ᠨᠤᠲᠤᠭ ᠤᠨ ᠬᠠᠪᠤᠷ

ᠥᠷᠭᠡᠨ ᠳᠠᠯ᠎ᠠ ᠶᠢᠨ ᠡᠯᠢᠭᠡᠨ ᠳᠤ ᠨᠤᠮᠢᠨ ᠵᠡᠷᠭᠡᠯᠭᠡᠨ ᠰᠥᠮᠡᠯᠵᠡᠭᠦᠯᠵᠤ ᠂ ᠭᠦᠨ ᠴᠡᠩᠭᠡᠷ ᠣᠭᠳᠠᠷᠭᠤᠢ ᠳᠤ ᠥᠩᠭᠡᠳᠤ ᠡᠭᠦᠯᠡ ᠭᠦᠪᠪᠦᠭᠦᠯᠵᠤ ᠂ ᠢᠰᠡᠭᠡᠢ ᠴᠠᠭᠠᠨ ᠮᠤᠩᠭ᠋ᠤᠯ ᠭᠡᠷ ᠲᠤ ᠢᠰᠢᠭᠡ ᠬᠤᠷᠠᠭ᠎ᠠ ᠱᠠᠩᠨᠠᠨ ᠂ ᠢᠳᠡᠭᠡᠨ ᠰᠢᠮᠡᠯᠢᠭ᠌ ᠪᠠᠯᠴᠢᠭᠡᠷ ᠳᠡᠭᠡᠷ᠎ᠡ ᠣᠨᠠᠭ᠎ᠠ ᠳᠤᠭᠤᠯ ᠪᠠᠯᠡᠭᠯᠡᠭ᠍ᠰᠡᠭᠡᠷ ᠂ ᠰᠢᠨ᠎ᠠ ᠡᠷᠡᠨ ᠤ ᠦᠷ ᠶᠢᠡᠷ ᠳᠡᠮᠳᠡᠷᠢᠭ᠍ᠳᠡᠭ᠍ᠰᠡᠨ ᠡᠰᠡᠨᠢᠯᠳᠤ ᠰᠠᠢ᠌ᠬᠠᠨ ᠬᠠᠪᠣᠷ ᠰᠢᠯᠦᠭ᠌ ᠳᠠᠭᠤᠤ ᠣᠶᠠᠩᠭ᠋ᠠᠷᠠᠭᠤᠯᠤᠭᠰᠠᠭᠠᠷ ᠨᠤᠳᠤᠭ ᠲᠤ ᠮᠢᠨᠢ ᠮᠤᠷᠢᠯᠠᠨ ᠢᠷᠠᠯ᠎ᠠ ᠃

ᠬᠠᠪᠣᠷ ᠢ ᠮᠡᠳᠡᠭᠡᠯᠡᠳᠡᠭ᠌ ᠭᠦᠭᠦᠭᠡ ᠶᠢᠨ ᠳᠠᠭᠤᠨ ᠶᠢᠡᠷ ᠬᠠᠯᠠᠭᠤᠨ ᠠᠮᠢᠰᠬᠤᠯ ᠨᠤᠳᠤᠭ ᠤᠨ ᠦᠷᠦᠴᠠ ᠶᠢ ᠢᠯᠪᠢᠭᠦ ᠳᠤ ᠬᠤᠷᠠᠭᠰᠠᠨ ᠴᠠᠰᠤᠨ ᠳᠤ ᠵᠤᠵᠠᠭᠠᠬᠠᠨ ᠬᠤᠴᠢᠭᠳᠠᠭᠰᠠᠨ ᠭᠦᠷᠦᠰᠤ ᠬᠤᠷᠤᠮᠬᠠᠨ ᠵᠠᠭᠤᠷ᠎ᠠ ᠬᠦᠪᠰᠠᠨ ᠭᠦᠪᠰᠥᠢᠯ᠎ᠡ ᠃ ᠠᠮᠢᠵᠢᠷᠠᠯ ᠡᠰᠡᠨᠢᠯ ᠪᠠᠯᠭᠡᠳᠡᠵᠤ ᠦᠷᠨᠢᠯ ᠭᠦᠭ᠍ᠵᠢᠯ ᠳᠠᠯᠠᠯᠤᠭᠰᠠᠨ ᠭᠢᠵᠠᠭᠠᠷ ᠦᠭᠡᠶ ᠣᠯᠠᠨ ᠠᠮᠢ ᠨᠠᠰᠤ ᠨᠤᠭᠤᠳ ᠭᠦᠰᠡᠯ ᠨᠤᠭᠤᠭᠠᠷᠠᠭᠤᠯᠵᠤ ᠭᠦᠷᠦᠰᠤᠨ ᠳᠤ ᠦᠨᠳᠦᠰᠦᠯᠠᠵᠤ ᠭᠡᠷᠡᠯ ᠢᠯᠴᠢ ᠶᠢ ᠳᠠᠮᠠᠴᠠᠨ ᠪᠣᠯᠪᠠᠷᠠᠢ ᠵᠥᠭᠡᠯᠡᠨ ᠨᠠᠭᠢᠶ᠎ᠠ ᠪᠠᠨ ᠴᠤᠬᠣᠢ᠌ᠯᠭᠠᠨ᠎ᠠ ᠃

ᠡᠪᠦᠯ ᠡᠪᠦᠭᠡᠨ ᠣᠬᠠᠭ᠎ᠠ ᠠᠯᠳᠠᠨ ᠪᠣᠭᠤᠷᠤᠯ ᠰᠠᠬᠠᠯ ᠶᠢᠡᠨ ᠢᠯᠪᠢᠵᠤ ᠡᠴᠦᠰ ᠤᠨ ᠯᠠᠪᠰᠠ ᠪᠠᠨ ᠬᠤᠪᠬᠠᠢ ᠮᠦᠴᠢᠷ ᠲᠤ ᠪᠠᠯᠡᠭᠯᠡᠭᠡᠤᠨ ᠡᠭᠡ ᠨᠤᠳᠤᠭ ᠡᠴᠡ ᠠᠶᠠᠷᠯᠠᠬᠤ ᠳᠤ ᠴᠠᠰᠤᠨ ᠤ ᠳᠤᠤᠷ᠎ᠠ ᠡᠴᠡ ᠳᠡᠷᠢᠭᠦᠯᠡᠭ᠍ᠴᠢ ᠴᠡᠴᠡᠭ᠌ ᠴᠤᠮᠤᠷᠯᠢᠭ ᠶᠢᠡᠨ ᠵᠠᠳᠠᠯᠤᠨ ᠳᠡᠯᠭᠡᠷᠡᠭᠡᠤᠨ ᠡᠪᠦᠯ ᠢ ᠦᠳᠡᠵᠤ ᠬᠠᠪᠣᠷ ᠢ ᠣᠭᠳᠤᠡ ᠮᠦᠰᠢᠶᠠᠨ᠎ᠠ ᠃

ᠠᠯᠤᠰ ᠡᠴᠡ ᠪᠣᠴᠠᠭᠰᠠᠨ ᠭᠠᠯᠠᠭᠤᠳ ᠶᠢᠡᠨ ᠣᠭᠳᠤᠭᠰᠠᠨ ᠨᠠᠭᠤᠷ ᠤᠳ ᠠᠷ ᠬᠤᠨᠢᠶᠠᠰᠤ ᠳᠠᠭᠠᠨ ᠮᠥᠩᠭᠦᠨ ᠴᠠᠭᠠᠷᠢᠭ ᠵᠢᠷᠤᠭᠠᠤᠨ ᠮᠡᠯᠮᠡᠷᠡᠭᠦ ᠳᠤ ᠳᠤᠭᠳᠠᠨ ᠳᠤᠨᠤᠯᠵᠠᠭᠰᠠᠨ ᠳᠤᠩᠭ᠋ᠠᠯᠠᠭ ᠪᠣᠯᠤᠷ ᠣᠰᠤᠨ ᠳ᠋ᠤᠨᠢ ᠳᠤᠯᠠᠭᠠᠨ ᠬᠠᠪᠣᠷ ᠵᠢᠰᠤ ᠳᠤᠯᠢᠳᠠᠭᠠᠤᠨ ᠵᠤᠮᠠᠯᠵᠠᠨ᠎ᠠ ᠃ ᠠᠢ᠌ᠯ ᠤᠨ ᠡᠭᠡᠪᠦᠷ ᠲᠤ ᠢᠪᠠᠯᠴᠠᠨ ᠵᠤᠭᠰᠤᠭᠰᠠᠨ ᠮᠠᠯ ᠤᠳ ᠠᠶᠡᠷᠬᠠᠨ ᠴᠤᠪᠣᠵᠤ ᠪᠠᠯᠴᠢᠭᠡᠷ ᠵᠥᠭ᠌ ᠶᠢᠡᠨ ᠳᠦᠭᠦᠨ᠎ᠡ ᠃

ᠭᠦᠯᠳᠡᠭᠡᠤᠨ ᠣᠳᠠᠭᠰᠠᠨ ᠭᠤᠤᠯ ᠭᠤᠷᠤᠬ᠎ᠠ ᠨᠤᠭᠤᠳ ᠬᠠᠢ᠌ᠯᠵᠤ ᠭᠡᠰᠦᠭᠡᠤᠨ ᠬᠠᠯᠢᠶ᠎ᠠ ᠳᠦᠯᠭᠢᠯᠠᠨ ᠣᠭᠠᠯᠵᠠ ᠵᠢᠷᠤᠭᠯᠠᠨ ᠣᠷᠤᠰᠴᠤ ᠂ ᠡᠷᠭᠢ ᠳᠤᠬᠤᠢ ᠪᠠᠨ ᠳᠤᠩᠭ᠋ᠠᠯᠠᠭ ᠣᠰᠤ ᠪᠠᠷ ᠶᠢᠡᠨ ᠷᠠᠰᠢᠶᠠᠯᠠᠨ ᠣᠮᠳᠠᠯᠭᠠᠤᠨ ᠡᠪᠠᠰᠤ ᠴᠢᠭᠢᠭ᠌ ᠤᠨ ᠰᠤᠳᠤᠨ ᠦᠨᠦᠷ ᠢ ᠦᠪᠴᠢ ᠳᠡᠯᠡᠭᠡᠢ ᠳᠤ ᠳᠦᠭᠡᠭᠡᠨ᠎ᠡ ᠃

ᠪᠣᠯᠪᠠᠷᠠᠢ ᠭᠦᠯᠦᠭᠡ ᠪᠠᠨ ᠮᠦᠴᠢᠷ ᠲᠡᠭᠡᠨ ᠪᠦᠪᠠᠢ᠌ᠯᠡᠭ᠍ᠰᠡᠨ ᠮᠤᠳᠤᠳ ᠪᠣᠷᠤᠭᠠᠨ ᠤ ᠰᠢᠮ᠎ᠠ ᠪᠠᠷ ᠦᠶ᠎ᠡ ᠭᠡᠰᠢᠭᠦᠤ ᠪᠠᠨ ᠰᠤᠩᠭ᠋ᠠᠵᠤ ᠰᠠᠬᠤᠯᠢᠭ ᠰᠠᠯᠠᠭᠠᠨ ᠳᠠᠭᠠᠨ ᠱᠢᠷᠤ ᠤᠭ᠍ᠶᠤ ᠭᠡᠯᠭᠢᠭᠡᠤᠨ ᠡᠬᠡᠯᠢᠬᠡᠨ ᠬᠠᠪᠣᠷ ᠲᠤ ᠴᠢᠮᠡᠭ᠌ ᠵᠠᠰᠠᠯ ᠵᠡᠭᠦᠯᠭᠡᠨ᠎ᠡ ᠃

ᠨᠠᠷᠠ ᠢᠪᠠᠭᠡᠭ᠍ᠰᠡᠨ ᠨᠤᠳᠤᠭ ᠤᠨ ᠰᠠᠷᠠ ᠰᠥᠯᠡᠭ᠍ᠰᠡᠨ ᠰᠠᠷᠢᠳᠠᠭ ᠳᠡᠭᠡᠭᠦᠷ ᠬᠤᠷ᠎ᠠ ᠶᠢᠨ ᠡᠭᠦᠯᠡᠰ ᠣᠭᠠᠯᠵᠠ ᠵᠠᠩᠭᠢᠤᠠᠴᠤ ᠷᠠᠰᠢᠶᠠᠨ ᠬᠤᠷ᠎ᠠ ᠪᠠᠨ ᠱᠠᠭᠢᠭᠤᠯᠬᠤ ᠳᠤ ᠬᠤᠷᠸ᠎ᠠ ᠶᠢᠨ ᠲᠦᠮᠡᠨ ᠪᠣᠳᠠᠰ ᠠᠮᠢᠯᠠᠯ ᠶᠢᠡᠷ ᠪᠢᠯᠬᠠᠬᠤᠶ᠎ᠡ᠂ ᠴᠡᠯᠭᠡᠷ ᠳᠠᠯ᠎ᠠ ᠶᠢᠨ ᠠᠭᠤᠳᠠᠮ ᠡᠯᠢᠭᠡᠨ ᠳᠤ ᠮᠠᠯ ᠰᠥᠷᠦᠭ᠌ ᠣᠳᠤᠨ ᠮᠡᠴᠢᠳ ᠮᠡᠳᠤ ᠪᠡᠯᠴᠢᠬᠡᠷᠯᠡᠨ᠎ᠡ᠃

ᠭᠦᠭᠡᠷᠦᠭᠦᠨ ᠴᠤᠪᠣᠭᠤ ᠭᠡᠦᠭᠡᠤᠨ ᠳᠥᠷᠤᠯᠬᠢ ᠬᠡᠯᠡ ᠪᠡᠷ ᠵᠢᠡᠨ ᠭᠢᠴᠢᠶᠠᠯ ᠰᠤᠷᠤᠯᠭ᠎ᠠ ᠳᠠᠭᠠᠨ ᠰᠢᠮᠳᠠᠨ ᠂ ᠡᠭᠡᠰᠢᠭ᠌ ᠭᠡᠢ᠌ᠭᠦᠯᠦᠭ᠍ᠴᠢ ᠬᠤᠯᠪᠤᠨ ᠥᠭᠡ ᠥᠰᠦᠭ᠌ ᠭᠡᠯᠭᠢᠬᠦᠶ᠎ᠡ᠂ ᠣᠳᠤᠮᠳᠤ ᠮᠤᠡᠭᠭᠤᠯ ᠤᠨ ᠢᠷᠡᠬᠦ ᠮᠡᠷᠭᠠᠰᠢ ᠵᠢᠨ ᠬᠡᠢᠮᠦᠷᠢ ᠵᠢ ᠳᠡᠯᠡᠯᠡᠨ ᠮᠢᠩᠭ᠋ᠠᠨ ᠬᠠᠪᠣᠷ ᠢ ᠣᠶᠠᠩᠭ᠋ᠠᠯᠠᠨ ᠪᠢᠴᠢᠭᠯᠡᠨ᠎ᠡ ᠃

ᠵᠤᠬᠢᠶᠠᠭᠴᠢ᠄ ᠰᠡᠷᠵᠢᠮ᠎ᠠ
ᠬᠠᠷᠢᠶ᠎ᠠ᠄ ᠨᠠᠢᠷᠠᠭᠤᠯᠤᠯ
ᠳᠠᠷᠤᠮ᠄ 6558
ᠴᠠᠭ᠄ 2004 ᠤᠨ ᠤ 07 ᠰᠠᠷ᠎ᠠ ᠶᠢᠨ 18