ᠪᠢ ᠮᠤᠩᠭ᠋ᠤᠯ ᠶᠢᠡᠷ ᠵᠢᠠᠨ

ᠠᠯᠳᠠᠨ ᠳᠡᠯᠡᠭᠡᠢ ᠳᠤ ᠢᠷᠡᠭᠦ ᠳᠡᠭᠡᠨ ᠪᠢ ᠮᠤᠩᠭ᠋ᠤᠯ ᠶᠢᠡᠷ ᠶᠢᠡᠨ

ᠠᠩᠭᠢᠷ ᠣᠭᠤᠷᠠᠭ ᠶᠢᠡᠨ ᠰᠢᠮᠡᠭᠦ ᠳᠡᠭᠡᠨ ᠪᠢ ᠮᠤᠩᠭ᠋ᠤᠯ ᠶᠢᠡᠷ ᠶᠢᠡᠨ

ᠠᠪᠣ ᠡᠵᠢ ᠳᠠᠭᠤᠳᠠᠬᠤ ᠳᠠᠭᠠᠨ ᠪᠢ ᠮᠤᠩᠭ᠋ᠤᠯ ᠶᠢᠡᠷ ᠶᠢᠡᠨ

ᠠᠯᠬᠤᠵᠤ ᠭᠦᠯ ᠳᠤ ᠣᠷᠤᠬᠤ ᠳᠠᠭᠠᠨ ᠮᠤᠩᠭ᠋ᠤᠯ ᠶᠢᠡᠷ ᠶᠢᠡᠨ

ᠠᠷᠠᠤᠨ ᠤᠨ ᠰᠤᠷᠭᠠᠭᠤᠯᠢ ᠶᠢᠨ ᠪᠣᠱᠤᠭ᠎ᠠ ᠶᠢ ᠠᠯᠬᠤᠬᠤ ᠳᠠᠭᠠᠨ ᠪᠢ ᠮᠤᠩᠭ᠋ᠤᠯ ᠶᠢᠡᠷ ᠶᠢᠡᠨ

ᠠᠪᠣ ᠶᠢᠨ ᠣᠢ᠌ᠯᠠᠰ ᠢ ᠵᠠᠯᠭᠠᠮᠵᠢᠯᠠᠬᠤ ᠳᠠᠭᠠᠨ ᠪᠢ ᠮᠤᠩᠭ᠋ᠤᠯ ᠶᠢᠡᠷ ᠶᠢᠡᠨ


ᠡᠩ ᠶ‍ᠢᠷᠳᠢᠠᠴᠤ ᠳᠤ ᠢᠷᠡᠭᠦ ᠳᠡᠭᠡᠨ ᠪᠢ ᠮᠤᠩᠭ᠋ᠤᠯ ᠶᠢᠡᠷ ᠶᠢᠡᠨ

ᠡᠵᠢ ᠶᠢᠨ ᠶᠢᠡᠨ ᠰᠦ᠋ ᠶᠢ ᠮᠥᠮᠦᠭᠦ ᠳᠡᠭᠡᠨ ᠪᠢ ᠮᠤᠩᠭ᠋ᠤᠯ ᠶᠢᠡᠷ ᠶᠢᠡᠨ

ᠡᠭᠢᠯᠡᠵᠤ ᠭᠡᠯᠡ ᠳᠤ ᠣᠷᠤᠬᠤ ᠳᠠᠭᠠᠨ ᠪᠢ ᠮᠤᠩᠭ᠋ᠤᠯ ᠶᠢᠡᠷ ᠶᠢᠡᠨ

ᠡᠩᠭᠡᠷ ᠤᠨ ᠳᠤᠪᠴᠢ ᠪᠠᠨ ᠳᠤᠪᠴᠢᠯᠠᠬᠤ ᠳᠠᠭᠠᠨ ᠪᠢ ᠮᠤᠩᠭ᠋ᠤᠯ ᠶᠢᠡᠷ ᠶᠢᠡᠨ

ᠡᠷᠳᠡᠮ ᠤᠨ ᠪᠣᠱᠤᠭ᠎ᠠ ᠶᠢ ᠠᠯᠬᠤᠬᠤ ᠳᠠᠭᠠᠨ ᠪᠢ ᠮᠤᠩᠭ᠋ᠤᠯ ᠶᠢᠡᠷ ᠶᠢᠡᠨ

ᠡᠷᠡᠨ ᠤ ᠣᠢ᠌ᠯᠠᠰ ᠢ ᠪᠦᠳᠦᠭᠡᠭᠦ ᠳᠡᠭᠡᠨ ᠪᠢ ᠮᠤᠩᠭ᠋ᠤᠯ ᠶᠢᠡᠷ ᠶᠢᠡᠨ


ᠢᠷᠡᠭᠦ ᠵᠠᠭᠤᠨ ᠤ ᠪᠣᠱᠤᠭ᠎ᠠ ᠶᠢ ᠠᠯᠬᠤᠬᠤ ᠳᠠᠭᠠᠨ ᠪᠢ ᠮᠤᠩᠭ᠋ᠤᠯ ᠶᠢᠡᠷ ᠶᠢᠡᠨ

ᠢᠳᠡᠭᠡᠯ ᠵᠢᠷᠤᠮ ᠢ ᠡᠷᠭᠢᠮᠯᠡᠭᠦ ᠳᠡᠭᠡᠨ ᠪᠢ ᠮᠤᠩᠭ᠋ᠤᠯ ᠶᠢᠡᠷ ᠶᠢᠡᠨ

ᠢᠳᠡᠭᠡ ᠰᠦ᠋ ᠪᠠᠨ ᠢᠳᠠᠮᠯᠠᠬᠤ ᠳᠡᠭᠡᠨ ᠪᠢ ᠮᠤᠩᠭ᠋ᠤᠯ ᠶᠢᠡᠷ ᠶᠢᠡᠨ

ᠢᠷᠦᠭᠡᠯ ᠮᠠᠭᠳᠠᠭᠠᠯ ᠶᠢᠡᠨ ᠡᠷᠭᠦᠭᠦ ᠳᠡᠭᠡᠨ ᠪᠢ ᠮᠤᠩᠭ᠋ᠤᠯ ᠶᠢᠡᠷ ᠶᠢᠡᠨ

ᠢᠷᠭᠡᠨ ᠲᠦᠮᠡᠨ ᠳᠡᠭᠡᠨ ᠥᠢᠯᠡᠴᠢᠯᠡᠭᠦ ᠳᠡᠭᠡᠨ ᠪᠢ ᠮᠤᠩᠭ᠋ᠤᠯ ᠶᠢᠡᠷ ᠶᠢᠡᠨ


ᠠᠭᠤᠯᠠ ᠪᠠᠨ ᠳᠠᠭᠤᠷᠢᠶᠠᠵᠤ ᠣᠷᠭᠤᠬᠤ ᠳᠠᠭᠠᠨ ᠰᠦᠰᠦ ᠮᠢᠨᠢ ᠮᠤᠩᠭ᠋ᠤᠯ ᠶᠢᠡᠷ ᠶᠢᠡᠨ

ᠣᠰᠤ ᠪᠠᠨ ᠳᠠᠭᠠᠵᠤ ᠳᠡᠮᠡᠤᠯᠡᠭᠦ ᠳᠡᠭᠡᠨ ᠭᠦᠰᠡᠯ ᠮᠢᠨᠢ ᠮᠤᠩᠭ᠋ᠤᠯ ᠶᠢᠡᠷ ᠶᠢᠡᠨ

ᠣᠯᠠᠷᠢᠯ ᠶᠢᠡᠨ ᠳᠠᠭᠠᠵᠤ ᠨᠡᠭᠦᠳᠡᠯᠯᠡᠭᠦ ᠳᠡᠭᠡᠨ ᠰᠤᠶᠤᠯ ᠮᠢᠨᠢ ᠮᠤᠩᠭ᠋ᠤᠯ ᠶᠢᠡᠷ ᠶᠢᠡᠨ

ᠣᠷᠭ᠎ᠠ ᠪᠠᠨ ᠳᠠᠭᠠᠵᠤ ᠭᠡᠮᠵᠢᠭᠦ ᠳᠡᠭᠡᠨ ᠣᠷᠴᠢᠯᠠᠩ ᠮᠢᠨᠢ ᠮᠤᠩᠭ᠋ᠤᠯ ᠶᠢᠡᠷ ᠶᠢᠡᠨ

ᠣᠶᠠᠭ᠎ᠠ ᠪᠠᠨ ᠳᠠᠭᠠᠵᠤ ᠦᠣᠷᠰᠡᠭᠦ ᠳᠡᠭᠡᠨ ᠭᠦᠯᠦᠭ᠌ ᠮᠢᠨᠢ ᠮᠤᠩᠭ᠋ᠤᠯ ᠶᠢᠡᠷ ᠶᠢᠡᠨ

ᠣᠷᠭᠤᠴᠠ ᠪᠠᠨ ᠳᠠᠭᠠᠵᠤ ᠭᠦᠭᠡᠷᠡᠭᠦ ᠳᠡᠭᠡᠨ ᠪᠠᠢ᠌ᠭᠠᠯᠢ ᠮᠢᠨᠢ ᠮᠤᠩᠭ᠋ᠤᠯ ᠶᠢᠡᠷ ᠶᠢᠡᠨ


ᠲ᠋ᠠᠯ᠎ᠠ ᠪᠠᠨ ᠳᠠᠭᠤᠷᠢᠶᠠᠵᠤ ᠳᠡᠨᠢ᠌ᠭᠦ ᠳᠡᠭᠡᠨ ᠴᠡᠭᠡᠵᠢ ᠮᠢᠨᠢ ᠮᠤᠩᠭ᠋ᠤᠯ ᠶᠢᠡᠷ ᠶᠢᠡᠨ

ᠳᠠᠯ᠎ᠠ ᠪᠠᠨ ᠳᠠᠮᠠᠭᠠᠯᠠᠵᠤ ᠰᠠᠭᠤᠷᠢᠰᠢᠬᠤ ᠳᠠᠭᠠᠨ ᠭᠡᠷ ᠮᠢᠨᠢ ᠮᠤᠩᠭ᠋ᠤᠯ ᠶᠢᠡᠷ ᠶᠢᠡᠨ

ᠳᠠᠭᠢᠯ ᠶᠢᠡᠨ ᠡᠷᠭᠦᠵᠤ ᠮᠦᠷᠭᠦᠭᠦ ᠳᠡᠭᠡᠨ ᠵᠠᠩᠰᠢᠯ ᠮᠢᠨᠢ ᠮᠤᠩᠭ᠋ᠤᠯ ᠶᠢᠡᠷ ᠶᠢᠡᠨ

ᠳᠠᠷᠠᠭ ᠶᠢᠡᠨ ᠢᠰᠭᠡᠵᠤ ᠭᠢᠭᠦ ᠳᠡᠭᠡᠨ ᠢᠳᠡᠭᠡ ᠮᠢᠨᠢ ᠮᠤᠩᠭ᠋ᠤᠯ ᠶᠢᠡᠷ ᠶᠢᠡᠨ

ᠳᠠᠷ ᠶᠢᠡᠨ ᠳᠠᠭᠠᠵᠤ ᠳᠠᠮᠢᠷᠵᠢᠬᠤ ᠳᠠᠭᠠᠨ ᠮᠦᠰᠤ ᠮᠢᠨᠢ ᠮᠤᠩᠭ᠋ᠤᠯ ᠶᠢᠡᠷ ᠶᠢᠡᠨ

ᠳᠠᠰᠢᠶ᠎ᠠ ᠪᠠᠨ ᠳᠠᠭᠠᠵᠤ ᠡᠮᠵᠢᠶᠡᠷᠯᠡᠭᠦ ᠳᠡᠭᠡᠨ ᠳᠠᠰᠠᠮ᠎ᠠ ᠮᠢᠨᠢ ᠮᠤᠩᠭ᠋ᠤᠯ ᠶᠢᠡᠷ ᠶᠢᠡᠨ


ᠮᠤᠩᠭ᠋ᠤᠯ ᠶᠢᠡᠷ ᠶᠢᠡᠨ᠁ ᠪᠢ ᠮᠤᠩᠭ᠋ᠤᠯ ᠶᠢᠡᠷ ᠶᠢᠡᠨ

ᠪᠠᠶ᠎ᠠ ᠡᠰ ᠮᠢᠨᠢ ᠮᠤᠩᠭ᠋ᠤᠯ ᠶᠢᠡᠷ ᠶᠢᠡᠨ

ᠪᠢᠯᠢᠭ᠌ ᠣᠬᠠᠭᠠᠨ ᠮᠢᠨᠢ ᠮᠤᠩᠭ᠋ᠤᠯ ᠶᠢᠡᠷ ᠶᠢᠡᠨ

ᠪᠢᠴᠢᠭ᠌ ᠰᠤᠶᠤᠯ ᠮᠢᠨᠢ ᠮᠤᠩᠭ᠋ᠤᠯ ᠶᠢᠡᠷ ᠶᠢᠡᠨ

ᠪᠢᠷ᠎ᠠ ᠳᠡᠩᠭᠡᠭᠡ ᠮᠢᠨᠢ ᠮᠤᠩᠭ᠋ᠤᠯ ᠶᠢᠡᠷ ᠵᠢᠠᠨ

ᠮᠤᠩᠭ᠋ᠤᠯ ᠶᠢᠡᠷ ᠶᠢᠡᠨ᠁ ᠪᠢ ᠮᠤᠩᠭ᠋ᠤᠯ ᠶᠢᠡᠷ ᠶᠢᠡᠨ

ᠠᠪᠣ ᠶᠢᠨ ᠬᠠᠢ᠌ᠷᠠᠯᠠᠭᠰᠠᠨ ᠨᠠᠷ᠎ᠠ ᠮᠢᠨᠢ ᠮᠤᠩᠭ᠋ᠤᠯ ᠶᠢᠡᠷ ᠶᠢᠡᠨ

ᠠᠭᠢᠭᠠᠤᠨ ᠳᠠᠭᠤᠷᠢᠰᠬᠤ ᠠᠯᠳᠠᠷ ᠮᠢᠨᠢ ᠮᠤᠩᠭ᠋ᠤᠯ ᠶᠢᠡᠷ ᠶᠢᠡᠨ

ᠠᠮᠰᠠᠭᠠᠤᠨ ᠣᠤᠭᠤᠬᠤ ᠣᠰᠤ ᠮᠢᠨᠢ ᠮᠤᠩᠭ᠋ᠤᠯ ᠶᠢᠡᠷ ᠶᠢᠡᠨ

ᠠᠯᠬᠤᠭᠠᠤᠨ ᠭᠦᠶ‍ᠦᠭᠦ ᠭᠦᠷᠦᠰᠤ ᠮᠢᠨᠢ ᠮᠤᠩᠭ᠋ᠤᠯ ᠶᠢᠡᠷ ᠶᠢᠡᠨ


ᠮᠤᠩᠭ᠋ᠤᠯ ᠶᠢᠡᠷ ᠶᠢᠡᠨ᠁ ᠪᠢ ᠮᠤᠩᠭ᠋ᠤᠯ ᠶᠢᠡᠷ ᠶᠢᠡᠨ

ᠡᠪᠦᠭᠡ ᠳᠡᠭᠡᠳᠦᠰ ᠡᠴᠠ ᠣᠯᠠᠮᠵᠢᠯᠠᠭᠰᠠᠨ ᠦᠪ ᠮᠢᠨᠢ ᠮᠤᠩᠭ᠋ᠤᠯ ᠶᠢᠡᠷ ᠶᠢᠡᠨ

ᠡᠵᠡᠨ ᠴᠢᠩᠭᠢᠰ ᠡᠴᠠ ᠰᠤᠷᠭᠠᠭᠰᠠᠨ ᠪᠢᠯᠢᠭ᠌ ᠮᠢᠨᠢ ᠮᠤᠩᠭ᠋ᠤᠯ ᠶᠢᠡᠷ ᠶᠢᠡᠨ

ᠡᠭᠡᠰᠢᠭ᠌ ᠳᠠᠭᠤᠤ ᠡᠴᠠ ᠣᠶᠠᠩᠭ᠋ᠠᠷᠠᠭᠰᠠᠨ ᠠᠶᠠᠯᠭᠤ ᠮᠢᠨᠢ ᠮᠤᠩᠭ᠋ᠤᠯ ᠶᠢᠡᠷ ᠶᠢᠡᠨ

ᠡᠪᠴᠢᠭᠦᠤ ᠴᠡᠭᠡᠵᠢ ᠡᠴᠠ ᠣᠠᠳᠤᠷᠤᠭᠰᠠᠨ ᠬᠠᠢ᠌ᠷ᠎ᠠ ᠮᠢᠨᠢ ᠮᠤᠩᠭ᠋ᠤᠯ ᠶᠢᠡᠷ ᠶᠢᠡᠨ

ᠡᠯᠢᠭᠡ ᠵᠢᠷᠦᠭᠡ ᠡᠴᠠ ᠣᠷᠤᠰᠤᠭᠰᠠᠨ ᠴᠢᠰᠤ ᠮᠢᠨᠢ ᠮᠤᠩᠭ᠋ᠤᠯ ᠶᠢᠡᠷ ᠶᠢᠡᠨ

ᠮᠤᠩᠭ᠋ᠤᠯ ᠶᠢᠡᠷ ᠶᠢᠡᠨ᠁ ᠪᠢ ᠮᠤᠩᠭ᠋ᠤᠯ ᠶᠢᠡᠷ ᠶᠢᠡᠨ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 7922
ᠴᠠᠭ᠄ 2013 ᠤᠨ ᠤ 06 ᠰᠠᠷ᠎ᠠ ᠶᠢᠨ 12