ᠰᠢᠳᠢ ᠥᠵᠡᠭᠦᠯᠦᠨ᠎ᠡ ᠭᠡᠳ ᠰᠢᠪᠰᠢᠭ᠌ ᠶᠢᠡᠨ ᠥᠵᠡᠭᠦᠯᠦᠭ᠍ᠰᠡᠨ ᠨᠢ

ᠡᠷᠳᠡ ᠣᠵᠠᠭᠤᠷ ᠤᠨ ᠴᠠᠭ ᠲᠤ ᠭᠡᠨ᠎ᠡ᠃ ᠬᠤᠷᠸ᠎ᠠ ᠳᠤᠭᠤᠷᠢᠵᠤ ᠬᠤᠳᠤᠭᠤᠳᠤ ᠪᠠᠨ ᠳᠦᠭᠦᠷᠭᠡᠨ ᠶᠠᠪᠣᠳᠠᠭ ᠬᠤᠶᠠᠷ ᠪᠠᠳᠢᠷᠴᠢᠨ ᠵᠠᠮ ᠳᠠᠭᠠᠷᠠᠭᠠᠤᠨ ᠪᠠᠭᠰᠢ᠂ ᠱᠠᠪᠢ ᠪᠠᠷ ᠣᠪᠯᠠᠨ᠂ ᠠᠢ᠌ᠯ ᠠᠮᠢᠳᠠᠨ ᠢ ᠮᠡᠭᠡᠯᠡᠵᠤ᠂ ᠠᠷᠭ᠎ᠠ ᠪᠠᠭᠠᠰᠢ ᠭᠠᠷᠭᠠᠨ ᠶᠠᠪᠣᠳᠠᠭ ᠪᠠᠢ᠌ᠵᠠᠢ᠃

ᠨᠢᠭᠡ ᠡᠳᠦᠷ ᠳᠠᠳᠠ ᠬᠤᠶᠠᠭᠤᠯᠠ ᠭᠤᠭᠢᠷ ᠳᠠᠶᠠᠭ ᠶᠢᠡᠨ ᠳᠤᠯᠵᠤ᠂ ᠬᠤᠳᠠᠴᠢ ᠨᠤᠬᠠᠢ ᠥᠢᠮᠡᠭᠦᠯᠦᠭ᠍ᠰᠡᠭᠡᠷ ᠨᠢᠭᠡ ᠠᠢ᠌ᠯ ᠤᠨ ᠡᠭᠦᠳᠡᠨ ᠳᠡᠭᠡᠷ᠎ᠡ ᠢᠷᠡᠭ᠍ᠰᠡᠨ ᠭᠡᠨ᠎ᠡ᠃ ᠪᠠᠭᠰᠢ ᠪᠠᠷ ᠣᠪᠯᠠᠭᠰᠠᠨ ᠪᠦᠳᠦᠭᠦᠨ ᠯᠠᠮ᠎ᠠ ᠨᠢ ᠨᠤᠬᠠᠢ ᠬᠤᠷᠢᠵᠤ ᠦᠭ‍ᠭᠦᠭ᠍ᠰᠡᠨ ᠠᠢ᠌ᠯ ᠤᠨ ᠪᠦᠰᠡᠭᠦᠢ ᠶᠢ ᠰᠡᠵᠢᠭᠯᠡᠭᠦᠯᠭᠦ ᠰᠠᠨᠠᠭ᠎ᠠ ᠲᠡᠶ ᠵᠡᠷᠭᠡᠯᠭᠡᠨ ᠳᠠᠳᠠᠭᠰᠠᠨ ᠡᠮᠦᠨ᠎ᠡ ᠭᠦᠡᠳᠡᠢ ᠶᠢᠨ ᠳᠡᠭᠡᠭᠦᠷ ᠭᠢᠯᠤᠪ ᠭᠡᠵᠤ ᠬᠠᠷᠠᠭᠠᠤᠨ᠄

《ᠳᠠᠷᠠ ᠭᠠᠳᠠᠭᠠᠳᠤ ᠳᠠᠯᠠᠢ ᠶᠢᠨ ᠭᠦᠪᠠᠭᠡᠨ ᠳᠤ ᠭᠠᠭᠴᠠ ᠴᠠᠭᠠᠨ ᠭᠢᠯᠭᠠᠰᠤ ᠪᠠᠢ᠌ᠳᠠᠭ ᠨᠢ ᠭᠡᠨ ᠤ ᠶᠠᠭᠤᠮ᠎ᠠ ᠪᠣᠯᠴᠢᠬᠠᠪᠠ︖》 ᠭᠡᠵᠤ ᠶᠡᠭᠡ ᠯᠠ ᠪᠣᠳᠤᠯᠭ᠎ᠠ ᠪᠣᠯᠤᠭᠰᠠᠨ ᠮᠠᠶ‍ᠢᠭ ᠲᠡᠶ ᠳᠦᠳᠦᠨᠡᠭ᠍ᠰᠡᠨ ᠭᠡᠨ᠎ᠡ᠃ ᠳᠡᠭᠡᠭᠡᠳ ᠭᠡᠷ ᠳᠤᠨᠢ ᠣᠷᠤᠵᠤ ᠯᠠᠷᠵᠢᠶ᠎ᠠ ᠲᠡᠶ ᠭᠡᠭ᠍ᠴᠢ ᠳᠡᠭᠡᠷ᠎ᠡ ᠨᠢ ᠰᠠᠭᠤᠵᠠᠢ᠃ ᠰᠠᠴᠠᠨ ᠣᠬᠠᠭᠠᠨ ᠲᠡᠶ ᠠᠢ᠌ᠯ ᠤᠨ ᠪᠦᠰᠡᠭᠦᠢ ᠣᠳᠠᠭᠰᠠᠨ ᠴᠤ ᠦᠭᠡᠶ ᠠᠮᠤᠰᠤ ᠠᠭᠰᠢᠭᠠᠭᠠᠤᠨ ᠳᠠᠳᠠ ᠬᠤᠶᠠᠭᠤᠯᠠ ᠳᠤ ᠠᠶᠠᠭᠠᠯᠠᠬᠤ ᠳᠠᠭᠠᠨ ᠪᠠᠭᠰᠢ ᠯᠠᠮ᠎ᠠ ᠶᠢᠨ ᠠᠶᠠᠭᠠᠨ ᠳᠤ ᠳᠤᠰᠤ ᠪᠣᠷᠮ᠎ᠠ ᠶᠢ ᠨᠢ ᠳᠤᠤᠷ᠎ᠠ ᠨᠢ ᠭᠢᠵᠤ ᠱᠠᠪᠢ ᠯᠠᠮ᠎ᠠ ᠶᠢᠨ ᠠᠶᠠᠭᠠᠨ ᠳᠤ ᠳᠤᠰᠤ ᠪᠣᠷᠮ᠎ᠠ ᠶᠢ ᠨᠢ ᠳᠡᠭᠡᠷ᠎ᠡ ᠨᠢ ᠳᠠᠯᠪᠢᠵᠤ ᠭᠡᠨ᠎ᠡ᠃ ᠪᠠᠭᠰᠢ ᠪᠠᠷ ᠣᠪᠯᠠᠭᠰᠠᠨ ᠪᠠᠳᠢᠷᠴᠢᠨ ᠱᠠᠪᠢ ᠶᠢᠨ ᠶᠢᠡᠨ ᠠᠶᠠᠭ᠎ᠠ ᠶᠢ ᠥᠵᠡᠭᠡᠳ ᠠᠭᠤᠷ ᠣᠮᠤᠭ ᠨᠢ ᠭᠦᠳᠡᠯᠵᠤ᠄ 《ᠠᠶᠠᠭᠠᠨ ᠤ ᠠᠯᠠᠭ ᠡᠴᠡ ᠠᠳᠤᠭᠤᠨ ᠤ ᠠᠯᠠᠭ ᠰᠠᠢ᠌ᠬᠠᠨ ᠭᠡᠳᠡᠭ᠌ ᠪᠢᠰᠢᠤ︖》 ᠭᠡᠰᠡᠨ ᠳᠤ ᠠᠢ᠌ᠯ ᠤᠨ ᠪᠦᠰᠡᠭᠦᠢ᠄ 《ᠭᠠᠳᠠᠭᠠᠳᠤ ᠳᠠᠯᠠᠢ ᠶᠢᠨ ᠭᠦᠪᠠᠭᠡᠨ ᠳ᠋ᠠᠭᠢ ᠭᠠᠭᠴᠠ ᠴᠠᠭᠠᠨ ᠭᠢᠯᠭᠠᠰᠤ ᠶᠢ ᠨᠢᠭᠡ ᠯᠠ ᠬᠠᠷᠠᠭᠠᠤᠨ ᠳᠠᠨᠢᠴᠢᠬᠠᠳᠠᠭ ᠬᠤᠪᠢᠯᠭᠠᠨ ᠪᠠᠭᠰᠢ ᠳᠠ ᠠᠮᠤᠰᠤ ᠲᠡᠶ ᠠᠶᠠᠭᠠᠨ ᠤ ᠳᠤᠤᠷᠠᠭᠢ ᠪᠣᠷᠮ᠎ᠠ ᠳᠤᠰᠤ ᠶᠢ ᠥᠵᠡᠭ᠍ᠰᠡᠨ ᠦᠭᠡᠶ ᠦᠦ︖》 ᠭᠡᠵᠤ ᠠᠰᠠᠭᠤᠵᠠᠢ᠃

ᠰᠢᠳᠢ ᠥᠵᠡᠭᠦᠯᠦᠨ᠎ᠡ ᠭᠡᠳ ᠰᠢᠪᠰᠢᠭ᠌ ᠶᠢᠡᠨ ᠥᠵᠡᠭᠦᠯᠦᠭ᠍ᠰᠡᠨ ᠦᠨᠦ ᠪᠠᠳᠢᠷᠴᠢᠨ ᠤ ᠨᠢᠭᠤᠷ ᠨᠢᠯᠴᠢᠭᠢᠨᠠᠵᠤ ᠠᠶᠠᠭ᠎ᠠ ᠲᠡᠶ ᠠᠮᠤᠰᠤ ᠪᠠᠨ ᠴᠤ ᠢᠳᠠᠯ ᠦᠭᠡᠶ ᠢᠷᠡᠭ᠍ᠰᠡᠨ ᠮᠦᠷ ᠶᠢᠡᠷ ᠶᠢᠡᠨ ᠡᠷᠭᠢᠵᠤ ᠪᠣᠴᠠᠭᠰᠠᠨ ᠭᠡᠨ᠎ᠡ᠃


ᠣᠮᠤᠭ ᠶᠡᠭᠡᠳᠤ ᠶᠢᠨ ᠣᠷᠰᠢᠭ ᠡᠴᠡ ᠣᠯᠠᠨ ᠳᠤ ᠦᠭ‍ᠭᠦᠭ᠍ᠰᠡᠨ ᠰᠤᠷᠭᠠᠮᠵᠢ


ᠡᠷᠳᠡ ᠣᠷᠢᠳᠤ ᠶᠢᠨ ᠴᠠᠭ ᠲᠤ ᠵᠠᠭᠠᠷ ᠳᠢᠪ ᠡᠴᠡ ᠨᠠᠭᠠᠨᠠᠬᠠᠨ᠂ ᠵᠠᠨᠠᠭ ᠳᠢᠪ ᠡᠴᠡ ᠴᠠᠭᠠᠨᠠᠬᠠᠨ ᠣᠩᠭ᠋ᠤᠨ ᠴᠠᠭᠠᠨ ᠠᠭᠤᠯᠠ ᠶᠢᠨ ᠣᠢ ᠬᠠᠷ᠎ᠠ ᠮᠤᠳᠤᠨ ᠳᠤ ᠨᠤᠳᠤᠭᠰᠢᠭᠰᠠᠨ ᠣᠮᠤᠭᠳᠤ ᠴᠠᠭᠠᠨ ᠵᠠᠭᠠᠨ ᠭᠡᠵᠤ ᠪᠠᠢ᠌ᠵᠠᠢ᠃

ᠣᠨ ᠵᠢᠯ ᠡᠭᠡᠯᠵᠢᠯᠡᠭ᠍ᠰᠡᠭᠡᠷ ᠣᠮᠤᠭᠳᠤ ᠵᠠᠭᠠᠨ ᠥᠳᠡᠯᠦᠭ᠍ᠰᠡᠨ ᠭᠡᠨ᠎ᠡ᠃ ᠨᠢᠭᠡ ᠡᠳᠦᠷ ᠳᠠᠷᠠ ᠣᠩᠭ᠋ᠤᠨ ᠴᠠᠭᠠᠨ ᠠᠭᠤᠯᠠ ᠶᠢᠨ ᠣᠷᠤᠢ ᠪᠠᠷ ᠣᠢ᠌ᠤᠠᠬᠠᠷ ᠰᠡᠷᠭᠦᠭᠡᠵᠤ ᠶᠠᠪᠣᠬᠤ ᠳᠠᠭᠠᠨ ᠵᠠᠯᠠᠭᠤ ᠦᠶ᠎ᠡ ᠶᠢᠨ ᠶᠢᠡᠨ ᠣᠮᠤᠭ ᠵᠤᠷᠢᠭ ᠢ ᠪᠣᠳᠤᠨ᠂ ᠶᠡᠭᠡ ᠯᠠ ᠭᠦᠭ᠍ᠰᠡᠨ ᠪᠠᠶᠠᠷᠯᠠᠪᠠ᠃ ᠳᠡᠭᠡᠭᠡᠳ ᠠᠭᠤᠯᠠ ᠠᠭᠤᠯᠠ ᠶᠢ ᠪᠠᠷᠠᠯᠠᠵᠤ᠂ ᠣᠭᠵᠠᠢ᠌ᠨ ᠣᠭᠵᠠᠢ᠌ᠨ ᠵᠡᠭᠡᠵᠡᠢ᠂ ᠠᠯᠤᠰ ᠬᠤᠯᠠ ᠶᠢ ᠪᠠᠷᠠᠯᠠᠵᠤ᠂ ᠠᠭᠵᠠᠢ᠌ᠨ ᠠᠭᠵᠠᠢ᠌ᠨ ᠵᠡᠭᠡᠵᠡᠢ᠃ ᠣᠩᠭ᠋ᠤᠨ ᠴᠠᠭᠠᠨ ᠠᠭᠤᠯᠠ ᠶᠢᠨ ᠬᠤᠷᠮᠤᠢ ᠳ᠋ᠠᠭᠢ ᠣᠯᠠᠨ ᠡᠭᠦᠷ ᠬᠤᠯᠤᠭᠠᠨ᠎ᠠ ᠶᠢᠨ ᠳᠤᠳᠤᠷ᠎ᠠ ᠣᠯᠠᠨ ᠤ ᠳᠤᠮᠳᠠ ᠭᠦᠡᠳᠦᠳᠡᠢ᠂ ᠣᠭᠤᠳᠤᠨ᠎ᠠ ᠴᠠᠭᠠᠨ ᠴᠤᠯᠠ ᠲᠡᠶ ᠬᠠᠰᠢᠷ ᠬᠤᠯᠤᠭᠠᠨ᠎ᠠ ᠪᠠᠢ᠌ᠭᠰᠠᠨ ᠭᠡᠨ᠎ᠡ᠃ ᠨᠢᠭᠡᠨ ᠡᠳᠦᠷ ᠣᠭᠤᠳᠤᠨ᠎ᠠ ᠴᠠᠭᠠᠨ ᠣᠯᠠᠨ ᠬᠤᠯᠤᠭᠠᠨ᠎ᠠ ᠪᠠᠨ ᠴᠤᠭᠯᠠᠭᠤᠯᠵᠤ ᠭᠡᠯᠡᠪᠡ᠄

《ᠣᠮᠤᠭᠳᠤ ᠴᠠᠭᠠᠨ ᠵᠠᠭᠠᠨ᠂ ᠣᠩᠭ᠋ᠤᠨ ᠴᠠᠭᠠᠨ ᠠᠭᠤᠯᠠ ᠶᠢᠨ ᠳᠡᠭᠡᠷ᠎ᠡ ᠡᠴᠡ ᠨᠠᠰᠢ ᠥᠰᠦᠷᠭᠦ ᠭᠡᠵᠤ ᠪᠠᠢ᠌ᠨ᠎ᠠ᠂ ᠳᠠᠷᠠ ᠭᠡᠳᠦᠢ᠂ ᠨᠢ᠋ᠮᠠᠨ ᠵᠠᠭᠤ ᠨᠠᠰᠤᠯᠠᠵᠤ᠂ ᠨᠠᠮᠪᠠ ᠶᠠᠩᠪᠠ ᠨᠢ ᠪᠠᠭᠤᠷᠠᠭᠰᠠᠨ ᠪᠣᠯᠪᠠᠴᠤ ᠠᠩᠬᠠᠨ ᠤ ᠣᠮᠤᠭ ᠲᠠᠭᠠᠨ ᠡᠷᠳᠤᠨ᠂ ᠠᠭᠠᠰᠢᠯᠠᠵᠤ ᠥᠵᠡᠭᠦ ᠰᠠᠨᠠᠭ᠎ᠠ ᠲᠡᠶ ᠪᠠᠢ᠌ᠨ᠎ᠠ᠂ ᠳᠡᠭᠡᠵᠤ ᠪᠠᠢ᠌ᠭᠰᠠᠭᠠᠷ ᠬᠤᠶᠠᠷ ᠠᠭᠤᠯᠠ ᠶᠢᠨ ᠵᠠᠪᠰᠠᠷ ᠲᠤ ᠣᠢ᠌ᠴᠢᠵᠤ ᠣᠨᠠᠬᠤ ᠳᠤ ᠭᠦᠷᠪᠠᠯ ᠪᠢᠳᠠ ᠴᠦᠮ ᠳᠡᠭᠦᠨ ᠤ ᠠᠪᠣᠷᠭᠤ ᠭᠡᠭᠦᠷ ᠲᠤ ᠳᠠᠷᠤᠭᠳᠠᠨ᠂ ᠠᠮᠢ ᠪᠠᠨ ᠦᠭ‍ᠭᠦ ᠠᠶᠤᠯ ᠲᠡᠶ᠂ ᠪᠢᠳᠠ ᠣᠳᠤ ᠬᠤᠷᠳᠤᠨ ᠡ᠊ᠨᠳᠡ ᠡᠴᠡ ᠵᠠᠢ᠌ᠯᠠᠵᠠᠭᠠᠶ᠎ᠠ》 ᠭᠡᠵᠡᠢ᠃

ᠭᠡᠳᠡᠯ᠎ᠡ ᠣᠭᠤᠳᠤᠨ᠎ᠠ ᠴᠠᠭᠠᠨ ᠤ ᠥᠭᠡ ᠶᠢ ᠣᠯᠠᠨ ᠬᠤᠯᠤᠭᠠᠨ᠎ᠠ ᠣᠢᠰᠢᠶᠠᠭᠰᠠᠨ ᠦᠭᠡᠶ ᠳᠤᠯᠠ ᠳᠠᠷᠠ ᠠᠢ᠌ᠮᠠᠭ ᠰᠠᠯᠳᠠ ᠪᠠᠨ ᠳᠠᠭᠠᠭᠤᠯᠤᠨ ᠠᠯᠤᠰ ᠭᠠᠵᠠᠷ ᠨᠡᠭᠦᠪᠡ ᠭᠡᠨ᠎ᠡ᠃ ᠳᠡᠭᠡᠭᠡᠳ ᠳᠠᠮᠠᠢ ᠣᠳᠠᠭᠰᠠᠨ ᠦᠭᠡᠶ ᠦᠨᠦ ᠵᠠᠭᠠᠨ ᠵᠠᠯᠠᠭᠤ ᠶᠢᠨ ᠣᠮᠤᠭ ᠶᠢᠡᠨ ᠭᠠᠷᠭᠠᠨ᠂ ᠣᠩᠭ᠋ᠤᠨ ᠴᠠᠭᠠᠨ ᠠᠭᠤᠯᠠᠨ ᠡᠴᠡ ᠵᠡᠭᠦᠨ ᠠᠭᠤᠯᠠᠨ ᠳᠠᠰᠢ ᠥᠰᠦᠷᠦᠭ᠍ᠰᠡᠨ᠎ᠡ ᠵᠡᠭᠦᠨ ᠠᠭᠤᠯᠠᠨ ᠳᠤ ᠭᠦᠷᠴᠤ ᠳᠡᠢ᠌ᠯᠦᠭ᠍ᠰᠡᠨ ᠦᠭᠡᠶ ᠪᠠᠷ ᠬᠤᠶᠠᠷ ᠠᠭᠤᠯᠠ ᠶᠢᠨ ᠳᠤᠮᠳᠠ ᠭᠦᠰᠭᠢᠳᠡᠯ᠎ᠡ ᠣᠨᠠᠭᠠᠤᠨ ᠣᠯᠠᠨ ᠬᠤᠯᠤᠭᠠᠨ᠎ᠠ ᠶᠢᠨ ᠡᠭᠦᠷ ᠢ ᠳᠠᠷᠤᠨ ᠥᠭᠦᠵᠤ ᠭᠡᠨ᠎ᠡ᠃

ᠡᠨᠡ ᠦᠶ᠎ᠡ ᠳᠤ ᠣᠩᠭ᠋ᠤᠨ ᠴᠠᠭᠠᠨ ᠠᠭᠤᠯᠠ ᠶᠢᠨ ᠵᠠᠮ ᠶᠢᠡᠷ ᠴᠢᠮᠡᠭᠡ ᠭᠦᠷᠭᠡᠭᠦ ᠠᠯᠪᠠ ᠪᠠᠷ ᠶᠠᠪᠣᠵᠤ ᠪᠠᠢ᠌ᠭᠰᠠᠨ ᠳᠤᠯᠤᠭᠠᠨ ᠴᠡᠷᠢᠭ᠌ ᠤᠨ ᠡᠷ᠎ᠡ ᠳᠠᠷᠭᠤᠨ ᠵᠠᠭᠠᠨ ᠤ ᠭᠡᠭᠦᠷ ᠢ ᠥᠵᠡᠭᠡᠳ ᠦᠯ ᠬᠤᠭᠤᠯᠠ ᠵᠠᠯᠭᠠᠬᠤ ᠨᠢ ᠭᠡᠵᠤ ᠪᠠᠶᠠᠷᠯᠠᠵᠠᠭᠠᠵᠠᠢ᠃ ᠳᠡᠭᠡᠭᠡᠳ ᠳᠦᠷᠪᠡ ᠨᠢ ᠵᠠᠭᠠᠨ ᠢ ᠦᠪᠴᠢᠨ᠂ ᠭᠤᠷᠪᠠ ᠨᠢ ᠣᠰᠤᠨ ᠳᠤ ᠶᠠᠪᠣᠪᠠ ᠭᠡᠨ᠎ᠡ᠃ ᠡᠨᠡ ᠦᠶ᠎ᠡ ᠵᠠᠭᠠᠨ ᠦᠪᠴᠢᠵᠤ ᠪᠠᠢ᠌ᠭᠰᠠᠨ ᠳᠦᠷᠪᠡ ᠶᠢᠨ ᠨᠢᠭᠡ ᠨᠢ᠄

《ᠪᠢᠳᠠ ᠳᠦᠷᠪᠠᠭᠦᠯᠡ ᠡᠨᠡ ᠵᠠᠭᠠᠨ ᠤ ᠮᠢᠬ᠎ᠠ ᠶᠢ ᠴᠠᠳᠳᠠᠯ᠎ᠠ ᠪᠠᠨ ᠢᠳᠡᠭᠡᠳ ᠥᠯᠡᠳᠡᠭ᠍ᠰᠡᠨ ᠢ ᠨᠢ ᠬᠤᠳᠠᠯᠳᠤᠪᠠᠯ ᠠᠷᠪᠢᠨ ᠵᠤᠭᠤᠰ ᠣᠯᠤᠨ᠎ᠠ᠂ ᠳᠡᠭᠡᠭᠡᠳ ᠡᠨᠡ ᠭᠦ ᠣᠢ᠌ᠯᠠ ᠪᠠᠨ ᠪᠠᠷᠠᠭᠰᠠᠨ ᠴᠡᠷᠢᠭ᠌ ᠤᠨ ᠠᠯᠪᠠᠨ ᠡᠴᠡ ᠰᠠᠯᠵᠤ ᠳᠤᠷ᠎ᠠ ᠵᠤᠷᠢᠭ ᠶᠢᠡᠷ ᠶᠢᠡᠨ ᠠᠮᠢᠳᠤᠷᠠᠬᠤ ᠦᠭᠡᠶ ᠦᠦ︖》 ᠭᠡᠰᠡᠨ ᠳᠤ ᠨᠥᠭᠦᠭᠡ ᠭᠤᠷᠪᠠ ᠨᠢ ᠳᠡᠭᠦᠨ ᠤ ᠥᠭᠡ ᠶᠢ ᠵᠦᠪᠰᠢᠶᠠᠷᠠᠨ᠂ ᠣᠰᠤᠨ ᠳᠤ ᠶᠠᠪᠣᠭᠰᠠᠨ ᠭᠤᠷᠪᠠᠭᠤᠯᠠ ᠳᠠᠭᠠᠨ ᠨᠢᠭᠡ ᠨᠢᠭᠡ ᠭᠡᠰᠡᠭ᠌ ᠮᠢᠬ᠎ᠠ ᠰᠢᠷᠠᠨ᠂ ᠳᠤᠳᠤᠷ᠎ᠠ ᠨᠢ ᠬᠤᠤᠷ᠎ᠠ ᠭᠢᠵᠤ ᠳᠠᠯᠪᠢᠭᠰᠠᠨ ᠭᠡᠨ᠎ᠡ᠃

ᠣᠰᠤ ᠠᠪᠬᠤ ᠪᠠᠷ ᠶᠠᠪᠣᠭᠰᠠᠨ ᠭᠤᠷᠪᠠᠨ ᠴᠡᠷᠢᠭ᠌ ᠪᠠᠰᠠ ᠳᠤᠮᠤ ᠵᠠᠭᠠᠨ ᠤ ᠦᠨ᠎ᠡ ᠴᠠᠨ᠎ᠠ ᠶᠢ ᠭᠡᠯᠡᠯᠴᠡᠭ᠍ᠰᠡᠭᠡᠷ ᠪᠠᠢ᠌ᠵᠤ ᠡᠴᠦᠰ ᠲᠤ ᠵᠠᠭᠠᠨ ᠥᠪᠴᠢᠭ᠍ᠰᠡᠨ ᠳᠦᠷᠪᠡ ᠶᠢ ᠪᠠᠨ ᠬᠤᠤᠷᠯᠠᠬᠤ ᠪᠠᠷ ᠵᠦᠪᠳᠠᠯᠴᠠᠨ᠂ ᠨᠢᠭᠡ ᠰᠠᠪᠠ ᠣᠰᠤᠨ ᠳᠠᠭᠠᠨ ᠬᠤᠤᠷ᠎ᠠ ᠭᠢᠵᠤ ᠳᠠᠯᠪᠢᠵᠠᠢ᠃ ᠳᠡᠭᠡᠭᠡᠳ ᠣᠰᠤᠨ ᠳᠤ ᠶᠠᠪᠣᠭᠰᠠᠨ ᠭᠤᠷᠪᠠ ᠨᠢ ᠬᠤᠤᠷ᠎ᠠ ᠲᠡᠶ ᠮᠢᠬ᠎ᠠ ᠶᠢ ᠢᠳᠠᠨ᠂ ᠵᠠᠭᠠᠨ ᠥᠪᠴᠢᠭ᠍ᠰᠡᠨ ᠳᠦᠷᠪᠡ ᠨᠢ ᠬᠤᠤᠷ᠎ᠠ ᠲᠡᠶ ᠣᠰᠤ ᠶᠢ ᠣᠤᠭᠤᠭᠠᠤᠨ ᠳᠤᠯᠤᠭᠠᠭᠤᠯᠠ ᠪᠠᠨ ᠡᠷᠯᠢᠭ᠌ ᠤᠨ ᠣᠷᠤᠨ ᠳᠤ ᠳᠤᠨᠢᠯᠤᠭᠰᠠᠨ ᠭᠡᠨ᠎ᠡ᠃

ᠨᠢᠭᠡ ᠡᠳᠦᠷ᠂ ᠬᠠᠳᠠ ᠠᠭᠤᠯᠠᠨ ᠳᠤ ᠡᠭᠦᠷᠯᠡᠳᠡᠭ᠌ ᠬᠠᠰᠢᠷ ᠣᠯᠠᠭᠠᠨ ᠥᠨᠡᠭᠡ ᠰᠢᠷᠠᠭᠰᠠᠨ ᠮᠢᠬᠠᠨ ᠤ ᠦᠨᠦᠷ ᠶᠢᠡᠷ ᠰᠢᠩᠰᠢᠨ ᠰᠢᠩᠰᠢᠨ ᠱᠤᠭᠰᠢᠭᠰᠠᠭᠠᠷ ᠠᠭᠤᠯᠠ ᠶᠢᠨ ᠵᠢᠯᠠᠭ᠎ᠠ ᠳᠤ ᠢᠷᠠᠪᠠᠯ ᠳᠤᠮᠤ ᠵᠠᠭᠠᠨ ᠤ ᠭᠡᠭᠦᠷ᠂ ᠳᠤᠯᠤᠭᠠᠨ ᠴᠡᠷᠢᠭ᠌ ᠤᠨ ᠥᠭᠦᠳᠡᠯ ᠪᠣᠯᠤᠨ ᠡᠭᠦᠷ ᠡᠭᠦᠷ ᠬᠤᠯᠤᠭᠠᠨ᠎ᠠ ᠶᠢᠨ ᠰᠡᠭ᠌ ᠡ᠊ᠨᠳᠡ ᠳᠠᠠᠳᠠ ᠦᠭᠡᠶ ᠳᠠᠷᠬᠠᠵᠤ ᠪᠠᠢ᠌ᠵᠠᠢ᠃ ᠡᠭᠦᠨ ᠳᠤ ᠠᠭᠤᠯᠠ ᠶᠢᠨ ᠣᠯᠠᠭᠠᠨ ᠥᠨᠡᠭᠡ ᠣᠴᠢᠷ ᠵᠥᠭ᠌ ᠦᠭᠡᠶ ᠪᠠᠶᠠᠷᠯᠠᠵᠤ 《ᠶᠠᠭᠤ ᠪᠣᠯᠪᠠᠴᠤ ᠭᠠᠮᠳᠠᠢ ᠠᠷᠪᠢᠳᠠᠢ ᠢᠳᠠᠶ᠎ᠠ︕》 ᠭᠡᠵᠤ ᠪᠣᠳᠤᠭᠠᠤᠨ ᠴᠡᠷᠢᠭ᠌ ᠤᠨ ᠭᠦᠮᠦᠰ ᠤᠨ ᠬᠠᠳᠠᠭᠤ ᠬᠠᠷ᠎ᠠ ᠨᠤᠮᠤ ᠶᠢᠨ ᠬᠠᠳᠠᠭᠰᠠᠨ ᠰᠢᠷ᠎ᠠ ᠰᠢᠷᠪᠣᠰᠤ ᠶᠢ ᠡᠭᠢᠯᠡᠨ ᠭᠡᠮᠢᠯᠡᠳᠡᠯ᠎ᠡ ᠨᠤᠮᠤ ᠶᠢᠨ ᠭᠦᠪᠴᠢ ᠳᠠᠰᠤᠷᠠᠨ ᠵᠠᠯᠢᠳᠤ ᠥᠨᠡᠭᠡᠨ ᠤ ᠱᠥᠩᠲᠤᠩ ᠬᠠᠷ᠎ᠠ ᠬᠠᠮᠠᠷ᠂ ᠰᠢᠪᠦᠭᠡ ᠠᠳᠠᠯᠢ ᠬᠤᠩᠰᠢᠶᠠᠷ ᠢ ᠨᠢ ᠨᠢᠴᠠ ᠴᠤᠭᠢᠵᠤ᠂ ᠬᠤᠷᠤᠮᠬᠠᠨ ᠵᠠᠭᠤᠷ᠎ᠠ ᠬᠤᠷᠸ᠎ᠠ ᠡᠴᠡ ᠠᠩᠭᠢᠵᠢᠷᠠᠭᠰᠠᠨ ᠭᠡᠨ᠎ᠡ᠃

ᠡᠭᠦᠨ ᠡᠴᠡ ᠰᠤᠷᠭᠠᠮᠵᠢ ᠭᠦᠷᠳᠡᠭᠦ ᠵᠣᠢ᠌ᠯ ᠊᠊᠊᠊᠊᠊᠊᠊᠊᠊᠊᠊᠊᠊᠊

ᠴᠢᠳᠠᠯ ᠶᠢᠡᠨ ᠮᠡᠳᠡᠭᠦ ᠦᠭᠡᠶ ᠰᠡᠩᠭᠡᠯᠵᠡᠪᠠᠯ

ᠴᠠᠭᠠᠨ ᠵᠠᠭᠠᠨ ᠤ ᠳᠡᠭᠦᠰᠭᠡᠯ

ᠦᠨᠡᠳᠠᠢ ᠰᠠᠨᠠᠯ ᠢ ᠰᠤᠨᠤᠰᠬᠤ ᠦᠭᠡᠶ ᠪᠣᠯ

ᠡᠭᠦᠷ ᠬᠤᠯᠤᠭᠠᠨ᠎ᠠ ᠶᠢᠨ ᠡᠴᠦᠰᠯᠡᠯ᠂

ᠳᠤᠳᠤᠷ᠎ᠠ ᠵᠠᠭᠤᠷ᠎ᠠ ᠪᠠᠨ ᠭᠢᠮᠤᠷᠠᠯᠳᠤᠪᠠᠯ

ᠳᠤᠯᠤᠭᠠᠨ ᠴᠡᠷᠢᠭ᠌ ᠶᠠᠭᠠᠭᠢᠵᠤ ᠪᠢᠯᠠ︖

ᠣᠯᠠᠢ ᠦᠵᠡᠨ ᠬᠤᠪᠳᠤᠭᠯᠠᠪᠠᠯ

ᠠᠭᠤᠯᠠ ᠶᠢᠨ ᠣᠯᠠᠭᠠᠨ ᠶᠠᠭᠠᠭᠢᠵᠤ ᠪᠢᠯᠠ︖

ᠵᠤᠬᠢᠶᠠᠭᠴᠢ᠄ ᠬᠤᠷᠸ᠎ᠠ
ᠬᠠᠷᠢᠶ᠎ᠠ᠄ ᠰᠤᠶᠤᠯ ᠣᠷᠠᠯᠢᠭ
ᠳᠠᠷᠤᠮ᠄ 4193
ᠴᠠᠭ᠄ 2009 ᠤᠨ ᠤ 04 ᠰᠠᠷ᠎ᠠ ᠶᠢᠨ 05