ᠵᠥᠭᠡᠯᠡᠨ ᠠᠮᠠ

ᠠᠮᠠᠨ ᠳᠡᠭᠡᠷ᠎ᠡ ᠪᠠᠨ ᠡᠯᠭᠦᠭ᠍ᠰᠡᠨ

ᠠᠶ᠎ᠠ ᠵᠠᠰᠠᠭᠰᠠᠨ ᠥᠭᠡᠨ ᠤ

ᠠᠮᠳᠠ ᠨᠢ ᠰᠠᠢ᠌ᠬᠠᠨ ᠪᠠᠢ᠌ᠳᠠᠭ ᠶᠤᠮ

ᠠᠭᠢᠭᠠᠤᠨ ᠵᠠᠵᠢᠯᠬᠤ ᠳᠤ ᠭᠠᠰᠢᠭᠤᠨ ᠶᠤᠮ᠃

         ᠣᠷᠴᠢᠨ ᠠᠬᠤᠢ ᠳᠤ ᠵᠤᠭᠢᠴᠠᠭᠰᠠᠨ

         ᠣᠷᠠᠨ ᠪᠢᠯᠳᠠᠤᠴᠢ ᠥᠭᠡᠨ ᠤ

         ᠠᠭᠤᠯᠭ᠎ᠠ ᠬᠤᠳᠠᠯ ᠪᠠᠢ᠌ᠳᠠᠭ ᠶᠤᠮ

         ᠠᠭᠤᠳᠠᠯᠠᠬᠤ ᠳᠤᠳᠤᠮ ᠵᠠᠯᠢᠴᠢᠨ ᠶᠤᠮ  ᠃

ᠥᠩᠭᠡᠪᠴᠢ ᠭᠦᠮᠤᠨ ᠤ ᠠᠮᠠ ᠭᠡᠭ᠍ᠴᠢ

ᠦᠷᠠᠵᠤ ᠨᠢᠮᠭᠡᠷᠡᠭ᠍ᠰᠡᠨ ᠭᠢᠳᠤᠭ᠎ᠠ ᠶᠤᠮ

ᠰᠠᠯᠭᠢ ᠰᠢᠷᠭᠤᠳᠠᠭ ᠵᠠᠢ ᠪᠠᠷ ᠴᠤ

ᠰᠠᠭᠢᠯ ᠦᠭᠡᠶ ᠣᠷᠤᠳᠠᠭ ᠶᠤᠮ᠃

          ᠦᠨᠡᠨ ᠰᠡᠳᠭᠢᠯ ᠶᠢᠡᠨ ᠭᠠᠵᠢᠳᠠᠭ

          ᠦᠪᠡᠷ ᠤᠨ ᠵᠢᠮ᠎ᠠ ᠡᠴᠡ ᠭᠠᠷᠳᠠᠭ

          ᠪᠣᠰᠤᠳ ᠤᠨ ᠳᠤᠭᠤᠰᠤᠨ ᠳᠤ ᠪᠣᠯᠠᠭᠳᠠᠳᠠᠭ

          ᠪᠣᠵᠠᠷ ᠶᠢᠡᠨ ᠳᠠᠯᠳᠠ ᠨᠢᠭᠤᠳᠠᠭ

ᠵᠥᠭᠡᠯᠡᠨ ᠠᠮᠠ ᠲᠡᠶ ᠭᠦᠮᠤᠨ ᠤ

ᠵᠢᠷᠦᠭᠡ ᠨᠢ ᠬᠠᠷ᠎ᠠ ᠪᠠᠢ᠌ᠳᠠᠭ ᠶᠤᠮ

ᠵᠦᠷᠢᠵᠤ ᠭᠠᠷᠬᠤ ᠵᠠᠪᠰᠢᠶᠠᠨ ᠳ᠋ᠤ

ᠮᠠᠭᠳᠠᠵᠤ ᠮᠠᠭᠤᠯᠠᠵᠤ ᠠᠮᠵᠢᠳᠠᠭ ᠶᠤᠮ᠃

          ᠵᠦᠪ ᠪᠣᠷᠤᠭᠤ ᠬᠤᠶᠠᠷ ᠢ

          ᠵᠦᠷᠢᠭᠦᠤ ᠶᠢ ᠨᠢ ᠳᠠᠭᠠᠷᠠᠭᠤᠯᠵᠤ ᠪᠣᠭᠴᠢᠬᠠᠳᠠᠭ

          ᠵᠢᠳᠭᠦᠯ ᠥᠭᠦᠯ ᠬᠤᠶᠠᠷ ᠢ

          ᠵᠢᠪᠡ ᠲᠡᠶ ᠳᠤᠭᠤᠭᠠᠨ ᠳᠤ ᠴᠢᠨᠠᠴᠢᠬᠠᠳᠠᠭ

ᠡᠮᠦᠨ᠎ᠡ ᠴᠢᠨᠢ ᠨᠢᠭᠡ ᠵᠢ

ᠠᠷᠤ ᠳᠤ ᠴᠢᠨᠢ ᠬᠤᠶᠠᠷ ᠢ

ᠡᠷᠭᠢᠭᠦᠯᠭᠡ ᠶᠢ ᠨᠢ ᠰᠠᠢ᠌ᠬᠠᠨ ᠵᠤᠭᠢᠴᠠᠭᠤᠯᠵᠤ

ᠳᠡᠯᠡᠭᠡ ᠢᠰᠢᠭᠡ ᠰᠢᠭ᠌ ᠭᠦᠭᠦᠳᠡᠭ᠌ ᠶᠤᠮ᠃


ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1639
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ