᠨ ᠣᠷᠤᠰᠬᠠᠯ ᠰᠢᠭ ᠨᠠᠮᠵᠢᠭᠤᠬᠠᠨ ᠮᠦᠷᠳᠠᠯ᠎ᠠ ᠪᠠᠨ ᠰᠢ᠌ᠦᠡᠮᠡᠭ᠌ ᠭᠡᠪᠡ ᠃ ᠪᠢ ᠦᠪᠡᠷ ᠤᠨ ᠡᠷᠭᠡ ᠦᠭᠡᠶ ᠴᠠᠭ ᠶᠢᠡᠨ ᠬᠠᠷᠠᠪᠠᠯ ᠠᠷᠪᠠᠨ ᠨᠢᠭᠡᠨ ᠴᠠᠭ ᠬᠠᠭᠠᠰ ᠪᠣᠯᠵᠤ ᠪᠠᠢ᠌ᠯ᠎ᠠ ᠃ ᠣᠷᠠᠠᠳᠤᠶᠠᠭ᠎ᠠ ᠄

᠊᠊᠊᠊᠊᠊᠊᠊᠊᠊᠊᠊᠊᠊᠊ ᠨᠠᠭᠠᠴᠤ ᠳᠠ ᠢᠳᠡᠭᠡᠭᠦ ᠦᠭᠡᠶ ᠪᠣᠯ ᠰᠠᠤᠠᠭᠢᠯ ᠶᠢᠡᠨ ᠨᠠᠮᠵᠢᠭᠤᠯᠤᠨ ᠴᠢᠩᠨᠠᠭᠠᠴᠢ ᠭᠡᠯ᠎ᠡ ᠃

ᠪᠢ ᠳᠡᠭᠦᠨ ᠤ ᠭᠡᠯᠡᠭ᠍ᠰᠡᠨ ᠶᠤᠰᠤᠭᠠᠷ ᠨᠢᠳᠤ ᠪᠠᠨ ᠠᠨᠢᠵᠤ ᠴᠢᠩᠨᠠᠯ᠎ᠠ ᠃ ᠣᠷᠴᠢᠨ ᠳᠤᠭᠤᠷᠢᠨ ᠨᠠᠮ ᠵᠢᠮ ᠂ ᠭᠤᠤᠯ ᠤᠨ ᠣᠰᠤᠨ ᠤ ᠱᠤᠷᠴᠢᠭᠢᠨᠠᠨ ᠣᠷᠤᠰᠬᠤ ᠂ ᠰᠢᠪᠠᠭᠤᠳ ᠤᠨ ᠬᠠᠶᠠ ᠵᠢᠷᠭᠢᠯᠳᠦᠭᠦ ᠡᠴᠡ ᠣᠠᠳᠤᠤ ᠶᠠᠮᠠᠷ ᠴᠤ ᠠᠨᠢᠷ ᠴᠢᠮᠡᠭᠡ ᠠᠯᠠᠭ᠎ᠠ ᠃ ᠬᠠᠷᠢᠨ ᠨᠠᠷᠠᠨ ᠤ ᠢᠯᠴᠢ ᠯᠠ ᠳᠤᠳᠤ ᠡᠴᠡ ᠳᠤᠳᠤ ᠮᠡᠳᠡᠷᠡᠭ᠍ᠳᠡᠵᠤ ᠪᠠᠢ᠌ᠪᠠ ᠃ ᠪᠢ ᠄

᠊᠊᠊᠊᠊᠊᠊᠊᠊᠊᠊᠊᠊᠊᠊ ᠶᠠᠭᠤ ᠴᠤ ᠣᠯᠵᠤ ᠰᠤᠨᠤᠰᠬᠤ ᠦᠭᠡᠶ ᠭᠡᠪᠠᠯ ᠄

᠊᠊᠊᠊᠊᠊᠊᠊᠊᠊᠊᠊᠊᠊᠊ ᠳᠠ ᠵᠢᠷᠦᠭᠡ ᠰᠠᠤᠠᠭᠢᠯ ᠶᠢᠡᠷ ᠶᠢᠡᠨ ᠴᠢᠩᠨᠠᠭᠠᠴᠢ ᠭᠡᠯ᠎ᠡ ᠃ ᠪᠠᠢ᠌ᠭᠰᠠᠭᠠᠷ ᠬᠠᠷᠢᠨ ᠣᠷᠴᠢᠨ ᠳᠤᠭᠤᠷᠢᠨ ᠶᠠᠮᠠᠷ ᠴᠤ ᠠᠨᠢᠷ ᠴᠢᠮᠡᠭᠡ ᠦᠭᠡᠶ᠃ ᠣᠷᠤᠰᠬᠠᠯ ᠤᠨ ᠴᠢᠮᠡᠭᠡ ᠂ ᠰᠢᠪᠠᠭᠤᠳ ᠤᠨ ᠵᠢᠷᠭᠢᠭᠡᠨ ᠴᠤ ᠠᠯᠠᠭ᠎ᠠ ᠪᠣᠯᠴᠢᠬᠠᠯ᠎ᠠ ᠃ ᠶᠠᠭ ᠯᠠ ᠪᠣᠷᠬᠠᠨ ᠤ ᠰᠤᠷᠭᠠᠯ ᠤᠨ ᠳᠠᠶᠠᠠᠴᠢ ᠶᠢᠨ ᠪᠢᠰᠢᠯᠭᠠᠯ ᠤᠨ ᠣᠷᠴᠢᠨ ᠰᠢᠭ ᠪᠣᠯᠴᠢᠬᠠᠯ᠎ᠠ ᠃ ᠳᠡᠭᠡᠳᠡᠯ᠎ᠡ ᠣᠷᠠᠠᠳᠤᠶᠠᠭ᠎ᠠ ᠄

᠊᠊᠊᠊᠊᠊᠊᠊᠊᠊᠊᠊᠊᠊᠊ ᠳᠠ ᠦᠪᠡᠷ ᠢ ᠪᠠᠨ ᠭᠡᠢ᠌ᠰᠪᠦᠷᠢᠵᠢᠭᠦᠯᠤᠨ ᠂ ᠡᠭᠡ ᠪᠠᠢ᠌ᠭᠠᠯᠢ ᠶᠢᠨ ᠴᠡᠩᠭᠡᠭ᠌ ᠴᠡᠭᠡᠯ ᠳᠤ ᠠᠭᠤᠰᠬᠠᠨ ᠣᠷᠤᠭᠤᠯᠤᠨ ᠪᠠᠢ᠌ᠵᠤ ᠴᠢᠩᠨᠠᠭᠠᠴᠢ ᠳ᠋ᠠ ᠭᠡᠯ᠎ᠡ ᠃

ᠳᠡᠭᠦᠨ ᠤ ᠡᠨᠡᠭᠦ ᠵᠥᠭᠡᠯᠡᠭᠡᠨ ᠠᠳᠠᠯ᠎ᠠ ᠰᠠᠤᠠᠭᠢᠯ ᠤᠨ ᠭᠦᠴᠤᠨ ᠶᠢᠡᠷ ᠳᠡᠭᠦᠯᠳᠡᠷ ᠥᠭᠡ ᠂ ᠰᠠᠤᠠᠭᠢᠯ ᠤᠨ ᠮᠢᠨᠢ ᠭᠦᠪᠴᠢ ᠶᠢ ᠭᠦᠴᠦᠳᠡᠢ᠌ᠭᠡᠨ ᠭᠦᠡᠳᠡᠵᠤ ᠂ ᠰᠤᠳᠠᠯ ᠮᠠᠳᠠᠷᠠᠯ ᠶᠢᠡᠷ ᠮᠢᠨᠢ ᠶᠠᠮᠠᠷ ᠨᠢᠭᠡᠨ ᠬᠠᠯᠭᠢᠶ᠎ᠠ ᠬᠠᠯᠠᠭᠤᠨ ᠣᠷᠤᠰᠬᠠᠯ ᠨᠠᠪᠳᠠᠷᠠᠨ ᠭᠦᠶ‍ᠦᠵᠤ ᠪᠣᠯᠤᠷᠰᠢᠨ ᠳᠤᠩᠭ᠋ᠠᠯᠠᠭᠰᠢᠭᠰᠠᠨ ᠪᠠᠶ᠎ᠠ ᠴᠤᠭᠴᠠᠰ ᠲᠤ ᠮᠢᠨᠢ ᠡᠪᠠᠰᠤ ᠣᠰᠤᠨ ᠤ ᠠᠷᠢᠭᠤᠨ ᠠᠮᠢᠰᠬᠤᠯ ᠨᠠᠪᠴᠢᠨ ᠰᠢᠩᠭᠡᠭᠦ ᠰᠢᠭ᠌ ᠪᠣᠯᠪᠠ ᠃ ᠣᠷᠠᠠᠳᠤᠶᠠᠭ᠎ᠠ ᠄

᠊᠊᠊᠊᠊᠊᠊᠊᠊᠊᠊᠊᠊᠊᠊ ᠨᠠᠷᠠᠨ ᠤ ᠭᠡᠷᠡᠯ ᠤᠨ ᠬᠠᠷᠭᠢᠯᠤᠨ ᠣᠷᠤᠰᠬᠤ ᠪᠠ ᠶᠡᠭᠡ ᠭᠠᠯ ᠤᠨ ᠳᠦᠷᠡᠯᠵᠡᠭᠦ ᠴᠢᠮᠡᠭᠡ ᠬᠤᠶᠠᠷ ᠡᠰᠡᠷᠭᠦ ᠳᠡᠰᠡᠷᠭᠦ ᠪᠠᠢ᠌ᠳᠠᠭ ᠶᠤᠮ ᠡ ᠃ ᠶᠡᠭᠡ ᠭᠠᠯ ᠤᠨ ᠠᠪᠣᠯᠴᠠᠨ ᠨᠤᠴᠤᠬᠤ ᠴᠢᠮᠡᠭᠡ ᠶᠡᠭᠡ ᠪᠠᠢ᠌ᠭᠠᠯᠢ ᠶᠢᠨ ᠭᠤᠶᠤᠮᠰᠤᠭ ᠪᠠ ᠨᠠᠷᠠᠨ ᠤ ᠭᠡᠷᠡᠯ ᠤᠨ ᠥᠩᠭᠡ ᠪᠣᠳᠤᠭ ᠢ ᠨᠠᠳᠠ ᠡᠴᠡ ᠪᠣᠯᠢᠶᠠᠭᠰᠠᠨ ᠭᠡᠭᠦ ᠳᠤ ᠨᠠᠷᠠᠨ ᠤ ᠭᠡᠷᠡᠯ ᠤᠨ ᠭᠦᠩᠭᠡᠭᠡᠨ ᠬᠠᠷᠭᠢᠯᠬᠤ ᠴᠢᠮᠡᠭᠡ ᠨᠠᠳᠠᠳᠤ ᠠᠮᠢᠳᠤᠷᠠᠬᠤ ᠶᠢᠨ ᠦᠨ᠎ᠡ ᠴᠠᠨ᠎ᠠ ᠂ ᠥᠷᠳᠡᠭ᠌ ᠭᠦᠡᠳᠦᠴᠡ ᠶᠢ ᠮᠡᠳᠡᠷᠡᠭᠦᠯᠤᠨ ᠳᠠᠨᠢᠭᠤᠯᠤᠭᠰᠠᠨ ᠶᠤᠮ ᠡ ᠭᠡᠵᠤ ᠰᠢᠪᠠᠨᠠᠨ ᠭᠡᠯᠡᠭᠦ ᠨᠢ ᠨᠠᠳᠠ ᠰᠤᠨᠤᠰᠳᠠᠪᠠ ᠁

ᠳᠠᠠᠳᠠ ᠡᠴᠡ ᠳᠠᠮᠠᠢ ᠣᠳᠠᠯ ᠦᠭᠡᠶ ᠪᠢ ᠡᠷᠡᠭᠦᠯᠵᠢᠵᠤ ᠂ ᠠᠮᠢᠳᠤᠷᠠᠯ ᠤᠨ ᠶᠡᠭᠡ ᠬᠠᠢ᠌ᠯᠤᠨ ᠳᠤ ᠨᠠᠢ᠌ᠯᠠᠨ ᠪᠣᠴᠠᠭᠰᠠᠨ ᠪᠢᠯᠠ ᠃


ᠵᠤᠬᠢᠶᠠᠭᠴᠢ᠄ ᠲ·ᠬᠤᠷᠴᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 3233
ᠴᠠᠭ᠄ 2005 ᠤᠨ ᠤ 08 ᠰᠠᠷ᠎ᠠ ᠶᠢᠨ 04
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯᠭᠡ - ᠨᠠᠷᠠᠨ ᠤ ᠭᠡᠷᠡᠯ ᠤᠨ ᠵᠦᠭᠡᠯᠡᠨ ᠬᠠᠷᠭᠢᠯᠤᠭ᠎ᠠ