QQ ᠳ᠋ᠤᠭᠠᠷ

ᠮᠢᠨᠤ ᠳᠠᠨᠢᠳᠠᠭ ᠨᠢᠭᠡᠨ ᠪᠦᠰᠡᠭᠦᠢ

ᠮᠠᠰᠢ ᠳᠤᠷᠠᠳᠠᠢ ᠵᠤᠭᠤᠭᠳᠠᠨ᠎ᠠ ᠭᠡᠳᠡᠭ᠌

ᠭᠡᠨᠡᠳᠲᠡ ᠨᠢᠭᠡ ᠡᠳᠦᠷ ᠰᠤᠷᠠᠭ ᠢᠷᠡᠭᠦᠯᠡᠷ

ᠭᠡᠵᠢᠭᠡᠳᠡᠵᠤ ᠠᠪᠣᠭᠠᠤᠨ ᠶᠠᠷᠢᠯᠴᠠᠯ᠎ᠠ ᠭᠡᠳᠡᠭ᠌

ᠣᠷᠤᠭ ᠭᠡᠷ ᠠᠮᠢᠳᠤᠷᠠᠯ ᠡᠴᠠ ᠡᠭᠢᠯᠡᠨ

ᠣᠯᠠᠭᠠᠨ ᠵᠢᠷᠦᠭᠡ ᠪᠠᠨ ᠠᠭᠤᠳᠠᠯᠠᠮᠠᠷ

ᠣᠷᠪᠠᠨ ᠭᠦᠷᠪᠠᠨ ᠣᠷᠤᠨ ᠵᠠᠢ ᠦᠭᠡᠶ

ᠣᠯᠠᠨ ᠬᠤᠨᠤᠭ ᠵᠤᠭᠤᠭᠳᠠᠯ᠎ᠠ ᠭᠡᠳᠡᠭ᠌

ᠡᠴᠦᠰ ᠰᠡᠭᠦᠯ ᠳᠤ ᠨᠥᠭᠦᠭᠡ ᠡᠳᠡᠭᠡᠳ ᠡᠴᠠ

ᠡᠪ ᠶᠢᠡᠷ ᠠᠨᠠᠢ ᠴᠢᠮᠡᠭᠡ ᠳᠤᠭᠤᠯᠭᠠᠯ᠎ᠠ ᠭᠡᠳᠡᠭ᠌᠄

《  ᠪᠠᠷᠭᠡᠨ ᠡ᠂ ᠣᠳᠤ ᠳᠤᠭᠯᠠᠬᠤ ᠪᠠᠨ ᠪᠣᠯᠢᠶ᠎ᠠ

ᠪᠦᠪᠠᠢ ᠠᠴᠢ ᠡᠴᠠ ᠳ᠋ᠤᠭᠠᠷ ᠢ ᠴᠢᠨᠢ ᠠᠪᠣᠭᠰᠠᠨ ᠶᠤᠮ

ᠪᠠᠷᠭᠡ ᠴᠠᠭ ᠲᠤ ᠭᠢᠳᠠᠯ ᠥᠭᠡᠢ᠌ᠳᠡᠵᠤ

ᠪᠠᠷᠭᠡᠨ ᠳᠠᠨ ᠲᠡᠶ ᠱᠤᠭᠯᠠᠭᠰᠠᠨ ᠶᠤᠮ》  ᠭᠡᠵᠤ

ᠬᠠᠳᠠᠮ ᠳᠡᠭᠦᠤ ᠨᠢ ᠬᠠᠷᠢᠭᠤᠯᠤᠯ᠎ᠠ ᠭᠡᠳᠡᠭ᠌

ᠬᠠᠬᠠᠵᠤ ᠪᠦᠰᠡᠭᠦᠢ ᠠᠯᠮᠠᠢ᠌ᠷᠠᠯ᠎ᠠ ᠭᠡᠳᠡᠭ᠌   ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2452
ᠴᠠᠭ᠄ 2011 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ