ᠳᠠᠷᠠ ᠬᠤᠯᠠ ᠶᠢᠨ ᠪᠠᠷ᠎ᠠ

ᠳᠠᠷᠠ ᠬᠤᠯᠠ ᠶᠢᠨ ᠪᠠᠷ᠎ᠠ

ᠵᠡᠷᠭᠡᠯᠭᠡᠡᠳᠦᠵᠤ ᠬᠠᠷᠠᠭᠳᠠᠨ᠎ᠠ

ᠳᠡᠮᠡᠭᠡᠨ ᠵᠢᠩ ᠤᠨ ᠳᠠᠭᠤᠨ

ᠵᠡᠭᠦᠳᠤᠨ ᠳᠤ ᠬᠤᠯᠠᠳᠠᠨ᠎ᠠ

ᠳᠡᠷᠭᠡᠯᠰᠢᠵᠤ ᠳᠡᠢ᠌ᠯᠦᠭᠡ ᠦᠭᠡᠶ ᠣᠨᠠᠭᠠᠨ ᠪᠠᠭ᠎ᠠ ᠶᠢᠨ ᠵᠡᠭᠦᠳᠤ

ᠳᠠᠷᠠ ᠬᠤᠯᠠ ᠶᠢᠨ ᠡᠯᠡᠰᠤᠨ ᠤ ᠭᠦᠨ ᠳᠤ ᠪᠣᠯᠠᠭᠳᠠᠪᠠ

ᠳᠡᠷᠯᠢᠭ᠌ ᠤᠨ ᠡᠩᠭᠡᠷ ᠡᠴᠡ ᠳᠠᠰᠤᠷᠠᠵᠤ ᠣᠨᠠᠭᠰᠠᠨ ᠳᠤᠪᠴᠢ

ᠳᠡᠭ᠍ᠷᠢ ᠳᠤᠯᠤᠭᠰᠠᠨ ᠰᠠᠯᠭᠢ ᠪᠣᠯᠵᠤ ᠰᠢᠭᠤᠷᠪᠠ

ᠳᠡᠭ᠍ᠷᠢ ᠳᠡᠭᠡᠷ᠎ᠡ ᠡᠴᠡ ᠪᠣᠤᠪᠣ ᠣᠨᠠᠬᠤ ᠶᠢ ᠭᠦᠯᠢᠶᠡᠵᠤ

ᠳᠠᠮᠤᠵᠢᠨ ᠢ ᠳᠤᠷᠠᠰᠴᠤ ᠵᠡᠭᠦᠷᠮᠡᠭᠯᠡᠵᠤ ᠰᠠᠭᠤᠬᠤ ᠥᠭᠡᠢ

ᠳᠡᠯᠡᠭᠡᠢ ᠳ᠋ᠠᠭᠢᠨ ᠢ ᠭᠠᠭᠴᠠᠭᠠᠷ ᠡᠵᠡᠷᠭᠡᠭ᠍ᠰᠡᠨ ᠦᠨᠳᠦᠰᠦᠳᠠᠨ ᠭᠡᠵᠤ

ᠳᠡᠦᠭᠡ ᠪᠠᠨ ᠭᠠᠢ᠌ᠬᠠᠭᠤᠯᠵᠤ ᠬᠤᠭᠤᠰᠤᠨ ᠰᠤᠷᠳᠤᠭᠤᠯᠬᠤ ᠥᠭᠡᠢ

ᠳᠠᠷᠠ ᠪᠦᠭᠦᠨ ᠳᠡᠦᠭᠡ ᠶᠤᠮ

ᠳᠡᠷᠳᠡᠭᠡ ᠬᠤᠯᠠ ᠶᠢᠨ ᠪᠠᠷ᠎ᠠ ᠶᠤᠮ

ᠪᠦᠷ ᠡᠷᠳᠡᠨ ᠤ ᠳᠡᠦᠭᠡ ᠶᠤᠮ

ᠪᠦᠳᠡᠭᠡᠢ᠌ᠷᠡᠵᠤ ᠬᠠᠷᠠᠭᠳᠠᠬᠤ ᠪᠠᠷ᠎ᠠ ᠶᠤᠮ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2347
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ