ᠨᠠᠷᠠᠰᠤ ᠲᠠᠢ ᠨᠤᠲᠤᠭ

ᠮᠤᠩᠭ᠋ᠤᠯ ᠤᠨ ᠥᠡᠳᠦᠷᠯᠢᠭ᠌ ᠤᠨ ᠳᠡᠨᠢᠭᠡᠷ ᠳᠠᠯ᠎ᠠ ᠵᠢ ᠵᠥᠪᠭᠡᠨ ᠨᠢᠬᠡᠡ ᠨᠢᠮᠬᠡᠬᠡᠨ ᠳᠠᠪᠬᠤᠷ ᠭᠦᠷᠦᠰᠤ ᠬᠤᠴᠢᠵᠤ ᠪᠠᠢ᠌ᠳᠠᠭ ᠢ ᠮᠤᠩᠭ᠋ᠤᠯ ᠭᠦᠮᠤᠨ ᠪᠦᠷ ᠮᠡᠳᠡᠳᠡᠭ᠌᠃ ᠡᠨᠡ ᠭᠦᠷᠦᠰᠤ ᠨᠢ ᠪᠦᠭᠦ ᠭᠠᠵᠠᠷ ᠨᠤᠳᠤᠭ ᠤᠨ ᠠᠮᠢᠨ ᠰᠤᠳᠠᠰᠤ ᠶᠤᠰᠤᠳᠡᠢ᠃ ᠦᠷ᠎ᠡ ᠦᠨᠳᠦᠰᠦ ᠨᠢ ᠳᠡᠭᠦᠨ ᠳᠤ ᠪᠣᠯᠠᠭᠳᠠᠵᠤ᠂ ᠡᠪᠦᠯ ᠥᠩᠭᠡᠷᠡᠨ᠂ ᠬᠠᠪᠣᠷ ᠬᠤᠷ᠎ᠠ ᠣᠨᠠᠬᠤ ᠳᠤ ᠨᠠᠭᠢᠶ᠎ᠠ ᠨᠤᠭᠤᠭ᠎ᠠ ᠰᠤᠶᠤᠭᠠᠯᠠᠨ ᠭᠠᠷᠴᠤ᠂ ᠮᠢᠩᠭ᠋᠎ᠠ ᠮᠢᠩᠭ᠋ᠠᠨ ᠵᠢᠯ ᠤᠨ ᠳᠤᠷᠰᠢ ᠮᠠᠯᠴᠢᠨ ᠠᠷᠠᠤᠨ ᠢ ᠨᠢᠭᠡ ᠴᠤ ᠭᠤᠮᠤᠳᠠᠭᠠᠭᠰᠠᠨ ᠦᠭᠡᠶ ᠪᠢᠯᠠ᠃ ᠡᠨᠡ ᠪᠣᠯ ᠪᠣᠷᠬᠠᠨ ᠳᠡᠭ᠍ᠷᠢ ᠡᠴᠡ ᠮᠠᠯᠴᠢᠨ ᠦᠨᠳᠦᠰᠦᠳᠠᠨ ᠳᠤ ᠰᠤᠶᠤᠷᠬᠠᠭᠰᠠᠨ ᠦᠩᠭᠡ ᠰᠢᠮᠠᠳᠤ ᠨᠤᠳᠤᠭ᠃ ᠮᠠᠨ ᠤ ᠮᠤᠩᠭ᠋ᠤᠯᠴᠤᠳ ᠦᠶ᠎ᠡ ᠶᠢᠨ ᠦᠶ᠎ᠡ ᠪᠡᠷ ᠠᠮᠢ ᠨᠡᠰᠤ ᠪᠡᠷ ᠵᠢᠡᠨ ᠨᠠᠠᠳᠢᠩᠨᠠᠨ ᠭᠢᠮᠠᠭᠠᠳᠠᠳᠠᠭ ᠪᠣᠯᠬᠤᠷ ᠠᠳᠤᠭᠤ ᠮᠠᠯ ᠢ ᠨᠢᠭᠡ ᠯᠡ ᠪᠠᠯᠴᠢᠭᠡᠷ ᠲᠤ ᠨᠤᠳᠤᠭᠯᠠᠨ ᠮᠠᠯᠵᠢᠳᠠᠭ ᠪᠢᠰᠢ᠂ ᠥᠷᠭᠦᠯᠵᠢ ᠪᠠᠯᠴᠢᠭᠡᠷ ᠰᠤᠯᠢᠨ ᠨᠡᠭᠦᠳᠡᠯᠯᠡᠵᠤ᠂ ᠣᠰᠤ ᠪᠠᠯᠴᠢᠭᠡᠷ ᠲᠤ ᠣᠷᠭᠤᠵᠤ ᠰᠡᠷᠬᠥᠬᠦ ᠴᠢᠯᠦᠭᠡ ᠥᠭ᠍ᠳᠡᠭ᠌᠃ ᠡᠢ᠌ᠮᠤ ᠡᠴᠡ ᠪᠣᠰᠤᠳ ᠲᠤ ᠳᠠᠩᠳᠠ ᠪᠠᠨ ᠣᠰᠤ ᠪᠠᠯᠴᠢᠭᠡᠷ ᠳᠠᠭᠠᠵᠤ ᠨᠡᠭᠦᠳᠡᠯᠯᠡᠨ ᠠᠮᠢᠳᠤᠷᠠᠳᠠᠭ ᠭᠡᠰᠡᠨ ᠰᠤᠨᠭᠢᠭ᠍ᠳᠡᠯ ᠥᠭ᠍ᠳᠡᠭ᠌ ᠣᠴᠢᠷ ᠡᠨᠡ ᠪᠢᠯᠠ᠃

ᠭᠢᠳᠠᠤᠨ ᠳᠠᠷᠢᠶᠠᠴᠢᠨ ᠳᠠᠰᠤᠷᠠᠯᠳᠠ ᠦᠭᠡᠶ ᠴᠦᠮᠦᠷᠠᠨ ᠣᠷᠤᠬᠤ ᠵᠢ ᠳᠡᠭᠠᠯᠳᠤᠨ᠂ ᠳᠠᠷᠢᠶᠠᠯᠠᠬᠤ ᠨᠡᠢ᠌ᠭᠡᠮ ᠤᠨ ᠭᠢᠨ《ᠭᠦᠨ ᠬᠠᠭᠠᠯᠠᠵᠤ᠂ ᠨᠢᠮᠪᠠᠢ ᠠᠷᠠᠴᠢᠯᠠᠳᠠᠭ》ᠤᠬᠠᠭᠠᠨ ᠳᠤ ᠬᠤᠪᠢᠷᠠᠰᠢ ᠦᠭᠡᠶ ᠮᠤᠡᠭᠭᠤᠯ ᠤᠨ ᠵᠢᠮ᠎ᠡ ᠭᠡᠷᠭᠢᠨ ᠪᠠᠢ᠌ᠵᠤ ᠴᠢᠳᠠᠬᠤ ᠪᠣᠢ᠃ ᠳᠠᠳᠠ ᠠᠠᠵᠢᠰᠤ ᠪᠠᠷ ᠶᠢᠡᠨ ᠨᠢᠮᠭᠡᠬᠡᠨ ᠭᠦᠷᠦᠰᠤ ᠶᠢ ᠣᠷᠪᠠᠭᠤᠯᠤᠭᠰᠠᠨ ᠬᠣᠢ᠌ᠨ᠎ᠠ᠂ ᠤᠳᠡᠯ ᠥᠬᠡᠢ ᠡᠯᠡᠰᠤ ᠰᠢᠷᠤᠢ ᠬᠤᠷᠡᠵᠤ᠂ ᠡᠪᠠᠰᠤᠨ ᠤ ᠦᠷ᠎ᠡ ᠠᠯᠢᠪᠡ ᠵᠢ ᠬᠠᠢ᠌ᠷ᠎ᠡ ᠨᠡᠢ᠌ᠷ ᠥᠬᠡᠢ ᠳᠡᠷᠤᠵᠤ᠂ ᠠᠯᠢ ᠪᠥᠬᠦᠨ ᠣᠷᠭᠤᠵᠤ ᠰᠡᠷᠬᠦᠬᠦ ᠪᠠᠨ ᠠᠯᠳᠡᠵᠤ᠂ ᠶᠡᠪᠤᠬᠤ ᠳᠤᠳᠤᠮ ᠬᠤᠪᠬᠠᠢ᠌ᠷᠡᠵᠤ ᠡᠯᠡᠰᠤᠷᠬᠡᠭ᠍ᠵᠢᠭᠰᠡᠨ ᠪᠠᠢ᠌ᠯᠬᠥᠢ᠃

ᠴᠢᠩ ᠣᠯᠤᠰ ᠤᠨ ᠰᠡᠭᠦᠯᠴᠢ ᠪᠠᠷ ᠭᠡᠪᠯᠡᠭ᠍ᠳᠡᠭ᠍ᠰᠡᠨ《ᠮᠤᠩᠭ᠋ᠤᠯ ᠤᠨ ᠨᠡᠭᠦᠳᠡᠯᠴᠢᠨ ᠠᠮᠢᠳᠤᠷᠠᠯ ᠤᠨ ᠳᠡᠮᠳᠡᠭᠯᠡᠯ》 ᠢ ᠰᠢᠭᠦᠭᠦ ᠳᠤ ᠰᠢᠷ᠎ᠠ ᠮᠦᠷᠠᠨ  ᠤ ᠳᠤᠷᠠᠳᠤᠭᠰᠠᠨ ᠭᠡᠰᠡᠭ᠌ ᠪᠣᠯᠭᠠᠨ ᠳᠤ ᠳᠡᠭ᠍ᠰᠢ ᠳᠠᠯ᠎ᠠ ᠢᠬᠴᠢ ᠤᠢ ᠪᠡᠯᠡᠷ ᠳᠥᠡᠭ ᠪᠤᠢ᠃ ᠰᠢᠷ᠎ᠠ ᠮᠦᠷᠠᠨ ᠤ ᠣᠷᠤᠰᠬᠠᠯ ᠳᠠᠭᠠᠤ ᠠᠭᠤᠳᠠᠮ ᠨᠤᠳᠤᠭ ᠨᠢ ᠭᠡᠰᠢᠭ᠍ᠳᠡᠨ ᠡᠴᠡ ᠪᠠᠭᠠᠷᠢᠨ᠂ ᠣᠩᠨᠢᠭᠤᠳ ᠬᠤᠰᠢᠭᠤ ᠭᠦᠷᠳᠡᠯ᠎ᠡ ᠪᠦᠷ ᠭᠢᠩᠭ᠋ᠠᠨ ᠳᠠᠪᠠᠭᠠᠨ ᠤ ᠰᠢᠪᠳᠤᠷᠭᠠᠨ ᠤ ᠣᠮᠠᠷ᠎ᠠ ᠬᠤᠷᠮᠤᠢ ᠳ᠋ᠠᠭᠢ ᠠᠭᠤᠯᠠᠷᠬᠠᠭ ᠣᠷᠤᠨ ᠪᠣᠯᠤᠨ᠎ᠠ᠃ ᠠᠯᠢ ᠡᠷᠳᠡ ᠳᠠᠩ ᠣᠯᠤᠰ ᠤᠨ ᠦᠶ᠎ᠡ ᠡᠴᠡ《ᠨᠠᠷᠠᠰᠤᠳᠠᠢ ᠶᠢᠨ ᠳ᠋ᠥ᠋ ᠳ᠋ᠥ᠋ ᠶᠠᠮᠤ 》 ᠭᠡᠰᠡᠨ ᠰᠠᠢ᠌ᠬᠠᠨ ᠨᠠᠷᠠᠳᠠᠢ ᠪᠠᠢ᠌ᠳᠠᠭ᠃ ᠯᠢᠶᠤᠤ ᠣᠯᠤᠰ ᠤᠨ ᠦᠶ᠎ᠡ ᠳᠤ ᠨᠠᠩ ᠴᠤ ᠨᠠᠢ᠌ᠰᠯᠠᠯ ᠪᠠᠢ᠌ᠷᠢᠯᠠᠭᠰᠠᠨ ᠥᠩᠭᠡ ᠪᠠᠶᠠᠯᠢᠭ ᠨᠤᠳᠤᠭ ᠶᠤᠮ᠃

ᠮᠢᠩᠭ᠋ᠠᠨ ᠵᠢᠯ ᠤᠨ ᠡᠮᠦᠨᠡᠭᠢ ᠳᠠᠢ᠌ᠮᠤ ᠨᠢᠭᠡ ᠡᠳᠦᠷ ᠰᠦᠨᠢ ᠭᠦᠴᠤ ᠨᠢ ᠪᠠᠳᠠᠷᠠᠭᠰᠠᠨ ᠬᠠᠭᠠᠨ ᠨᠤᠶᠠᠨ ᠪᠠᠶ᠎ᠠ ᠪᠠᠷ ᠶᠢᠡᠨ ᠰᠢᠷᠠᠮᠦᠷᠠᠨ ᠤ ᠡᠭᠢᠨ ᠳᠤ ᠭᠦᠷᠴᠤ ᠢᠷᠠᠵᠠᠢ᠃ ᠭᠤᠤᠯ ᠤᠨ ᠣᠰᠤ ᠣᠷᠭᠢᠯᠠᠨ ᠨᠠᠷᠠᠰᠤᠨ ᠣᠢ ᠳᠤᠮᠳᠠᠭᠤᠷ ᠭᠦᠷᠭᠢᠷᠡᠨ ᠣᠷᠤᠰᠴᠤ᠂ ᠨᠦᠰᠠᠷ ᠳᠤᠮᠤ ᠮᠤᠳᠤᠳ ᠤᠨ ᠳᠤᠮᠳᠠ ᠨᠠᠮᠠᠭ᠎ᠠ ᠨᠢ ᠰᠠᠯᠭᠢᠨ᠎ᠠ ᠰᠠᠵᠢᠯᠠᠵᠤ ᠨᠤᠮᠢᠨ ᠥᠩᠭᠡ ᠳᠠᠪᠠᠯᠭᠠᠯᠠᠨ᠎ᠠ᠃ ᠯᠢᠶᠤᠤ ᠣᠯᠤᠰ ᠤᠨ ᠳᠠᠢ᠌ᠼᠦ᠋ᠩ ᠬᠠᠭᠠᠨ ᠡᠨᠡᠭᠦ ᠥᠩᠭᠡ ᠲᠡᠶ ᠰᠠᠢ᠌ᠬᠠᠨ ᠠᠭᠤᠯᠠ ᠣᠰᠤ ᠶᠢ ᠬᠠᠷᠠᠭᠠᠤᠨ᠄《ᠥᠨᠡᠭᠡᠷ ᠦᠶ᠎ᠡ ᠶᠢᠨ ᠦᠶ᠎ᠡ ᠡᠵᠡᠯᠡᠨ ᠰᠠᠭᠤᠬᠤ ᠪᠠᠶᠠᠨ ᠳᠠᠷᠭᠤᠨ ᠨᠤᠳᠤᠭ ᠠᠵᠠᠢ》ᠭᠡᠤᠨ ᠳᠡᠭᠦᠨ ᠤ ᠴᠡᠭᠡᠵᠢᠨ ᠳᠤ ᠣᠮᠤᠭᠰᠢᠯ ᠪᠠ ᠪᠠᠶᠠᠰᠤᠯ ᠪᠢᠯᠬᠠᠭᠰᠠᠨ ᠪᠠᠢ᠌ᠯᠭᠦᠢ᠃ ᠡᠵᠢ ᠮᠢᠨᠢ ᠡᠨᠡ ᠨᠤᠳᠤᠭ ᠲᠤ ᠳᠦᠷᠦᠭ᠍ᠰᠡᠨ᠂ ᠵᠤᠤ ᠣᠳᠠ ᠠᠢ᠌ᠮᠠᠭ ᠤᠨ ᠭᠡᠰᠢᠭ᠍ᠳᠡᠨ ᠬᠤᠰᠢᠭᠤᠨ ᠤ ᠭᠦᠮᠤᠨ᠃ ᠡᠵᠢ᠂ ᠭᠡᠦᠭᠡᠤᠨ ᠪᠢᠳᠠᠨ ᠳᠤ ᠡᠭᠡ ᠨᠤᠳᠤᠭ ᠤᠨ ᠥᠩᠭᠡ ᠳᠦᠷᠰᠦ ᠶᠢᠨ ᠳᠤᠬᠠᠢ ᠭᠦᠦᠷᠨᠢᠭᠦ ᠳᠤ ᠮᠢᠩᠭ᠋ᠠᠨ ᠭᠠᠵᠠᠷ ᠤᠨ ᠨᠠᠷᠠᠰᠤ ᠨᠢ ᠨᠢᠭᠡᠡᠳᠡ ᠬᠤᠷᠤᠭᠳᠠᠭᠠᠤᠨ ᠭᠤᠷᠪᠠᠨ ᠵᠠᠭᠤᠨ ᠭᠠᠵᠠᠷ ᠤᠨ ᠰᠢᠭᠤᠢ ᠪᠣᠯᠴᠢᠬᠠᠭᠰᠠᠨ ᠭᠡᠪᠡ᠃

ᠡᠵᠢ ᠢᠷᠭᠡᠨ ᠣᠯᠤᠰ ᠤᠨ ᠳᠠᠪᠣᠳᠤᠭᠠᠷ ᠣᠨ ᠳᠤ ᠮᠡᠡᠳᠦᠯᠡᠭ᠍ᠰᠡᠨ᠃ ᠳᠡᠭᠦᠨ ᠤ ᠪᠠᠭ᠎ᠠ ᠦᠶ᠎ᠡ ᠶᠠᠭ ᠢᠷᠭᠡᠨ ᠣᠯᠤᠰ ᠤᠨ ᠬᠤᠷᠢᠭᠠᠤᠨ ᠣᠨ ᠪᠢᠯᠠ᠃ ᠭᠤᠷᠪᠠᠨ ᠵᠠᠭᠤᠨ ᠭᠠᠵᠠᠷ ᠨᠢ ᠮᠢᠩᠭ᠋ᠠᠨ ᠭᠠᠵᠠᠷ ᠢ ᠪᠣᠳᠤᠪᠠᠯ ᠶᠡᠭᠡ ᠬᠤᠷᠤᠭᠳᠠᠭᠰᠠᠨ ᠪᠣᠯᠪᠠᠴᠤ ᠵᠤᠭᠠᠴᠡᠬᠰᠡᠳ ᠤᠨ ᠬᠤᠪᠢ ᠳᠤ ᠮᠦᠨ ᠯᠠ ᠳᠠᠯᠠᠢ ᠰᠢᠭ ᠨᠡᠯᠦᠭᠡᠷ ᠣᠢ᠂ ᠵᠠᠯᠠᠭᠤ ᠭᠡᠦᠭᠡᠤᠨ ᠤᠨ ᠵᠢᠷᠦᠭᠡᠨ ᠳᠤ ᠮᠦᠨ ᠴᠤ ᠮᠠᠷᠳᠠᠭᠳᠠᠰᠢ ᠦᠭᠡᠶ ᠳᠤᠷᠠᠰᠤᠮᠵᠢ ᠥᠯᠡᠳᠡᠭᠡᠵᠤ ᠪᠣᠯᠬᠤ ᠭᠠᠵᠡᠷ᠃ ᠡᠢ᠌ᠮᠤ ᠡᠴᠡ ᠡᠵᠢ ᠮᠢᠨᠢ ᠭᠡᠦᠭᠡᠤᠨ ᠪᠢᠳᠠ ᠨᠡᠷ ᠲᠠᠭᠠᠨ᠄《ᠨᠡᠭᠡᠷᠡᠨ ᠣᠢ ᠶᠢᠨ ᠳᠠᠯᠠᠢ ᠰᠢᠤ᠂ ᠶᠠᠪᠣᠭᠠᠤᠨ ᠶᠠᠪᠣᠭᠠᠤᠨ ᠭᠡᠳᠦᠯᠦᠰᠢ ᠦᠭᠡᠶ ᠰᠠᠨᠠᠭᠳᠠᠨ᠎ᠠ᠃ ᠵᠤᠨ ᠤ ᠴᠠᠭ ᠳᠡᠷᠭᠡ ᠪᠠᠷ ᠥᠩᠭᠡᠷᠡᠭᠦ ᠳᠤ ᠡᠪᠠᠰᠤ ᠮᠤᠳᠤ ᠴᠡᠴᠡᠭ᠌ ᠨᠠᠪᠴᠢ ᠡᠴᠡ ᠨᠢ ᠳᠠᠩᠳᠠ ᠰᠠᠢ᠌ᠬᠠᠨ ᠦᠨᠦᠷ ᠠᠩᠭᠢᠯᠤᠵᠤ ᠪᠠᠢ᠌ᠳᠠᠭ᠃ ᠡᠨᠡ ᠶᠡᠭᠡ ᠬᠠᠮᠠᠷ ᠰᠠᠳᠠᠯᠤᠮ᠎ᠠ ᠰᠡᠩᠭᠢᠨᠡᠭᠦ ᠦᠨᠦᠷ ᠡᠴᠡ ᠨᠢ ᠠᠯᠢ ᠨᠢ ᠴᠡᠴᠡᠭ᠌ ᠤᠨ ᠦᠨᠦᠷ᠂ ᠠᠯᠢ ᠨᠢ ᠨᠤᠭᠤᠭ᠎ᠡ᠂ ᠠᠯᠢ ᠨᠢ ᠮᠤᠳᠤᠨ ᠤ ᠦᠨᠦᠷ ᠪᠣᠯᠬᠤ ᠶᠢ ᠢᠯᠭᠠᠵᠤ ᠡᠰᠡ ᠴᠢᠳᠠᠨ᠎ᠠ᠃ ᠡᠢ᠌ᠨᠬᠦ᠂ ᠣᠨᠢᠶᠠᠷ ᠬᠦᠳᠡᠡᠭ ᠤᠨ ᠳᠤᠮᠳᠡ ᠪᠠᠢ᠌ᠭᠠᠯᠢᠯᠢᠬ ᠰᠤᠷᠭᠤᠭ ᠦᠨᠦᠷ ᠠᠮᠳᠡ ᠪᠡᠶ᠎ᠡ ᠰᠡᠳᠬᠢᠯ ᠳᠤ ᠮᠢᠨᠢ ᠠᠩᠬᠢᠯᠤᠨ᠎ᠡ ᠁ 》 ᠭᠡᠮᠡᠨ ᠬᠠᠭᠤᠴᠢᠯᠠᠳᠠᠭ ᠪᠠᠢ᠌ᠯ᠎ᠠ᠃ ᠳᠠᠪᠢᠨ ᠵᠢᠯ ᠤᠨ ᠳᠠᠷᠠᠭ᠎ᠠ 71 ᠨᠠᠰᠤᠨ ᠤ ᠰᠡᠭᠦᠳᠡᠷ ᠲᠡᠶ ᠡᠵᠢ ᠮᠢᠨᠢ ᠡᠢ᠌ᠮᠤ ᠰᠤᠨᠭᠢᠭ᠍ᠳᠡᠯ ᠶᠢᠡᠨ ᠡᠪᠦᠷᠯᠡᠭ᠍ᠰᠡᠭᠡᠷ ᠨᠤᠳᠤᠭ ᠡᠴᠡ ᠪᠠᠨ ᠮᠢᠩᠭ᠋᠎ᠡ ᠲᠦᠮᠡᠨ ᠭᠠᠵᠠᠷ ᠤᠨ ᠠᠯᠤᠰ ᠠᠷᠠᠯ ᠳᠡᠭᠡᠷ᠎ᠡ ᠦᠨᠢᠳᠠ ᠨᠣᠢ᠌ᠷᠰᠤᠯ᠎ᠠ᠃

ᠡᠵᠢ ᠶᠢᠨ ᠮᠢᠨᠢ ᠴᠢᠠᠳᠠᠷ ᠢ ᠠᠮᠠᠷᠠᠭ ᠮᠤᠳᠤ ᠣᠷᠭᠤᠭᠰᠠᠨ ᠦᠨᠳᠦᠷ ᠠᠭᠤᠯᠠᠨ ᠤ ᠠᠷᠤ ᠳᠤ ᠬᠣᠢ᠌ᠳᠤ ᠳᠠᠯᠠᠢ ᠣᠷᠤᠭᠤ ᠬᠠᠠᠳᠤᠭᠤᠯᠵᠤ ᠣᠷᠤᠰᠢᠭᠤᠯᠪᠠ᠃ ᠡᠨᠡ ᠬᠤᠶᠠᠷ ᠵᠢᠯ ᠪᠢᠳᠠ ᠴᠢᠷᠮᠠᠢ᠌ᠨ ᠪᠠᠢ᠌ᠵᠤ ᠣᠩᠭ᠋ᠤᠨ ᠤ ᠭᠢᠨᠢ ᠡᠮᠦᠨ᠎ᠡ ᠵᠥᠯᠭᠡ ᠳᠠᠪᠢᠰᠴᠤ᠂ ᠪᠣᠷᠴᠠᠭ᠂ ᠴᠠᠢ ᠴᠡᠴᠡᠭ᠌ ᠭᠢᠭᠡᠤᠨ ᠭᠡᠳᠤᠨ ᠰᠠᠭᠤᠷᠢ ᠭᠠᠪᠢᠷ᠎ᠠ ᠴᠡᠴᠡᠭ᠌᠂ ᠮᠠᠢ᠌ᠯᠠᠰᠤᠨ ᠮᠤᠳᠤ ᠳᠠᠷᠢᠯ᠎ᠠ᠃ ᠡᠳᠡᠭᠡᠷ ᠪᠣᠯ ᠡᠵᠢ ᠮᠢᠨᠢ ᠠᠮᠢᠳᠤ ᠰᠡᠷᠢᠭᠦᠨ ᠪᠠᠢ᠌ᠬᠤ ᠳᠠᠭᠠᠨ ᠶᠡᠭᠡ ᠯᠠ ᠳᠤᠷᠠᠳᠠᠢ ᠴᠡᠴᠡᠭ᠌ ᠮᠤᠳᠤ ᠪᠤᠯᠤᠨ᠎ᠡ᠃ ᠶᠡᠭᠤ ᠭᠡᠰᠡᠨ ᠴᠤ᠂ ᠡᠨᠡ ᠪᠥᠬᠦᠨ ᠭᠤᠷᠪᠠᠨ ᠵᠠᠭᠤᠨ ᠭᠠᠵᠠᠷ ᠤᠨ ᠨᠠᠷᠠᠰᠤᠨ ᠣᠢ ᠶᠢ ᠨᠢ ᠶᠠᠭᠠᠭᠢᠭᠰᠠᠨ ᠴᠤ ᠣᠷᠤᠭᠤᠯᠵᠤ ᠴᠢᠳᠠᠬᠤ ᠦᠭᠡᠶ ᠪᠠᠢ᠌ᠬᠤ᠁

ᠪᠢ ᠶᠠᠷᠤ ᠨᠢ ᠡᠵᠢ ᠶᠢᠨ ᠶᠢᠡᠨ ᠮᠥᠷᠦᠭᠡᠳᠤᠳᠡᠭ᠌ ᠳᠠᠷᠠ ᠭᠡᠰᠡᠭ᠌ ᠨᠠᠷᠠᠰᠤᠨ ᠣᠢ ᠶᠢ ᠬᠠᠷᠡᠶ᠎ᠡ ᠬᠠᠢ᠌ᠶ᠎ᠠ ᠭᠡᠵᠤ ᠪᠣᠳᠤᠭᠰᠠᠭᠠᠷ ᠪᠠᠢ᠌ᠯ᠎ᠠ᠃ ᠠᠪᠣ ᠶᠢᠨ ᠳᠦᠷᠦᠭ᠍ᠰᠡᠨ ᠨᠤᠳᠤᠭ ᠡᠴᠡ ᠪᠠᠨ ᠠᠶᠠᠷᠯᠠᠨ ᠰᠠᠯᠤᠭᠰᠠᠨ ᠡᠴᠡ ᠬᠣᠢ᠌ᠰᠢ ᠪᠢ ᠭᠤᠷᠪᠠᠨ ᠬᠠᠨᠢ ᠲᠡᠶ ᠪᠠᠨ ᠭᠡᠰᠢᠭ᠍ᠳᠡᠨ ᠬᠤᠰᠢᠭᠤ᠂ ᠡᠵᠢ ᠶᠢᠨ ᠮᠢᠨᠢ ᠳᠦᠷᠦᠭ᠍ᠰᠡᠨ ᠨᠤᠳᠤᠭ᠂ ᠳᠠᠷᠠ ᠨᠢᠭᠡ ᠶᠡᠭᠡ ᠮᠦᠷᠠᠨ ᠪᠠ ᠳᠡᠭᠦᠨ ᠤ ᠡᠷᠭᠢ ᠣᠷᠤᠰᠬᠠᠯ ᠥᠭᠡᠳᠡ ᠊᠊᠊᠊᠊᠊᠊᠊᠊ ᠳᠠᠷᠠ ᠭᠦ ᠭᠤᠷᠪᠠᠨ ᠵᠠᠭᠤᠨ ᠭᠠᠵᠠᠷ ᠤᠨ ᠠᠩᠭᠢᠯᠤᠮ᠎ᠠ ᠦᠨᠦᠷ ᠬᠠᠩᠬᠤᠯᠤᠭᠰᠠᠨ ᠪᠠᠯᠠᠷ ᠣᠢ ᠵᠥᠭ ᠰᠢᠭᠤᠳ ᠵᠤᠷᠢᠯ᠎ᠠ᠃

ᠭᠠᠭᠴᠠ ᠮᠤᠳᠤ ᠶᠢ ᠴᠤ ᠨᠠᠳᠠᠳᠤ ᠥᠯᠡᠳᠡᠭᠡᠭ᠍ᠰᠡᠨ ᠦᠭᠡᠶ ᠭᠡᠳᠡᠭ᠌ ᠢ ᠪᠢ ᠶᠡᠷᠤ ᠰᠠᠨᠠᠭᠰᠠᠨ ᠦᠭᠡᠶ᠃ ᠭᠠᠭᠴᠠ ᠶᠢ ᠴᠤ ᠥᠯᠡᠳᠡᠭᠡᠭ᠍ᠰᠡᠨ ᠦᠭᠡᠶ ᠰᠢᠤ⁈ ᠠᠶᠠᠨ ᠤ ᠡᠭᠢᠨ ᠳᠤ ᠭᠡᠰᠢᠭ᠍ᠳᠡᠨ ᠣᠷᠤᠭᠤ ᠶᠠᠪᠣᠬᠤ ᠵᠠᠮ ᠳᠠᠭᠠᠤ ᠪᠠᠰᠠ ᠬᠠᠶᠠ ᠴᠡᠴᠡᠭ᠌ ᠳᠡᠯᠭᠡᠷᠡᠭ᠍ᠰᠡᠨ ᠳᠠᠯ᠎ᠠ ᠳᠠᠭᠠᠷᠠᠯᠳᠤᠨ᠎ᠠ᠃ ᠭᠡᠳᠡᠯ᠎ᠡ ᠵᠡᠭᠦᠡᠰᠢᠯᠡᠭᠦ ᠳᠤᠰᠤᠮ ᠵᠢᠵᠢᠭ᠌ ᠠᠢ᠌ᠯ ᠳᠤᠰᠬᠤᠨ ᠵᠠᠯᠭᠠᠯᠳᠤᠨ᠂ ᠭᠦᠮᠤᠨ ᠭᠦᠯ ᠶᠡᠭᠡᠳᠡᠢ ᠪᠣᠯᠵᠤ᠂ ᠦᠵᠡᠮᠵᠢ ᠳᠥᠷᠰᠤ ᠬᠠᠷᠢᠨ ᠣᠯᠠᠮ ᠶᠢᠡᠷ ᠡᠯᠦᠢ ᠬᠤᠯᠤᠢ ᠰᠠᠨᠠᠭᠳᠠᠬᠤ ᠪᠣᠯᠪᠠ᠃

ᠮᠦᠷᠠᠨ ᠨᠢ ᠳᠠᠷᠠ ᠴᠡᠭ᠌ ᠲᠤ ᠪᠠᠢ᠌ᠨ᠎ᠠ᠃ ᠭᠠᠵᠠᠷ ᠨᠢ ᠴᠤ ᠪᠣᠷᠤᠭᠤᠳᠠᠭᠰᠠᠨ ᠦᠭᠡᠶ᠂ ᠭᠡᠰᠢᠭ᠍ᠳᠡᠨ ᠡᠴᠡ ᠪᠠᠭᠠᠷᠢᠨ᠂ ᠣᠩᠨᠢᠭᠤᠳ ᠭᠦᠷᠳᠡᠯ᠎ᠡ ᠵᠠᠮ ᠤᠨ ᠬᠠᠵᠠᠭᠤ ᠳ᠋ᠠᠭᠢ ᠵᠢᠭᠠᠯᠳᠠ ᠳᠡᠭᠡᠷᠡᠭᠢ ᠬᠤᠳᠠ ᠪᠠᠯᠭᠠᠰᠤ ᠨᠢ ᠮᠦᠨ ᠬᠠᠭᠤᠴᠢᠨ ᠨᠠᠷ᠎ᠠ ᠪᠠᠷ ᠶᠢᠡᠨ ᠪᠠᠢ᠌ᠨ᠎ᠠ᠃ ᠭᠡᠪᠠᠴᠤ᠂ ᠥᠭᠡᠷ᠎ᠡ ᠶᠠᠭᠤᠮ᠎ᠠ ᠨᠢ ᠣᠷᠤ ᠦᠭᠡᠶ ᠠᠯᠠᠭ᠎ᠠ ᠪᠣᠯᠵᠠᠢ᠃ ᠡᠨᠡ ᠵᠤᠨ ᠭᠠᠴᠢᠭ ᠶᠡᠭᠡᠳᠡᠢ ᠳᠤᠯᠠ ᠳᠠᠷᠢᠶ᠎ᠠ ᠴᠤ ᠣᠷᠭᠤᠴᠠ ᠮᠠᠭᠤᠳᠠᠢ ᠭᠡᠵᠤ ᠪᠢᠳᠠᠨᠤᠰ ᠢ ᠭᠦᠯᠢᠶᠡᠨ ᠠᠪᠣᠭᠰᠠᠨ ᠨᠠᠢ᠌ᠵᠠ ᠳᠠᠭᠢᠨ ᠳᠠᠪᠳᠠᠨ ᠭᠡᠯᠡᠵᠤ ᠪᠠᠢ᠌ᠯ᠎ᠠ᠃ ᠭᠡᠳᠡᠯ᠎ᠡ᠂ ᠣᠢ ᠮᠤᠳᠤ ᠨᠢ ᠶᠠᠭᠠᠭᠢᠴᠢᠬᠠᠵᠤ ᠪᠣᠢ ᠰᠠᠨᠠᠭᠠᠨ ᠳᠤ ᠮᠢᠨᠢ ᠡᠭᠡᠳᠡᠷᠡᠵᠤ ᠪᠠᠢ᠌ᠪᠠ᠂ ᠳᠠᠷᠠ ᠮᠥᠷᠳᠡᠭᠡᠨ ᠥᠭᠦᠴᠢᠭᠡᠭᠦ ᠪᠠᠷ ᠪᠣᠳᠤᠬᠤ ᠳᠤ ᠣᠭ ᠦᠨᠳᠦᠰᠦ ᠨᠢ ᠦᠯᠠᠳᠠᠮᠠᠷ ᠶᠤᠮ ᠳ᠋ᠠ᠃

ᠪᠢ ᠡᠨᠡᠭᠦ ᠰᠤᠨᠢᠨ ᠵᠢᠭ᠍ᠳᠡᠢ ᠪᠦᠭᠡᠤᠨ ᠡᠵᠡᠭᠦᠢ ᠴᠦᠯ ᠪᠠᠢ᠌ᠳᠠᠯ ᠢ ᠳᠦᠷᠰᠦᠯᠠᠵᠤ ᠴᠢᠳᠠᠬᠤ ᠦᠭᠡᠶ ᠪᠠᠢ᠌ᠯ᠎ᠠ᠃ ᠵᠥᠪᠭᠡᠨ ᠪᠠᠯᠭᠡᠳᠡᠯ ᠤᠨ ᠪᠠ ᠭᠡᠳᠤ ᠠᠬᠣᠢ᠌ᠴᠢ ᠵᠢᠷᠤᠭ ᠤᠨ ᠪᠦᠯᠦᠭ᠍ᠳᠡᠨ ᠤ ᠵᠢᠷᠤᠭᠰᠠᠨ ᠵᠢᠷᠤᠭ ᠲᠤ ᠯᠠ ᠢᠯᠡᠷᠡᠳᠡᠭ᠌ ᠰᠢᠭ᠌ ᠯᠠ ᠰᠠᠨᠠᠭᠳᠠᠨ᠎ᠠ᠃ ᠨᠠᠷᠠ ᠵᠢᠷᠭᠠᠬᠤ ᠳᠤ ᠠᠷᠴᠢᠭᠤᠷ ᠮᠥᠷᠦᠯᠡᠭ᠍ᠰᠡᠨ ᠭᠦᠮᠦᠰ ᠳᠠᠷᠢᠶᠠᠨ ᠳᠤᠮᠳᠠᠭᠤᠷ ᠠᠯᠮᠠᠢ᠌ᠷᠠᠨ ᠠᠯᠬᠤᠵᠤ᠂ ᠭᠦᠷᠦᠰᠤ ᠰᠢᠷᠤᠢ ᠨᠢ ᠦᠪᠴᠢ ᠳᠤ ᠪᠠᠨ ᠰᠢᠷᠠᠩᠭ᠋ᠣᠢ᠌ᠯᠠᠨ ᠵᠠᠷᠢᠮ ᠭᠠᠵᠠᠷ ᠨᠢ ᠪᠦᠷ ᠫᠠᠤᠨ ᠬᠠᠷᠠᠯᠠᠵᠤ᠂ ᠳᠠᠯ᠎ᠠ ᠳᠤᠯᠤᠭᠠᠤᠨ ᠨᠢ ᠨᠠᠢ᠌ᠳᠠᠮ ᠣᠯᠠᠭᠠᠨ ᠬᠠᠯᠴᠠᠭᠠᠢ ᠪᠣᠯᠵᠠᠢ᠃ ᠰᠤᠨᠢᠷᠬᠠᠯ ᠳᠠᠢ ᠨᠢ ᠪᠢᠳᠠᠨ ᠤ ᠭᠡᠳᠤᠨ ᠡᠳᠦᠷ ᠤᠨ ᠡᠮᠦᠨ᠎ᠡ ᠮᠠᠰᠢᠨ ᠶᠢᠡᠷ ᠶᠠᠪᠣᠵᠤ ᠥᠩᠭᠡᠷᠡᠭ᠍ᠰᠡᠨ ᠭᠠᠵᠠᠷ ᠨᠢ ᠬᠡᠳᠦᠢ᠌ᠪᠡᠷ ᠨᠢᠭᠡ ᠴᠤ ᠮᠤᠳᠤ ᠦᠭᠡᠶ ᠪᠣᠯᠪᠠᠴᠤ᠂ ᠴᠠᠭᠠᠨ ᠪᠠ ᠶᠠᠭᠠᠨ ᠴᠡᠴᠡᠭ᠌ ᠳᠡᠯᠭᠡᠷᠡᠭ᠍ᠰᠡᠨ ᠨᠤᠭᠤᠭᠠᠨ ᠳᠠᠯ᠎ᠠ ᠪᠣᠯᠬᠤᠷ ᠦᠨᠳᠦᠷ ᠪᠣᠭᠤᠨᠢ ᠳᠤᠪᠣ ᠳᠤᠯᠤᠭᠠᠤᠨ ᠨᠢ ᠭᠤᠶᠤ ᠬᠠᠷᠠᠭᠳᠠᠭᠠᠤᠨ ᠰᠠᠤᠠᠭᠢᠯ ᠮᠢᠨᠢ ᠳᠡᠨᠢᠭᠦᠨ ᠪᠣᠯᠵᠤ ᠪᠠᠢ᠌ᠭᠰᠠᠨ᠃ ᠭᠡᠳᠡᠯ᠎ᠡ᠂ ᠡᠨᠡ ᠠᠭᠤᠯᠠᠷᠬᠠᠭ ᠭᠠᠵᠠᠷ ᠤᠨ ᠵᠠᠰᠠᠮᠠᠯ ᠵᠠᠮ ᠤᠨ ᠳᠠᠭᠢᠷ ᠭᠠᠵᠠᠷ ᠶᠢᠡᠷ ᠮᠤᠰᠭᠢᠨ ᠥᠩᠭᠡᠷᠡᠭᠦ ᠪᠦᠷᠢ ᠡᠷᠭᠢᠨ ᠳᠤᠭᠤᠷᠢᠨ ᠳᠤ ᠪᠠᠢ᠌ᠭ᠎ᠠ ᠠᠭᠤᠯᠠ ᠨᠢᠷᠤᠭᠤᠳ ᠨᠢ ᠴᠢᠷᠠᠮᠠᠨ ᠨᠢᠴᠦᠭᠦᠨ᠂ ᠰᠢᠷᠤᠢ ᠴᠢᠯᠠᠭᠤ ᠨᠢ ᠢᠪ ᠢᠯᠠ ᠳᠤᠳᠤᠷᠠᠵᠤ᠂ ᠳᠤᠩ ᠵᠢᠪᠠᠭᠦᠨ ᠬᠠᠷᠠᠭᠳᠠᠭᠠᠤᠨ ᠠᠢ᠌ᠳᠠᠰᠤ ᠭᠦᠷᠬᠦ ᠰᠢᠬᠠᠨ᠎ᠡ᠃

ᠪᠠᠴᠢᠮᠳᠠᠬᠤ ᠪᠠ ᠰᠡᠵᠢᠭᠯᠡᠭᠦ ᠰᠠᠨᠠᠭ᠎ᠠ ᠪᠠᠨ ᠶᠠᠷᠤ ᠨᠢᠭᠤᠭᠰᠠᠨ ᠦᠭᠡᠶ᠃ ᠬᠤᠶᠠᠷ ᠭᠤᠷᠪᠠᠨ ᠡᠳᠦᠷ ᠤᠨ ᠵᠠᠮ ᠳᠤᠷᠰᠢᠳᠠ ᠴᠤ ᠭᠠᠭᠴᠠ ᠡᠨᠡ ᠠᠰᠠᠭᠤᠯᠳᠠ ᠳᠠᠭᠢᠨ ᠳᠠᠪᠳᠠᠨ ᠪᠣᠳᠤᠭᠳᠠᠨ᠎ᠠ᠃

《ᠡᠨᠡ ᠬᠠᠪᠢ ᠳᠦᠭᠦᠯ ᠳᠤ ᠶᠠᠷᠤ ᠡᠴᠡ ᠣᠢ ᠮᠤᠳᠤ ᠪᠠᠢ᠌ᠭᠰᠠᠨ ᠦᠦ ᠦᠭᠡᠶ ᠦᠦ︖》

《ᠬᠠᠮᠢᠭ᠎ᠠ ᠭᠦᠷᠪᠠᠯ ᠣᠢ ᠮᠤᠳᠤ ᠬᠠᠷᠠᠭᠳᠠᠬᠤ ᠪᠣᠯ ︖》

ᠬᠠᠩᠭ᠋ᠠᠯᠳᠠ ᠲᠡᠶ ᠬᠠᠷᠢᠭᠤᠯᠳᠠ ᠶᠡᠷᠤ ᠣᠯᠤᠭ᠎ᠠ ᠦᠭᠡᠶ᠃ ᠰᠤᠨᠤᠰᠬᠤ ᠳᠤ ᠠᠭᠤᠯᠠᠨ ᠳᠡᠭᠡᠷ᠎ᠡ ᠪᠠᠰᠠ ᠪᠠᠯᠠᠷ ᠣᠢ ᠪᠠᠢ᠌ᠭᠰᠠᠨ ᠭᠡᠨ᠎ᠡ᠃ ᠵᠠᠷᠢᠮ ᠨᠢ ᠶᠠᠷᠤ ᠥᠵᠡᠭ᠍ᠰᠡᠨ ᠦᠭᠡᠶ ᠭᠡᠭᠦ ᠪᠠ ᠪᠠᠰᠠ ᠵᠠᠷᠢᠮ ᠵᠠᠯᠠᠭᠤ ᠨᠢ ᠨᠠᠮᠠ‍ᠶ᠋‍ᠢ᠌ ᠳᠦᠷᠦᠭ᠍ᠰᠡᠨ ᠡᠴᠡ ᠠᠪᠣᠭᠠᠤᠨ ᠡᠢ᠌ᠮᠤ ᠯᠠ ᠪᠠᠢ᠌ᠵᠠᠢ ᠭᠡᠵᠤ ᠭᠡᠯᠴᠡᠨ᠎ᠡ᠃ ᠳᠡᠭᠡᠭᠡᠤᠨ ᠭᠡᠰᠢᠭ᠍ᠳᠡᠨ ᠡᠴᠡ ᠣᠯᠠᠭᠠᠠᠬᠠᠳᠠ ᠬᠠᠪᠢ ᠳᠤ ᠪᠠᠢ᠌ᠭ᠎ᠠ ᠳᠡᠭᠡᠷ᠎ᠡ ᠦᠶ᠎ᠡ ᠶᠢᠨ ᠯᠢᠶᠤᠤ ᠣᠯᠤᠰ ᠤᠨ ᠳᠠᠪᠤᠨ ᠨᠠᠢ᠌ᠰᠯᠠᠯ ᠤᠨ ᠨᠢᠭᠡ ᠪᠣᠯᠬᠤ ᠳᠤᠮᠳᠠ ᠨᠠᠢ᠌ᠰᠯᠠᠯ ᠤᠨ ᠪᠠᠢ᠌ᠭᠰᠠᠨ ᠭᠠᠵᠠᠷ ᠨᠢᠩᠴᠸᠩ ᠭᠦᠷᠦᠭᠡᠤᠨ ᠰᠠᠶ‍ᠢᠬᠢ ᠨᠢᠭᠡ ᠬᠠᠷᠢᠭᠤᠯᠳᠠ ᠴᠤ ᠬᠡᠮᠡᠷ ᠵᠥᠢᠯ ᠰᠤᠷᠠᠭᠯᠠᠯ᠎ᠡ᠃

《ᠮᠠᠨ ᠤ ᠡᠨᠡ ᠬᠠᠪᠢ ᠪᠠᠷ ᠣᠤᠯ ᠨᠢ ᠠᠭᠤᠯᠠ ᠳᠦᠭᠦᠷᠡᠩ ᠨᠠᠷᠠᠰᠤᠨ ᠮᠤᠳᠤ ᠲᠡᠶ ᠪᠠᠢ᠌ᠭᠰᠠᠨ᠃ ᠬᠤᠳᠠ ᠶᠢᠨ ᠵᠠᠷᠢᠮ ᠬᠠᠭᠤᠴᠢᠨ ᠪᠠᠢ᠌ᠰᠢᠩ ᠤᠳ ᠢ ᠪᠦᠷ ᠳᠠᠷᠠ ᠮᠤᠳᠤ ᠪᠠᠷ ᠪᠠᠷᠢᠭᠰᠠᠨ ᠭᠡᠵᠤ ᠠᠬᠠᠮᠠᠤᠨ ᠭᠦᠮᠤᠨ ᠭᠡᠯᠡᠳᠡᠭ᠌》ᠭᠡᠵᠤ ᠭᠡᠯᠡᠪᠡ᠃ ᠡᠮᠦᠨ᠎ᠡ ᠠᠭᠤᠯᠠ ᠶᠢᠨ ᠨᠠᠷᠠᠰᠤ ᠭᠡᠨ᠎ᠡ ︖ ᠡᠮᠦᠨ᠎ᠡ ᠠᠭᠤᠯᠠᠨ ᠳᠤ ᠨᠠᠷᠠᠰᠤ ᠪᠠᠢ᠌ᠭᠰᠠᠨ ᠶᠤᠮ ᠦᠦ︖ ᠳᠠᠷᠠ ᠨᠢ ᠳᠡᠭᠡᠭᠡᠤᠨ ᠭᠡᠳᠤᠨ ᠵᠢᠯ ᠤᠨ ᠡᠮᠦᠨᠡᠭᠢ ᠣᠴᠢᠷ ᠶᠤᠮ ᠪᠣᠢ ︖ ᠣᠳᠤ ᠪᠠᠰᠠ ᠪᠠᠢ᠌ᠨ᠎ᠠ ᠦᠦ︖ ᠭᠡᠵᠤ ᠯᠠᠪᠯᠠᠨ ᠠᠰᠠᠭᠤᠯ᠎ᠠ᠃

《ᠪᠠᠷᠤᠭ ᠭᠤᠴᠢ ᠳᠦᠴᠢᠨ ᠵᠢᠯ ᠤᠨ ᠡᠮᠦᠨᠡᠭᠢ ᠬᠠᠭᠤᠴᠢᠨ ᠪᠠᠢ᠌ᠰᠢᠩ ᠢ ᠴᠤ ᠪᠦᠷ ᠳᠠᠷᠠ ᠨᠠᠷᠠᠰᠤᠨ ᠮᠤᠳᠤ ᠪᠠᠷ ᠪᠠᠷᠢᠭᠰᠠᠨ ᠪᠠᠢ᠌ᠯᠭᠦᠢ᠃ ᠭᠡᠪᠠᠴᠤ᠂ ᠰᠤᠶᠤᠯ ᠤᠨ ᠬᠤᠪᠢᠰᠬᠠᠯ ᠤᠨ ᠳᠠᠷᠠᠭ᠎ᠠ ᠨᠢᠭᠡ ᠴᠤ ᠥᠯᠡᠳᠡᠭᠡᠭ᠍ᠰᠡᠨ ᠦᠭᠡᠶ》ᠭᠡᠪᠡ᠃ ᠭᠡᠯᠡᠭ᠍ᠰᠡᠨ ᠭᠦᠮᠤᠨ ᠤ ᠴᠢᠷᠠᠢ ᠡᠪᠭᠦᠢ᠌ᠷᠡᠵᠤ᠂ ᠥᠭᠡ ᠪᠠᠨ ᠰᠢᠯᠵᠢᠭᠦᠯᠭᠦ ᠳᠤ ᠪᠢ ᠴᠤ ᠳᠤᠭᠤᠢ ᠪᠣᠯᠤᠯ᠎ᠠ᠃ ᠳᠡᠷᠭᠡ ᠪᠠᠰᠠ ᠯᠠ ᠣᠷᠤᠭᠰᠢᠯᠠᠭᠰᠠᠭᠠᠷ᠃ ᠨᠢᠩᠴᠸᠩ᠂ ᠭᠡᠰᠢᠭ᠍ᠳᠡᠨ ᠡᠴᠡ ᠨᠠᠯᠢᠶᠠᠤᠨ ᠬᠤᠯᠠ ᠶᠤᠮ ᠪᠠᠢ᠌ᠨ᠎ᠠ᠃ ᠪᠢ ᠡᠨᠡ ᠪᠠᠢ᠌ᠳᠠᠯ ᠢ ᠳᠣᠢ᠌ᠯ ᠤᠨ ᠰᠠᠢ᠌ᠨ ᠣᠢ᠌ᠯᠠᠭᠠᠯ᠎ᠠ᠃ ᠡᠵᠢ ᠶᠢᠨ ᠮᠢᠨᠢ ᠮᠥᠷᠦᠭᠡᠳᠦᠯ ᠳ᠋ᠠᠭᠢ ᠠᠩᠭᠢᠯᠤᠮ᠎ᠠ ᠰᠠᠢ᠌ᠬᠠᠨ ᠣᠢ ᠮᠤᠳᠤ᠂ ᠨᠤᠮ ᠰᠤᠳᠤᠷ ᠲᠤ ᠳᠡᠮᠳᠡᠭᠯᠡᠭ᠍ᠰᠡᠨ ᠬᠠᠢ᠌ᠯᠠᠰᠤ᠂ ᠥᠭᠡᠷ ᠠᠷᠴᠠ᠂ ᠨᠠᠷᠠᠰᠤ᠂ ᠣᠳᠠ ᠨᠤᠭᠤᠳ ᠢᠭᠴᠢ ᠪᠦᠷᠭᠦᠭ᠍ᠰᠡᠨ ᠳᠡᠭᠦᠰ ᠦᠵᠡᠮᠵᠢ ᠭᠢᠭᠡᠤᠨ ᠳᠡᠦᠭᠡᠨ ᠳᠤ ᠭᠦᠷ ᠭᠦᠭ᠍ᠵᠢᠶᠡᠨ ᠲᠡᠶ ᠠᠵᠤ ᠲᠦᠷᠦᠨ ᠪᠠᠢ᠌ᠭᠰᠠᠨ ᠨᠠᠷᠠᠰᠤᠳᠠᠢ ᠨᠤᠳᠤᠭ ᠨᠢᠭᠡᠡᠳᠡ ᠬᠠᠯᠢᠨ ᠣᠤᠠᠴᠤ᠂ ᠵᠡᠭᠦᠳᠤ ᠵᠡᠷᠭᠡᠯᠭᠡᠨ ᠮᠠᠳᠤ ᠪᠣᠯᠵᠠᠢ᠃ ᠪᠣᠳᠠᠳᠤ ᠳᠦᠷᠰᠦ ᠪᠠᠢ᠌ᠳᠠᠯ ᠨᠢ ᠡᠵᠢ ᠶᠢᠨ ᠵᠡᠭᠦᠳᠤᠨ ᠡᠴᠡ ᠴᠤᠬᠤᠮ ᠥᠭᠡᠷ᠎ᠡ ᠪᠣᠯᠵᠤ᠂ ᠳᠠᠷᠠ ᠵᠡᠭᠦᠳᠤ ᠦᠵᠡᠮᠵᠢ ᠨᠢᠭᠡᠡᠳᠡ ᠡᠷᠭᠢᠵᠤ ᠢᠷᠡᠭᠦ ᠪᠠᠨ ᠪᠣᠯᠢᠵᠤ ᠣᠯᠠᠮ ᠳᠦᠷᠭᠡᠨ ᠬᠤᠷᠳᠤᠴᠠ ᠪᠠᠷ ᠣᠯᠠᠮ ᠪᠦᠷ ᠬᠤᠯᠠᠳᠤᠨ ᠣᠤᠠᠴᠠᠢ᠃ ᠣᠷᠢᠳᠤᠭᠢ ᠵᠠᠮ ᠡᠯᠦᠢ ᠪᠠᠯᠠᠢ᠂ ᠨᠠᠮᠠ‍ᠶ᠋‍ᠢ᠌ ᠬᠠᠮᠢᠭᠠᠰᠢ ᠭᠦᠳᠦᠯᠭᠦ ᠶᠢ ᠶᠠᠭᠠᠭᠢᠵᠤ ᠮᠡᠳᠡᠭᠦ ᠪᠣᠢ᠃ ᠮᠢᠩᠭ᠋ᠠᠨ ᠭᠠᠵᠠᠷ ᠤᠨ ᠨᠠᠷᠠᠰᠤᠨ ᠣᠢ ᠶᠢ ᠮᠢᠩᠭ᠋ᠠᠨ ᠵᠢᠯ ᠤᠨ ᠬᠤᠭᠤᠴᠠᠭᠠᠨ ᠳᠤ ᠭᠤᠷᠪᠠᠨ ᠵᠠᠭᠤᠨ ᠭᠠᠵᠠᠷ ᠬᠤᠷᠤᠭᠳᠠᠭᠤᠯᠵᠤ ᠪᠠᠢ᠌ᠬᠤ ᠳᠤ ᠠᠭᠢᠭᠠᠤᠨ ᠵᠥᠪᠭᠡᠨ ᠬᠤᠷᠢ ᠭᠤᠴᠢᠭᠠᠤᠠᠬᠠᠨ ᠵᠢᠯ ᠤᠨ ᠳᠤᠳᠤᠷ᠎ᠠ ᠦᠨᠦ ᠭᠤᠷᠪᠠᠨ ᠵᠠᠭᠤᠨ ᠭᠠᠵᠠᠷ ᠤᠨ ᠨᠠᠷᠠᠰᠤᠨ ᠮᠤᠳᠤ ᠶᠢ ᠦᠨᠳᠦᠰᠦ ᠪᠠᠷ ᠨᠢ ᠪᠣᠯᠭᠤᠯᠵᠤ ᠣᠷᠤ ᠮᠦᠷ ᠦᠭᠡᠶ ᠪᠣᠯᠭᠠᠵᠠᠢ᠃ ᠣᠤᠯ ᠨᠢ ᠡᠨᠡ ᠪᠦᠷ ᠵᠠᠢ᠌ᠯᠠᠵᠤ ᠪᠣᠯᠤᠰᠢ ᠦᠭᠡᠶ ᠶᠠᠭᠤᠮ᠎ᠠ ᠪᠠᠢ᠌ᠭᠰᠠᠨ ᠪᠠᠢ᠌ᠨ᠎ᠠ ᠳ᠋ᠠ᠃

《ᠴᠢ ᠳᠡᠳᠡᠭᠡᠷ ᠭᠢᠳᠠᠤᠨ ᠭᠦᠮᠤᠨ ᠳᠤ ᠬᠤᠷᠤᠰᠳᠠᠭ ᠦᠦ︖》 ᠭᠡᠵᠤ L ᠭᠡᠨᠡᠳᠳᠡ ᠨᠠᠳᠠ ᠡᠴᠡ ᠠᠰᠠᠭᠤᠪᠠ᠃

ᠳᠠᠷᠠ ᠦᠶ᠎ᠡ ᠳᠤ ᠪᠢ ᠨᠢᠭᠡᠡᠳᠡ ᠮᠤᠩᠭ᠋ᠤᠯ ᠡᠴᠡ ᠳᠠᠢ᠌ᠸᠠᠨ ᠳᠤ ᠪᠠᠨ ᠪᠣᠴᠠᠭᠰᠠᠨ ᠪᠠᠢ᠌ᠪᠠ᠃ L ᠭᠡᠦᠭᠡᠤᠨ ᠲᠡᠶ ᠪᠠᠨ ᠴᠤᠭ ᠭᠧᠷᠮᠡᠨ ᠡᠴᠡ ᠲᠦᠷᠦᠯ ᠰᠠᠳᠤᠨ ᠶᠢᠡᠨ ᠡᠷᠭᠢᠭᠦ ᠭᠡᠵᠤ ᠢᠷᠡᠭ᠍ᠰᠡᠨ᠃ ᠬᠤᠶᠠᠭᠤᠯᠠ ᠪᠠᠨ ᠠᠭᠤᠯᠵᠠᠪᠠᠯ ᠶᠠᠷᠤ ᠳᠤ ᠪᠠᠨ ᠵᠤᠭᠤᠭ ᠣᠯᠠᠠ ᠳᠠᠢ ᠪᠠᠢ᠌ᠳᠠᠭ ᠳᠤᠯᠠ ᠪᠢ ᠨᠤᠳᠤᠭ ᠤᠨ ᠶᠢᠡᠨ ᠳᠤᠬᠠᠢ ᠳᠡᠭᠦᠨ ᠳᠤ ᠶᠠᠷᠢᠬᠤ ᠨᠢ ᠳᠠᠮᠵᠢᠭ ᠦᠭᠡᠶ ᠶᠤᠮ᠃

《ᠴᠢ ᠳᠡᠳᠡᠭᠡᠷ ᠭᠢᠳᠠᠤᠨ ᠭᠦᠮᠤᠨ ᠳᠤ ᠬᠤᠷᠤᠰᠳᠠᠭ ᠦᠦ︖ 》ᠭᠡᠵᠤ ᠳᠠᠷᠠ ᠬᠠᠯᠵᠠ ᠠᠰᠠᠭᠤᠭᠰᠠᠨ᠃ ᠪᠢᠳᠠᠨ ᠤ ᠡᠳᠡᠭᠡᠷ ᠳᠤᠮᠳᠠᠳᠤᠴᠤᠳ ᠤᠨ ᠬᠠᠷ᠎ᠠ ᠪᠠᠭ᠎ᠠ ᠡᠴᠡ ᠪᠠᠨ ᠭᠦᠷᠳᠡᠭ᠍ᠰᠡᠨ ᠭᠦᠮᠦᠵᠢᠯ ᠨᠢ ᠨᠢᠭᠡ ᠵᠣᠢ᠌ᠯ ᠤᠨ ᠦᠨᠡᠨ ᠬᠤᠳᠠᠯ᠂ ᠡᠨᠡᠷᠢᠯ ᠬᠤᠷᠤᠰᠤᠯ᠂ ᠬᠤᠷᠴᠠ ᠵᠦᠷᠢᠴᠠᠯ᠂ ᠪᠣᠷᠤᠭᠤ ᠵᠦᠪ ᠬᠤᠯᠢᠯᠳᠤᠭᠰᠠᠨ ᠭᠦᠮᠦᠵᠢᠯ ᠪᠠᠢ᠌ᠵᠠᠢ᠃ ᠳᠠᠢ᠌ᠮᠤ ᠪᠣᠯᠬᠤᠷ L ᠰᠢᠭ᠌ ᠰᠡᠷᠭᠦᠯᠡᠩ ᠡᠮᠡᠭ᠍ᠳᠡᠢ ᠴᠤ ᠦᠪᠡᠷ ᠤᠨ ᠡᠷᠭᠡ ᠦᠭᠡᠶ ᠡᠢ᠌ᠮᠤ ᠠᠰᠠᠭᠤᠯᠳᠠ ᠶᠢ ᠳᠤᠷᠠᠳᠤᠯ᠎ᠠ᠃ ᠣᠴᠢᠷ ᠨᠢ ᠡᠨᠡ ᠭᠡᠳᠤᠨ ᠠᠷᠪᠠᠨ ᠵᠢᠯ ᠶᠢᠡᠷ ᠪᠢᠳᠠᠨ ᠤ ᠪᠣᠯᠪᠠᠰᠤᠷᠠᠭᠳᠠᠭᠰᠠᠨ ᠦᠵᠡᠯ ᠰᠠᠨᠠᠭᠠᠨ ᠤ ᠣᠴᠢᠷ ᠰᠢᠯᠳᠠᠭᠠᠨ ᠶᠢᠡᠷ ᠵᠥᠢᠴᠢᠯᠡᠭᠦ ᠳᠤ ᠨᠤᠳᠤᠭ ᠢ ᠮᠢᠨᠢ ᠳᠠᠯᠭᠢᠳᠠᠭᠰᠠᠨ ᠳᠠᠷᠠ ᠭᠢᠳᠠᠳᠴᠤᠳ ᠢ ᠥᠭᠦᠨ ᠬᠤᠷᠤᠰᠪᠠᠯ ᠵᠤᠭᠢᠬᠤ ᠶᠤᠮᠰᠠᠨ᠃

ᠪᠢ ᠳᠠᠳᠠᠨ ᠢ ᠬᠤᠷᠤᠰᠴᠤ ᠪᠠᠢ᠌ᠭᠰᠠᠨ ᠨᠢ ᠮᠠᠭᠠᠤᠨ᠃ ᠭᠡᠷᠪᠡ ᠪᠢ ᠨᠤᠳᠤᠭ ᠲᠤ ᠪᠠᠨ ᠬᠠᠷᠢᠭᠰᠠᠨ ᠦᠭᠡᠶ ᠶᠤᠮ ᠦᠦ ᠡᠰᠡᠪᠠᠯ ᠨᠢᠳᠤ ᠪᠠᠷ ᠶᠢᠡᠨ ᠡᠨᠡ ᠨᠤᠳᠤᠭ ᠲᠤ ᠠᠮᠢᠳᠤᠷᠠᠵᠤ ᠪᠠᠢ᠌ᠭ᠎ᠠ ᠭᠦᠮᠦᠰ ᠢ ᠥᠵᠡᠭ᠍ᠰᠡᠨ ᠦᠭᠡᠶ ᠶᠤᠮ ᠪᠣᠯ ᠪᠢ L ᠶᠢᠨ ᠳᠠᠭᠠᠮᠠᠭᠯᠠᠭᠰᠠᠨ ᠰᠢᠭ ᠡᠳᠡᠭᠡᠷ ᠭᠢᠳᠠᠤᠨ ᠲᠤ ᠭᠢᠯᠢᠩ ᠬᠤᠷᠤᠰᠤᠯ ᠡᠪᠦᠷᠯᠡᠭᠦ ᠮᠠᠭᠠᠤᠨ᠃ ᠭᠡᠳᠡᠯ᠎ᠡ᠂ ᠪᠢ ᠮᠠᠰᠢ ᠣᠯᠠᠨ ᠵᠡᠯᠢᠭᠦᠤᠨ ᠪᠦᠭᠡᠤᠨ ᠳᠠᠴᠢᠷ ᠬᠠᠯᠴᠠᠭᠠᠢ ᠭᠦᠳᠡᠭᠡ ᠳᠤᠰᠬᠤᠨ ᠶᠢᠡᠷ ᠮᠠᠰᠢᠨ ᠶᠢᠡᠷ ᠥᠩᠭᠡᠷᠡᠭᠦ ᠳᠤ ᠪᠦᠯᠦᠭ᠌ ᠪᠦᠯᠦᠭ᠌ ᠣᠷᠤᠭᠤ ᠴᠢᠷᠠᠢ᠌ᠯᠠᠵᠤ᠂ ᠠᠯᠮᠠᠢ᠌ᠷᠠᠵᠤ ᠪᠠᠢ᠌ᠭ᠎ᠠ ᠠᠷᠠᠤᠨ ᠤᠳ ᠢ ᠬᠠᠷᠠᠭᠠᠤᠨ᠂ ᠳᠠᠷᠠ ᠪᠣᠯᠭᠠᠨ ᠤ ᠳᠠᠢ᠌ᠨ ᠳᠠᠵᠢᠨ ᠢ ᠨᠤᠮᠤᠬᠠᠨ ᠳᠠᠰᠪᠣᠷᠢᠯᠠᠵᠤ᠂ ᠠᠯᠢᠪᠠ ᠭᠠᠵᠢ ᠪᠣᠷᠤᠭᠤ ᠣᠴᠠᠷᠠᠯ ᠢ ᠡᠭᠦᠷᠭᠡᠯᠡᠨ ᠠᠳᠠᠯ᠎ᠠ ᠪᠠᠨ ᠠᠵᠤ ᠳᠦᠷᠦᠭᠦ ᠶᠢᠨ ᠳᠦᠯᠦᠭᠡ ᠵᠢᠦᠡᠭᠦᠵᠤ ᠶᠠᠪᠣᠭ᠎ᠠ ᠳᠤᠮᠳᠠᠳᠤ ᠶᠢᠨ ᠢᠷᠭᠡᠤᠨ ᠢ ᠬᠠᠷᠠᠭᠠᠤᠨ᠂ ᠪᠢ ᠶᠠᠭᠠᠭᠢᠭᠰᠠᠨ ᠴᠤ ᠳᠠᠳᠠᠨ ᠢ ᠬᠤᠷᠤᠰᠤᠨ ᠵᠠᠨᠤᠵᠤ ᠴᠢᠳᠠᠬᠤ ᠦᠭᠡᠶ ᠪᠠᠢ᠌ᠯ᠎ᠠ᠃ ᠣᠳᠤ ᠡᠨᠡ ᠭᠡᠳᠤᠨ ᠮᠦᠷ ᠥᠰᠦᠭ᠌ ᠢ ᠪᠢᠴᠢᠵᠤ ᠪᠠᠢ᠌ᠬᠤ ᠳᠤ ᠨᠢᠯᠪᠣᠰᠤ ᠮᠢᠨᠢ ᠪᠦᠮᠪᠦᠷᠢᠨ ᠣᠨᠠᠨ᠎ᠠ᠃ ᠪᠢ ᠳᠠᠰᠴᠤ ᠴᠢᠳᠠᠬᠤ ᠦᠭᠡᠶ ᠨᠢ ᠡ᠃ ᠴᠡᠭᠡᠵᠢ ᠪᠠᠭᠳᠠᠷᠠᠵᠤ ᠪᠠᠢ᠌ᠭ᠎ᠠ ᠨᠢ ᠥᠨᠡᠡᠳᠡᠭᠡᠨ ᠳᠠᠳᠠᠨᠤᠰ ᠤᠨ ᠵᠤᠪᠨᠢᠯ ᠪᠠ ᠮᠤᠬᠤᠷᠳᠠᠯ ᠤᠨ ᠠᠳᠠᠯᠢ ᠶᠤᠮ᠃ ᠳᠠᠳᠠᠨ ᠤ ᠪᠠᠢ᠌ᠷᠢ ᠡᠴᠡ ᠪᠣᠳᠤᠵᠤ ᠦᠵᠡᠶ᠎ᠠ᠂ ᠳᠡᠷᠡ ᠪᠥᠯᠥᠭ ᠬᠢᠳᠡᠳᠴᠤᠳ ᠶᠠᠳᠠᠭᠤ ᠵᠥᠳᠡᠭᠦᠤ ᠠᠮᠢᠳᠤᠷᠠᠵᠤ ᠠᠮᠢ ᠨᠠᠭᠠᠨ᠎ᠠ ᠪᠣᠯᠵᠤ ᠪᠠᠢ᠌ᠨ᠎ᠠ ᠰᠢᠤ ᠃ ᠠᠯᠤᠰ ᠭᠢᠵᠠᠭᠠᠷ ᠤᠨ ᠭᠦᠢᠳᠡᠨ ᠣᠷᠤᠨ ᠳᠤ ᠶᠠᠷᠤ ᠨᠢ ᠳᠠᠷᠢᠶᠠᠯᠠᠬᠤ ᠭᠠᠵᠠᠷ ᠳᠠᠷᠢᠶ᠎ᠠ ᠳᠠᠷᠢᠵᠤ᠂ ᠭᠦᠪᠠᠭᠡ ᠭᠢᠵᠠᠭᠠᠷ ᠨᠢ ᠣᠯᠳᠠᠬᠤ ᠦᠭᠡᠶ ᠭᠦᠳᠡᠭᠡ ᠳᠠᠯ᠎ᠠ ᠳᠤ ᠵᠥᠪᠭᠡᠨ ᠯᠠ ᠳᠠᠷᠢᠶᠠᠴᠢᠨ ᠦᠨᠳᠦᠰᠦᠳᠠᠨ ᠤ ᠵᠤᠷᠰᠢᠯ ᠶᠢᠡᠷ ᠪᠦᠭᠡᠮᠨᠡᠷᠡᠨ ᠰᠠᠭᠤᠷᠢᠰᠢᠨ᠎ᠠ᠃ ᠠᠢ᠌ᠯ ᠪᠣᠯᠭᠠᠨ ᠪᠣᠭᠤᠨᠢᠬᠠᠨ ᠰᠢᠪᠠᠷ ᠭᠡᠷᠡᠮ ᠶᠢᠡᠷ ᠬᠠᠰᠢᠶᠠᠯᠠᠵᠤ᠂ ᠰᠢᠷ᠎ᠠ ᠰᠢᠷᠤᠢ ᠪᠠᠷ ᠪᠠᠷᠢᠭᠰᠠᠨ ᠭᠡᠷᠡᠮ ᠨᠢ ᠪᠣᠭᠢᠨᠢᠳᠤᠭᠤᠯᠤᠮᠠᠷ ᠴᠤᠯᠭᠤᠢ ᠶᠢᠨ ᠣᠯᠠᠮ ᠶᠢᠡᠷ ᠣᠯᠠᠨ ᠨᠠᠷᠢᠬᠠᠨ ᠣᠷᠳᠤ ᠭᠤᠳᠤᠮᠵᠢ ᠪᠣᠯᠵᠤ᠂ ᠳᠠᠷᠠ ᠨᠢ ᠰᠤᠨᠤᠰᠤᠭᠰᠠᠭᠠᠷ ᠣᠢ᠌ᠤᠠᠬᠠᠷ ᠭᠦᠷᠦᠮᠡᠷ ᠮᠠᠰᠢ ᠣᠯᠠᠨ ᠪᠠᠯᠭᠠᠰᠤ ᠳᠤᠰᠬᠤᠨ ᠪᠣᠯᠵᠤ ᠪᠦᠷᠢᠯᠳᠦᠵᠡᠢ᠃ ᠡᠭᠦᠨ ᠢ ᠵᠢᠶᠠᠩᠨᠠᠨ ᠤ ᠣᠷᠤᠨ ᠲᠡᠶ ᠠᠳᠠᠯᠢᠤᠠᠬᠠᠬᠤ ᠳᠤ ᠱᠠᠯ ᠥᠭᠡᠷ᠎ᠡ ᠪᠠᠢ᠌ᠪᠠ᠃

ᠣᠷᠳᠤ ᠭᠤᠳᠤᠮᠵᠢ ᠪᠠ ᠵᠡᠭᠡᠯᠢ ᠶᠢᠨ ᠥᠡᠴᠦᠭ᠌ ᠲᠤ ᠳᠠᠩᠳᠠ ᠪᠠᠨ ᠣᠴᠣᠢ᠌ᠨ ᠰᠠᠭᠤᠭ᠎ᠠ ᠭᠦᠰᠢᠮᠡᠯ ᠬᠠᠷᠠᠩᠭ᠋ᠤᠢ ᠪᠠᠷ᠎ᠠ ᠬᠠᠷᠠᠭᠳᠠᠵᠤ᠂ ᠡᠮᠦᠰᠴᠤ ᠪᠠᠢ᠌ᠭ᠎ᠠ ᠬᠤᠪᠴᠠᠰᠤ ᠶᠢ ᠣᠷᠴᠢᠨ ᠳᠤᠭᠤᠷᠢᠨ ᠲᠡᠶ ᠢᠯᠭᠠᠬᠤ ᠶᠢᠨ ᠠᠷᠭ᠎ᠠ ᠦᠭᠡᠶ᠃ ᠡᠳᠡᠭᠡᠷ ᠰᠢᠷ᠎ᠠ ᠰᠢᠷᠤᠢ ᠪᠠ ᠡᠯᠡᠰᠤ ᠳᠤᠭᠤᠰᠤ ᠪᠠᠷ ᠳᠦᠭᠦᠷᠦᠭ᠍ᠰᠡᠨ ᠳᠤᠰᠬᠤᠨ ᠳᠤ ᠴᠤᠷ ᠤᠨ ᠭᠠᠭᠴᠠ ᠰᠤᠷᠭᠤᠭ ᠥᠩᠭᠡ ᠨᠢ ᠪᠠᠷᠤᠭ ᠵᠢᠵᠢᠭ᠌ ᠭᠤᠸᠠᠩᠵᠠᠨ ᠤ ᠡᠭᠦᠳᠡᠨ ᠡᠮᠦᠨ᠎ᠡ ᠡᠯᠭᠦᠭ᠍ᠰᠡᠨ ᠳᠠᠷᠴᠤᠭ ᠪᠣᠯᠤᠨ᠎ᠠ᠃ ᠳᠤᠤᠷ᠎ᠠ ᠪᠠᠨ ᠴᠠᠴᠤᠭ ᠲᠡᠶ ᠳᠡᠭᠡᠭᠦᠷ ᠶᠢᠡᠨ ᠣᠯᠠᠭᠠᠨ ᠪᠤᠰ ᠶᠢᠡᠷ ᠳᠤᠭᠤᠷᠢᠭᠤᠯᠤᠭᠰᠠᠨ ᠳᠤᠭᠤᠢ ᠭᠡᠯᠪᠠᠷᠢᠳᠡᠢ᠂ ᠡᠭᠦᠨ ᠢ ᠪᠠᠨ ᠵᠠᠷᠢᠮ ᠨᠢ ᠬᠤᠯᠤᠰᠤᠨ ᠳᠤ ᠡᠯᠭᠦᠵᠤ ᠵᠠᠮ ᠤᠨ ᠬᠠᠵᠠᠭᠤ ᠳᠤ ᠪᠣᠰᠬᠠᠵᠤ᠂ ᠵᠠᠷᠢᠮ ᠨᠢ ᠭᠤᠸᠠᠩᠵᠠᠨ ᠤ ᠣᠢ᠌ᠷᠠᠯᠴᠠᠭ᠎ᠠ ᠮᠤᠳᠤᠨ ᠰᠠᠯᠠᠭᠠᠨ ᠳᠤ ᠡᠯᠭᠦᠭ᠍ᠰᠡᠨ ᠪᠠᠢ᠌ᠳᠠᠭ᠃ ᠵᠠᠷᠢᠮ ᠤᠨ ᠭᠢᠨᠢ ᠪᠦᠰ ᠰᠢᠨ᠎ᠠ᠂ ᠨᠢᠳᠤ ᠪᠣᠯᠢᠶᠠᠮ᠎ᠠ ᠣᠯᠠᠭᠠᠨ ᠪᠠᠢ᠌ᠬᠤ ᠨᠢ ᠬᠤᠯᠠ ᠡᠴᠡ ᠬᠠᠷᠠᠭᠳᠠᠳᠠᠭ᠃ ᠳᠠᠷᠴᠠᠭ ᠤᠨ ᠳᠤᠤᠷ᠎ᠠ ᠯᠠᠪᠳᠠᠢ ᠵᠢᠵᠢᠭ᠌ᠬᠡᠨ ᠭᠠᠯ ᠳᠤᠭᠤᠭᠠᠨ ᠭᠡᠷ ᠪᠣᠢ ᠭᠡᠵᠤ ᠮᠡᠳᠡᠭ᠍ᠳᠡᠨ᠎ᠡ᠃ ᠵᠠᠷᠢᠮ ᠨᠢ ᠪᠠᠰᠠ ᠡᠭᠦᠳᠡᠨ ᠳᠡᠭᠡᠷ᠎ᠡ ᠪᠠᠨ ᠵᠢᠷᠤᠭ ᠲᠡᠶ ᠫᠠᠢ᠌ᠰᠠ ᠡᠯᠭᠦᠭᠡᠤᠨ ᠳᠡᠭᠡᠷ᠎ᠡ ᠨᠢ《ᠰᠸᠴᠤᠸᠠᠨ ᠤ ᠬᠤᠭᠤᠯᠠ》ᠪᠣᠶᠤ《 ᠭᠤᠸᠠᠩᠵᠸᠤ ᠶᠢᠨ ᠬᠠᠭᠤᠷᠠᠯᠭ᠎ᠠ》ᠭᠡᠵᠤ ᠪᠢᠴᠢᠭ᠍ᠰᠡᠨ ᠪᠠᠢ᠌ᠨ᠎ᠠ᠃ ᠣᠷᠢᠳᠤᠭᠢ ᠵᠠᠮ ᠪᠦᠦᠷ ᠳᠦᠦᠷ ᠂ ᠣᠯᠠᠨ ᠣᠴᠢᠷ ᠢ ᠳᠤᠳᠤᠤᠠᠬᠠᠬᠤ ᠶᠢᠨ ᠠᠷᠠᠭ᠎ᠠ ᠦᠭᠡᠶ ᠭᠡᠯ᠎ᠡ ᠴᠤ ᠳᠠᠠᠳᠠ ᠴᠤᠷ ᠤᠨ ᠭᠠᠭᠴᠠ ᠳᠤᠳᠤᠷᠠᠭᠤᠯᠵᠤ ᠪᠣᠯᠬᠤ ᠨᠢ ᠭᠢᠵᠠᠭᠠᠷ ᠣᠷᠤᠨ ᠤ ᠡᠪᠦᠯ ᠤᠨ ᠬᠠᠭᠢᠷ ᠭᠦᠢᠳᠡᠨ ᠪᠠᠯᠭᠠᠰᠤᠨ ᠳᠤ ᠨᠢᠭᠡ ᠫᠢᠯᠠ ᠭᠤᠸᠩᠵᠸᠤ ᠶᠢᠨ ᠬᠠᠭᠤᠷᠠᠯᠭ᠎ᠠ ᠬᠤᠳᠠᠯᠳᠤᠵᠤ ᠪᠠᠢ᠌ᠭ᠎ᠠ ᠭᠦᠮᠤᠨ ᠴᠤ ᠪᠣᠯᠤᠭ᠂ ᠬᠠᠭᠤᠷᠠᠯᠭ᠎ᠠ ᠢᠳᠡᠭ᠍ᠰᠡᠨ ᠣᠢ᠌ᠷ᠎ᠠ ᠬᠠᠪᠢ ᠶᠢᠨ ᠭᠦᠮᠤᠨ ᠴᠤ ᠪᠣᠯᠤᠭ᠂ ᠠᠯᠢ ᠨᠢ ᠴᠤ ᠨᠢᠭᠡ ᠨᠠᠰᠤᠨ ᠳᠤ ᠪᠠᠨ ᠪᠠᠷᠤᠭ ᠭᠤᠸᠩᠵᠸᠤ ᠳᠤ ᠣᠴᠢᠬᠤ ᠪᠣᠯᠤᠯᠴᠠᠭ᠎ᠠ ᠦᠭᠡᠶ ᠪᠣᠯᠵᠠᠢ᠃

ᠭᠦᠮᠤᠨ ᠤ ᠨᠢᠭᠡ ᠨᠠᠰᠤᠨ ᠢ ᠥᠭᠡᠢ᠌ᠭᠢᠭᠦ ᠳᠤ ᠥᠨᠡᠡᠳᠡᠭᠡᠨ ᠳᠠᠢ᠌ᠮᠤ ᠭᠢᠯᠪᠠᠷᠬᠠᠨ ᠪᠢᠰᠢ᠂ ᠭᠡᠳᠡᠯ᠎ᠡ ᠡᠢ᠌ᠮᠤ ᠱᠠᠯ ᠳᠠᠮᠠᠢ ᠴᠠᠭ ᠦᠶ᠎ᠡ ᠳᠤ ᠳᠡᠷᠡ ᠪᠥᠯᠥᠭ ᠬᠢᠳᠡᠳᠴᠤᠳ ᠨᠢᠭᠡ ᠨᠠᠰᠤ ᠥᠭᠡᠢ᠌ᠭᠢᠭᠦ ᠳᠤ ᠠᠯᠠᠭ᠎ᠠ ᠣᠷᠪᠠᠭᠤᠯᠬᠤ ᠮᠠᠳᠤ ᠭᠢᠯᠪᠠᠷ ᠶᠤᠮ ᠪᠠᠢ᠌ᠨ᠎ᠠ᠃ ᠭᠠᠬᠴᠡ ᠨᠢᠭᠡ ᠣᠳᠤᠷᠢᠳᠤᠭᠠᠴᠢ ᠪᠠ ᠵᠥᠴᠦᠭᠡ ᠶᠢᠨ ᠵᠤᠬᠢᠶᠠᠯᠴᠢ ᠨᠠᠷ᠎ᠠ ᠶᠢᠨ ᠵᠢᠬᠰᠠᠭᠠᠯᠳᠠ ᠭᠠᠷᠭᠠᠭᠠᠤᠨ ᠨᠢᠭᠡ ᠨᠢᠭᠡ ᠪᠠᠷ ᠨᠢ ᠳᠠᠭᠤᠳᠠᠳᠠᠭ ᠶᠤᠮ ᠪᠣᠯ ᠳᠠᠳᠠ ᠬᠣᠢ᠌ᠨ᠎ᠠ ᠬᠣᠢ᠌ᠨ᠎ᠠ ᠡᠴᠡ ᠪᠠᠨ《ᠵᠠ》ᠭᠡᠵᠤ ᠳᠠᠢ᠌ᠰᠠᠨ ᠳᠤ ᠭᠠᠷᠴᠤ᠂ ᠨᠢᠭᠡ ᠰᠠᠯᠵᠤ ᠪᠣᠳᠠᠷᠠᠵᠤ᠂ ᠡ᠊ᠨᠦᠯᠡᠵᠤ ᠰᠢᠨᠠᠯᠭᠠᠭᠰᠠᠨ ᠭᠤᠨᠢᠭᠳᠤ ᠵᠥᠴᠦᠭᠡ ᠳᠤᠭᠯᠠᠭᠠᠤᠨ᠂ ᠴᠢᠮᠡᠭᠡ ᠦᠭᠡᠶ ᠳᠠᠢ᠌ᠰᠠᠨ ᠡᠴᠡ ᠪᠠᠭᠤᠵᠤ ᠂ ᠨᠤᠳᠤᠭ ᠡᠴᠡ ᠪᠠᠨ ᠮᠢᠩᠭ᠋᠎ᠠ ᠲᠦᠮᠡᠨ ᠭᠠᠵᠠᠷ ᠠᠯᠤᠰ ᠳᠠᠰᠭᠢᠮ᠎ᠠ ᠭᠦᠢᠳᠡᠨ ᠭᠠᠵᠠᠷ ᠲᠤ ᠨᠥᠭ᠍ᠴᠢᠵᠤ ᠠᠷᠢᠯᠤᠨ᠎ᠠ᠃ ᠭᠡᠨ ᠴᠤ ᠭᠡᠰᠡᠨ ᠡᠢ᠌ᠮᠤ ᠭᠦᠮᠦᠰ ᠲᠤ ᠬᠤᠷᠤᠰᠬᠤ ᠶᠢᠨ ᠠᠷᠭ᠎ᠠ ᠦᠭᠡᠶ ᠰᠢᠤ᠃《ᠪᠢ ᠳᠠᠳᠠᠨ ᠳᠤ ᠬᠤᠷᠤᠰᠬᠤ ᠦᠭᠡᠶ᠂ ᠬᠠᠷᠢᠨ ᠡᠨᠡ ᠱᠠᠯ ᠳᠠᠮᠠᠢ ᠴᠠᠭ ᠦᠶ᠎ᠡ ᠳᠤ ᠯᠠ ᠬᠤᠷᠤᠰᠤᠨ᠎ᠠ ︕ 》 ᠳᠠᠷᠠ ᠡᠳᠦᠷ ᠳᠠᠢ᠌ᠪᠧᠢ ᠳᠤ ᠠᠭᠤᠯᠵᠠᠭᠠᠤᠨ ᠢᠩᠭᠢᠵᠤ ᠬᠠᠷᠢᠭᠤᠯᠤᠯ᠎ᠠ᠃ ᠳᠡᠭᠡᠭᠦ ᠳᠤ ᠵᠡᠯᠢᠭᠦᠤᠨ ᠪᠦᠭᠡᠤᠨ ᠮᠤᠬᠤᠷᠳᠠᠭᠰᠠᠨ ᠰᠤᠨᠭᠢᠭ᠍ᠳᠡᠯ ᠳᠠᠭᠢᠭᠠᠤᠨ ᠰᠡᠳᠬᠢᠯ ᠵᠢᠷᠤᠬᠡᠨ ᠳᠤ ᠨᠡᠪᠴᠢᠨ᠎ᠡ᠃ ᠥᠨᠡᠡᠳᠡᠭᠡᠨ ᠭᠡᠴᠢᠨᠡᠨ ᠬᠤᠷᠤᠰᠤᠭᠰᠠᠨ ᠴᠤ ᠬᠤᠪᠢᠷᠠᠭᠤᠯᠬᠤ ᠡᠴᠡ ᠪᠠᠨ ᠥᠩᠭᠡᠷᠡᠵᠡᠢ᠃ ᠪᠦᠭᠦ ᠶᠠᠭᠤᠮ᠎ᠠ ᠶᠡᠭᠡ ᠬᠤᠵᠢᠮᠳᠠᠵᠠᠢ᠃ ᠮᠢᠨᠤ ᠡᠵᠢ ᠪᠣᠯᠤᠨ ᠨᠠᠭᠠᠴᠤ ᠡᠮᠡᠭᠡ ᠶᠢᠨ ᠵᠡᠭᠦᠳᠤᠨ ᠳᠤ ᠬᠤᠨᠤᠭᠰᠢᠭᠰᠠᠨ ᠬᠠᠢ᠌ᠷᠠᠳᠤ ᠨᠤᠳᠤᠭ ᠨᠢ ᠬᠠᠷᠠᠩᠭ᠋ᠤᠢ ᠶᠢᠨ ᠳᠤᠮᠳᠠ ᠪᠠᠯᠠᠷᠠᠵᠤ ᠰᠠᠷᠨᠢᠪᠠ᠃ ᠰᠢᠷᠠᠮᠦᠷᠠᠨ ᠮᠦᠨ ᠳᠠᠷᠠ ᠨᠤᠳᠤᠭ ᠲᠤ ᠪᠠᠨ ᠣᠷᠤᠰᠤᠭᠰᠠᠭᠠᠷ᠃ ᠨᠠᠷᠠ ᠰᠠᠷᠠ ᠣᠳᠤ ᠮᠠᠴᠢᠤᠨ ᠮᠦᠨ ᠳᠠᠷᠠ ᠭᠡᠪ ᠶᠢᠡᠷ ᠶᠢᠡᠨ ᠭᠡᠢ᠌ᠭᠦᠯᠵᠤ ᠪᠠᠢ᠌ᠨ᠎ᠠ᠃ ᠣᠰᠤᠨ ᠤ ᠠᠷ ᠨᠢ ᠣᠷᠤᠢ ᠶᠢᠨ ᠨᠠᠷᠠᠨ ᠤ ᠰᠠᠴᠤᠷᠠᠭ ᠲᠤ ᠭᠢᠯᠳᠠᠭᠠᠨᠠᠵᠤ᠂ ᠭᠡᠳᠤᠨ ᠰᠢᠪᠠᠭᠤ ᠣᠰᠤᠨ ᠤ ᠮᠠᠠᠳᠤᠯ ᠶᠢᠡᠷ ᠰᠢᠭᠦᠷᠡᠨ ᠥᠩᠭᠡᠷᠡᠨ᠎ᠡ᠃ ᠪᠢ ᠮᠦᠷᠠᠨ ᠤ ᠭᠦᠪᠠᠭᠡᠨ ᠳᠤ ᠵᠤᠭᠰᠤᠬᠤ ᠳᠤ ᠶᠠᠮᠠᠷ ᠨᠢᠭᠡ ᠭᠦᠮᠤᠨ ᠨᠠᠮᠠᠭᠤᠬᠠᠨ ᠳᠠᠭᠤᠯᠠᠬᠤ ᠰᠢᠭ ᠰᠤᠨᠤᠰᠳᠠᠵᠤ᠂ ᠶᠠᠭ ᠯᠠ ᠪᠠᠭ᠎ᠠ ᠨᠠᠰᠤᠨ ᠳᠤ ᠨᠠᠭᠠᠴᠤ ᠡᠮᠡᠭᠡ ᠮᠢᠨᠢ ᠨᠠᠮᠠ‍ᠶ᠋‍ᠢ᠌ ᠡᠯᠢᠭᠡᠨ ᠳᠤ ᠪᠠᠨ ᠳᠠᠪᠠᠷᠢᠨ ᠭᠦᠩᠭᠡᠭᠡᠨ ᠠᠶᠠᠯᠠᠭᠤᠯᠳᠠᠭ ᠳᠠᠷᠠ ᠨᠢᠭᠡ ᠮᠤᠩᠭ᠋ᠤᠯ ᠳᠠᠭᠤᠤ ᠰᠢᠭ ᠪᠠᠢ᠌ᠯ᠎ᠠ᠃

ᠭᠠᠯᠠᠭᠤ ᠰᠢᠪᠠᠭᠤ ᠣᠮᠠᠷᠠᠰᠢ ᠪᠣᠴᠠᠯ᠎ᠠ

ᠮᠢᠨᠤ ᠨᠤᠳᠤᠭ ᠠᠯᠤᠰ ᠲᠤ ᠪᠠᠢ᠌ᠭᠰᠠᠭᠠᠷ ᠁

ᠦᠳᠡᠰᠢ ᠶᠢᠨ ᠭᠦᠰᠢᠭᠡ ᠳᠠᠳᠠᠭᠳᠠᠵᠤ᠂ ᠪᠢ ᠰᠢᠷᠠᠮᠦᠷᠠᠨ ᠤ ᠭᠦᠪᠠᠭᠡᠨ ᠳᠤ ᠵᠤᠭᠰᠤᠭᠠᠤᠨ ᠣᠷᠣᠢ᠌ᠳᠠᠭᠰᠠᠨ ᠭᠡᠳᠡᠭ᠌ ᠶᠢᠡᠨ ᠮᠠᠳᠠᠯ᠎ᠠ᠃ ᠮᠢᠩᠭ᠋ᠠᠨ ᠭᠠᠵᠠᠷ ᠳᠤᠭᠤᠯᠤᠭᠠᠤᠨ ᠢᠷᠡᠭ᠍ᠰᠡᠨ ᠮᠢᠨᠢ ᠣᠭ ᠨᠢ ᠠᠶᠠᠷᠯᠠᠬᠤ ᠶᠢᠨ ᠳᠦᠯᠦᠭᠡ ᠢᠷᠠᠵᠤ ᠯᠠ ᠳ᠋ᠠ ᠭᠡᠳᠡᠭ᠌ ᠶᠢᠡᠨ ᠰᠠ‍ᠶ᠋‍ᠢ᠌ ᠮᠠᠳᠠᠯ᠎ᠠ᠃ ᠠᠩᠭᠢᠯᠤᠮ᠎ᠠ ᠰᠠᠢ᠌ᠬᠠᠨ ᠦᠨᠦᠷ ᠲᠡᠶ ᠣᠶᠠᠨ ᠵᠥᠭᠡᠯᠡᠨ᠂ ᠥᠵᠡᠰᠭᠦᠯᠡᠩ ᠪᠢᠯᠬᠠᠭᠰᠠᠨ ᠦᠨᠦᠭᠢ ᠮᠥᠷᠦᠭᠡᠳᠦᠯ ᠡᠴᠡ ᠦᠨᠢᠳᠠ ᠬᠠᠭᠠᠴᠠᠯ᠎ᠠ ︕ ᠨᠠᠷᠠ ᠰᠠᠷᠠ ᠭᠡᠢ᠌ᠭ᠍ᠰᠡᠨ ᠮᠢᠩᠭ᠋ᠠᠨ ᠭᠠᠵᠠᠷ ᠤᠨ ᠨᠠᠷᠠᠰᠤ ᠲᠡᠶ ᠨᠤᠳᠤᠭ ᠡᠴᠡ ᠦᠨᠢᠳᠠ ᠬᠠᠭᠠᠴᠠᠯ᠎ᠠ ︕ ᠰᠠᠤᠠᠭᠢᠯ ᠤᠨ ᠮᠢᠨᠢ ᠨᠠᠷᠠᠰᠤ ᠲᠡᠶ ᠨᠤᠳᠤᠭ ᠡᠴᠡ ᠦᠨᠢᠳᠠ ᠬᠠᠭᠠᠴᠠᠯ᠎ᠠ ︕


( ᠬᠠᠰᠪᠢᠯᠢᠭ᠌ ᠮᠤᠩᠭ᠋ᠤᠯᠴᠢᠯᠠᠪᠠ) 《ᠦᠨᠢᠷ ᠴᠡᠴᠡᠭ》 ᠰᠡᠳᠬᠦᠯ ᠡᠴᠡ ᠰᠢᠯᠵᠢᠭᠦᠯᠪᠡ


ᠵᠤᠬᠢᠶᠠᠭᠴᠢ᠄ ᠰᠢ᠊ · ᠮᠦᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 28102
ᠴᠠᠭ᠄ 2009 ᠤᠨ ᠤ 06 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ