ᠡᠯᠢᠭᠡ ᠪᠦᠳᠤᠨ ᠦᠴᠢᠯ

ᠳᠦᠷᠤᠯ ᠰᠠᠳᠤᠨ ᠨᠠᠢ᠌ᠵᠠ ᠨᠥᠭᠦᠤᠨ ᠤᠨ ᠢᠳᠬᠠᠯ᠂ ᠰᠢᠭᠦᠭᠦ ᠬᠤᠷᠢᠶᠠᠨ ᠤ ᠡᠪᠰᠡᠯᠳᠡ ᠭᠡᠳᠤᠨ ᠵᠢᠯ ᠤᠨ ᠳᠠᠪᠵᠢᠶᠠᠨ ᠢ ᠡᠶᠡᠳᠡᠭᠦᠯᠵᠤ ᠳᠡᠢ᠌ᠯᠦᠭ᠍ᠰᠡᠨ ᠦᠭᠡᠶ᠂ ᠠᠪᠣ ᠡᠵᠢ ᠨᠢ ᠬᠠᠰᠢᠯᠠ ᠣᠷᠤᠭ ᠰᠠᠯᠪᠠ᠃ ᠬᠠᠯᠠᠭᠤᠨ ᠵᠤᠨ ᠭᠢᠷᠠᠭᠤ ᠪᠠᠭᠤᠭᠰᠠᠨ ᠭᠡᠮᠡᠷ ᠳᠡᠭᠦᠨ ᠤ ᠪᠠᠶ᠎ᠠ ᠰᠡᠳᠭᠢᠯ ᠨᠢᠭᠡᠮᠦᠰᠤᠨ ᠭᠦᠷᠦᠴᠢᠭᠡᠯ᠎ᠡ᠃

ᠠᠪᠣ ᠡᠵᠢ ᠨᠢ ᠶᠠᠭᠠᠭᠢᠭᠠᠤᠨ ᠬᠠᠮᠳᠤ ᠠᠮᠢᠳᠤᠷᠠᠵᠤ ᠴᠢᠳᠠᠬᠤ ᠦᠭᠡᠶ᠂ ᠵᠤᠯ ᠵᠢᠷᠭᠠᠯᠳᠤ ᠪᠦᠯᠢ ᠪᠠᠨ ᠳᠠᠶᠠᠭᠳᠠᠨ ᠵᠠᠪᠠᠯ ᠰᠠᠯᠵᠤ ᠪᠣᠳᠠᠷᠠᠬᠤ ᠪᠣᠯᠤᠭᠰᠠᠨ ᠢ ᠳᠠᠷᠠ ᠳᠤᠳᠤᠷᠬᠠᠢ ᠮᠡᠳᠡᠭᠦ ᠦᠭᠡᠶ᠃ ᠵᠥᠪᠭᠡᠨ ᠠᠪᠣ ᠡᠵᠢ ᠶᠢᠨ ᠶᠢᠡᠨ ᠨᠢᠳᠤᠨ ᠳᠤ ᠦᠪᠡᠷᠭᠢ ᠪᠠᠨ ᠭᠡᠴᠢᠨᠡᠨ ᠴᠢᠬᠤᠯᠠ ᠪᠠᠢ᠌ᠷᠢ ᠶᠢ ᠡᠵᠡᠯᠡᠵᠤ᠂ ᠳᠡᠭᠦᠨ ᠢ 《ᠪᠣᠯᠢᠶᠠᠯᠳᠤᠬᠤ》 ᠳᠠᠮᠠᠴᠠᠯ ᠡᠳᠦᠷ ᠳᠤᠵᠢ ᠶᠠᠪᠣᠭᠳᠠᠳᠠᠭ ᠢ ᠯᠠ ᠳᠠᠷᠠ ᠰᠠᠢ᠌ᠨ ᠮᠠᠳᠠᠨ᠎ᠡ᠃ ᠭᠡᠳᠡᠯ᠎ᠡ ᠠᠪᠣ ᠡᠵᠢ ᠨᠢ ᠭᠡᠵᠢᠶᠡᠳᠡ ᠳᠡᠭᠦᠨ ᠤ ᠪᠣᠳᠤᠯ ᠰᠡᠳᠭᠢᠯ ᠢ ᠣᠢ᠌ᠯᠠᠭᠠᠬᠤ ᠦᠭᠡᠶ ᠪᠦᠭᠡᠳ ᠰᠠᠨᠠᠭᠠᠨ ᠳᠠᠭᠠᠨ ᠠᠪᠳᠠᠭ ᠦᠭᠡᠶ ᠳᠤ 《ᠳᠠᠳᠠ ᠨᠠᠮ᠎ᠠ ᠶᠢ ᠢᠩᠭᠢᠵᠤ ᠬᠠᠢ᠌ᠷᠠᠯᠠᠳᠠᠭ ᠶᠤᠮ ᠦᠦ》 ᠭᠡᠵᠤ ᠳᠤᠩ ᠬᠠᠴᠢᠷᠬᠠᠨ ᠭᠠᠢ᠌ᠬᠠᠨ᠎ᠠ᠃

ᠭᠡᠷᠡᠭᠦᠯ ᠱᠤᠤᠭᠢᠶᠠᠨ ᠳᠠᠳᠠᠨ ᠤ ᠠᠮᠢᠳᠤᠷᠠᠯ ᠤᠨ 《ᠭᠤᠤᠯ ᠣᠷᠤᠰᠬᠠᠯ》 ᠪᠣᠯᠵᠤ ᠭᠡᠦᠭᠡᠨ ᠤ ᠵᠢᠷᠦᠭᠡᠨ ᠳᠤ ᠬᠠᠳᠠᠩᠰᠢᠵᠠᠢ᠃ ᠦᠴᠦᠭᠡᠨ ᠵᠢᠵᠢᠭ᠌ ᠣᠴᠢᠷ ᠨᠢ ᠴᠤ ᠠᠪᠣ ᠡᠵᠢ ᠶᠢᠨ ᠭᠢᠨᠢ 《ᠪᠠᠢ᠌ᠯᠳᠤᠭᠠᠨ》 ᠊ᠤ ᠰᠢᠵᠢᠮ ᠪᠣᠯᠵᠤ᠂ ᠳᠠᠷᠢ ᠶᠢᠨ ᠦᠨᠦᠷ ᠬᠠᠩᠬᠤᠯᠠᠭᠰᠠᠨ ᠥᠵᠦᠭᠦᠷ ᠭᠢᠵᠠᠭᠠᠷ ᠦᠭᠡᠶ ᠳᠠᠢ᠌ᠨ ᠨᠢ ᠭᠡᠦᠭᠡᠨ ᠳᠤ ᠠᠶᠤᠩᠭ᠋ᠤᠷᠢ ᠪᠠ ᠵᠤᠪᠠᠭᠤᠷᠢ ᠠᠪᠴᠢᠷᠠᠨ ᠰᠡᠳᠭᠢᠯ ᠰᠠᠨᠠᠭᠠᠨ ᠤ ᠳᠠᠷᠤᠭᠠᠰᠤ ᠶᠢ ᠨᠠᠩ ᠭᠦᠡᠳᠦᠷᠡᠭᠦᠯᠤᠨ᠎ᠡ᠃ ᠳᠠᠷᠠ ᠡᠨᠡᠭᠦ 《ᠪᠠᠢ᠌ᠳᠤᠯᠭᠠᠨ》 ᠳ᠋ᠤ ᠬᠠᠮᠤᠷᠠᠭᠳᠠᠨ ᠣᠷᠤᠬᠤ ᠡᠴᠠ ᠠᠶᠤᠨ᠎ᠠ᠁ ᠠᠪᠣ ᠡᠵᠢ ᠡᠴᠠ ᠰᠠᠯᠬᠤ ᠡᠴᠠ ᠠᠶᠤᠨ᠎ᠠ᠁ ᠡᠨᠡᠭᠦ ᠬᠠᠯᠠᠭᠤᠨ ᠳᠤᠯᠠᠭᠠᠨ ᠭᠡᠷ ᠪᠦᠯᠢ ᠡᠴᠠ ᠰᠠᠯᠬᠤ ᠡᠴᠠ ᠠᠶᠤᠨ᠎ᠠ᠁

《ᠭᠡᠦᠭᠡᠨ ᠡ᠂ ᠡᠵᠢ ᠠᠪᠣ ᠨᠢ ᠰᠠᠯᠪᠠᠯ ᠭᠡᠨ ᠢ ᠨᠢ ᠳᠠᠭᠠᠬᠤ ᠪᠣᠢ》 ᠭᠡᠭᠦ ᠠᠰᠠᠭᠤᠯᠳᠠ ᠪᠠᠰᠠᠯᠠ ᠳᠠᠪᠳᠠᠬᠤ ᠡᠴᠠ ᠬᠠᠯᠠᠰᠢᠷᠠᠨ᠎ᠠ᠃ ᠭᠡᠦᠭᠡᠨ ᠠᠪᠣ ᠡᠵᠢ ᠶᠢᠨ ᠶᠢᠡᠨ ᠭᠦᠰᠡᠯ ᠭᠤᠷᠢᠳᠠᠭᠰᠠᠨ 《ᠡᠨᠡᠷᠢᠩᠭᠦᠢ》 ᠬᠠᠷᠠᠴᠠ ᠡᠴᠠ ᠵᠠᠢ᠌ᠯᠠᠵᠤ ᠳᠤᠷᠤᠭᠰᠢ ᠬᠠᠷᠠᠨ ᠳᠤᠳᠤᠷ᠎ᠠ ᠪᠠᠨ 《ᠠᠪᠣ ᠡᠵᠢ ᠡ᠂ ᠳᠠᠨᠤᠰ ᠶᠠᠭᠠᠭᠢᠬᠤ ᠳᠠᠭᠠᠨ ᠡᠢ᠌ᠡᠭᠦ ᠨᠦᠰᠠᠷ ᠭᠦᠡᠳᠤ ᠠᠰᠠᠭᠤᠯᠳᠠ ᠪᠠᠷ ᠭᠡᠦᠭᠡᠨ ᠶᠢᠡᠨ ᠵᠤᠪᠠᠭᠠᠳᠠᠭ ᠶᠤᠮ ᠪᠣᠢ ︖ ᠶᠠᠭᠤᠨ ᠳᠤ ᠵᠠᠪᠠᠯ ᠮᠢᠨᠤ ᠵᠤᠭᠰᠤᠯᠳᠠ ᠰᠤᠩᠭ᠋ᠤᠯᠳᠠ ᠶᠢ ᠠᠰᠠᠭᠤᠬᠤ ᠪᠣᠢ ︖ ᠮᠢᠨᠤᠭᠢ ᠶᠢ ᠰᠤᠨᠤᠰᠬᠤ ᠶᠤᠮ ᠪᠣᠯ ᠠᠯᠢ ᠭᠡᠳᠥᠢᠨᠡᠢ ᠡᠪᠰᠡᠴᠢᠭᠡᠭ᠍ᠰᠡᠨ᠁》 ᠭᠡᠵᠤ ᠰᠠᠮ ᠪᠣᠳᠤᠳᠠᠭ᠃ ᠳᠡᠭᠡᠭᠡᠳ ᠳᠠᠷᠠ 《ᠦᠨᠡᠨᠳᠡᠭᠡᠨ ᠭᠡᠨ ᠢ ᠨᠢ ᠳᠠᠭᠠᠭᠰᠠᠨ ᠴᠤ ᠦᠷᠦᠭᠡᠰᠦᠯ ᠬᠠᠢ᠌ᠷ᠎ᠠ ᠶᠢᠨ ᠦᠷᠡᠭ᠍ᠳᠡᠯ ᠦᠨᠦᠴᠢᠨ ᠬᠡᠦᠬᠡᠳ ᠪᠣᠯᠬᠤ ᠯᠠ ᠭᠡᠷᠡᠭ᠌᠂ ᠡᠯᠢᠭᠡ ᠪᠦᠳᠤᠨ ᠬᠤᠷᠸ᠎ᠠ ᠥᠨᠡᠡᠴᠢᠭᠡᠨ ᠰᠡᠳᠭᠢᠯ ᠢ ᠮᠢᠨᠢ ᠣᠢ᠌ᠯᠠᠭᠠᠴᠢ ᠳ᠋ᠠ》 ᠭᠡᠵᠤ ᠨᠢᠯᠪᠣᠰᠤ ᠪᠠᠨ ᠠᠷᠴᠢᠨ ᠳᠠᠭᠠᠳᠬᠠᠨ᠎ᠠ᠃

ᠭᠡᠦᠭᠡᠨ ᠪᠠᠰᠠ ᠵᠠᠷᠢᠮ ᠳᠠᠭᠠᠨ ᠭᠡᠢ ᠰᠠᠳᠭᠢᠵᠤ ᠠᠮᠵᠢᠨ᠎ᠠ ᠊᠊᠊᠊᠊᠊᠊᠊᠊᠊᠊᠊᠊᠊᠊ ᠭᠡᠷᠪᠡ ᠡᠵᠢ 《ᠢᠯᠠᠪᠠᠯ》 ᠠᠪᠣ ᠲᠡᠶ ᠪᠠᠨ ᠠᠮᠢᠳᠤᠷᠠᠨ᠎ᠠ᠂ ᠭᠠᠷᠠᠭ ᠤᠨ ᠰᠡᠭᠦᠯᠴᠢ ᠪᠣᠯᠤᠭᠰᠠᠭᠠᠷ ᠡᠵᠢ ᠶᠢ ᠪᠠᠨ ᠥᠵᠡᠭᠦ ᠪᠠᠷ ᠣᠴᠢᠨ᠎ᠠ᠃ ᠭᠡᠷᠪᠡ ᠠᠪᠣ 《ᠢᠯᠠᠪᠠᠯ》 ᠡᠵᠢ ᠲᠡᠶ ᠪᠠᠨ ᠠᠮᠢᠳᠤᠷᠠᠨ᠎ᠠ᠂ ᠭᠠᠷᠠᠭ ᠤᠨ ᠰᠡᠭᠦᠯᠴᠢ ᠠᠪᠣ ᠪᠠᠨ ᠡᠷᠭᠢᠵᠤ ᠥᠵᠡᠭᠦ ᠪᠠᠷ ᠣᠴᠢᠨ᠎ᠠ᠃ ᠳᠡᠭᠡᠪᠠᠯ ᠳᠠᠳᠠ ᠭᠡᠨ ᠠᠯᠢ ᠨᠢ ᠴᠤ ᠨᠠᠮ᠎ᠠ ᠶᠢ ᠬᠠᠮᠢᠶᠠᠷᠴᠤ ᠬᠤᠷᠢᠭᠯᠠᠵᠤ ᠴᠢᠳᠠᠬᠤ ᠦᠭᠡᠶ᠂ ᠪᠢ ᠴᠢᠨᠢ 《ᠡᠷᠭᠡ ᠴᠢᠯᠦᠭᠡᠳᠤ》 ᠭᠦᠮᠤᠨ ᠪᠣᠯᠴᠢᠬᠠᠨ᠎ᠠ᠁

ᠠᠶᠤᠮᠰᠢᠭᠳᠤ ᠳᠡᠮᠡᠴᠡᠭᠡᠨ ᠡᠴᠦᠰ ᠲᠡᠭᠡᠨ ᠳᠡᠭᠦᠰᠦᠯ᠎ᠡ᠂ ᠡᠵᠢ ᠨᠢ 《ᠢᠯᠠᠵᠤ》 ᠭᠡᠦᠭᠡᠨ ᠶᠢᠡᠨ ᠠᠰᠠᠷᠠᠨ ᠬᠠᠮᠢᠶᠠᠷᠬᠤ ᠡᠷᠭᠡ ᠶᠢ ᠣᠯᠵᠠᠢ᠃ ᠭᠡᠦᠭᠡᠨ ᠠᠪᠣ ᠶᠢᠨ ᠶᠢᠡᠨ ᠭᠤᠷᠢ ᠳᠠᠰᠤᠷᠠᠵᠤ ᠰᠡᠳᠭᠢᠯ ᠴᠥᠭᠦᠷᠡᠭ᠍ᠰᠡᠨ ᠬᠠᠷᠠᠴᠠ ᠶᠢ ᠬᠠᠷᠠᠭᠠᠤᠨ ᠵᠢᠷᠦᠭᠡ ᠨᠢ ᠰᠢᠮᠰᠢᠷᠠᠵᠤ ᠣᠶᠠᠷᠠᠯ ᠤᠨ ᠨᠢᠯᠪᠣᠰᠤ ᠨᠢᠳᠤ ᠶᠢ ᠨᠢ ᠪᠦᠷᠭᠦᠪᠡ᠁

ᠭᠡᠦᠭᠡᠨ ᠡᠨᠡ ᠳᠤᠬᠠᠢ ᠣᠯᠠᠨ ᠶᠠᠷᠢᠬᠤ ᠳᠤᠷ᠎ᠠ ᠦᠭᠡᠶ᠃ ᠶᠠᠷᠤᠨᠢ ᠭᠡᠨ ᠳᠤ ᠴᠤ ᠭᠡᠰᠡᠨ ᠰᠠᠯᠤᠯᠳᠠ ᠪᠣᠯ ᠭᠦᠡᠳᠤ ᠰᠠᠳᠤᠪ ᠮᠦᠨ᠃ ᠪᠢᠳᠠ ᠠᠪᠣ ᠡᠵᠢ ᠶᠢᠨ ᠵᠤᠭᠰᠤᠯᠳᠠ ᠡᠴᠠ ᠦᠵᠡᠪᠠᠯ ᠵᠥᠪᠭᠡᠨ ᠦᠷ᠎ᠡ ᠬᠡᠦᠬᠡᠳ ᠤᠨ ᠲᠦᠯᠦᠭᠡ ᠬᠠᠢ᠌ᠷ᠎ᠠ ᠰᠡᠳᠬᠢᠯᠭᠡ ᠦᠭᠡᠶ ᠠᠮᠢᠳᠤᠷᠠᠯ ᠪᠦᠯᠢ ᠶᠢ ᠦᠷᠭᠦᠯᠵᠢᠯᠡᠭᠦᠯᠭᠦ ᠭᠡᠭ᠍ᠴᠢ ᠲᠤᠢ᠌ᠯ ᠤᠨ ᠬᠠᠳᠠᠭᠤ ᠰᠤᠩᠭ᠋ᠤᠯᠳᠠ ᠶᠤᠮ᠃ ᠪᠢᠳᠠ ᠭᠡᠷᠪᠡ ᠬᠡᠦᠬᠡᠳ ᠤᠨ ᠪᠠᠢ᠌ᠷᠢ ᠡᠴᠠ ᠬᠠᠷᠠᠪᠠᠯ᠂ ᠨᠢᠭᠡᠨᠲᠡ ᠰᠠᠯᠴᠢᠬᠠᠭᠰᠠᠨ ᠪᠣᠶᠤ ᠰᠠᠯᠬᠤ ᠭᠡᠵᠤ ᠪᠠᠢ᠌ᠭ᠎ᠠ ᠳᠤᠮᠤᠴᠤᠤᠯ ᠶᠠᠭᠤ ᠪᠣᠳᠤᠭᠳᠠᠭᠰᠠᠨ ᠪᠣᠯ ᠡ ︖

ᠪᠢᠳᠠ ᠭᠡᠷᠪᠡ ᠬᠠᠯᠠᠭᠤᠨ ᠪᠦᠯᠢ ᠭᠤᠷᠪᠠᠨ ᠠᠮᠠ ᠶᠢᠨ ᠬᠠᠷᠠᠭᠠᠰᠤ ᠡᠴᠠ ᠨᠥᠭᠦᠭᠡ ᠡᠳᠡᠭᠡᠳ ᠲᠡᠭᠡᠨ ᠠᠭᠤᠴᠢᠯᠠᠯ ᠣᠢ᠌ᠯᠠᠭᠠᠯᠳᠠ ᠪᠠ ᠬᠠᠢ᠌ᠷ᠎ᠠ ᠭᠦᠡᠳᠦᠳᠭᠡᠯ ᠶᠢᠡᠷ ᠬᠠᠠᠳᠤᠪᠠᠯ ᠰᠠᠯᠤᠯᠳᠠ ᠪᠣᠶᠤ ᠨᠠᠢ᠌ᠯᠠᠯᠳᠠ ᠶᠢᠨ ᠠᠯᠢ ᠶᠢ ᠨᠢ ᠰᠤᠩᠭ᠋ᠤᠭᠰᠠᠨ ᠴᠤ ᠦᠷ᠎ᠡ ᠳ᠋ᠦ᠋ᠩ ᠨᠢ ᠬᠠᠷᠢᠨ ᠰᠡᠳᠭᠢᠯ ᠪᠦᠯᠢᠶᠡᠭᠡᠨ ᠪᠣᠯᠬᠤ ᠶᠤᠮ᠃


ᠵᠤᠬᠢᠶᠠᠭᠴᠢ ᠶᠢᠨ ᠬᠠ‍‌ᠶᠢᠭ ᠄ ᠠᠪᠠᠭ᠎ᠠ ᠬᠤᠰᠢᠭᠤᠨ ᠤ ᠶᠡᠷᠦᠩᠭᠡᠢ᠌ᠯᠡᠭ᠍ᠰᠡᠨ ᠳᠡᠭᠡᠳᠤ ᠳᠤᠮᠳᠠᠳᠤ ᠰᠤᠷᠭᠠᠭᠤᠯᠢ 

ᠵᠤᠬᠢᠶᠠᠭᠴᠢ᠄ ᠪᠠᠶᠠᠭᠤᠳ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2295
ᠴᠠᠭ᠄ 2012 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁