ᠣᠢ᠌ᠮᠤᠷᠠᠯ

ᠴᠡᠯᠡᠭᠡᠷᠭᠡᠨ ᠨᠤᠮᠢᠨ

ᠰᠠᠷᠠᠭᠤᠯᠬᠠᠨ ᠳᠡᠨᠢᠭᠡᠷ

ᠰᠡᠳᠭᠢᠯ ᠬᠠᠨᠠᠢ᠌ᠮ᠎ᠠ

ᠨᠤᠭᠤᠭᠠᠨ ᠳᠠᠯ᠎ᠠ ᠳᠤ ᠠᠮᠢᠳᠤᠷᠠᠬᠤᠢ᠃

ᠴᠡᠴᠡᠭ᠍ᠭᠡᠨ ᠰᠡᠷᠮᠡᠭᠦᠨ

ᠴᠡᠴᠡᠭᠡᠨ ᠳᠡᠭ᠍ᠵᠢᠨ

ᠣᠨᠠᠭ᠎ᠠ ᠳᠠᠭ᠎ᠠ ᠰᠢᠭ

ᠪᠠᠭ᠎ᠠ ᠨᠠᠰᠤᠨ ᠮᠢᠨᠢ ᠶᠠᠭᠠᠭᠢᠪᠠ ︖

ᠴᠠᠯᠭᠢᠮ᠎ᠠ ᠨᠠᠷᠭᠢᠮ᠎ᠠ

ᠴᠠᠭᠢᠮ ᠭᠢᠯᠪᠠᠭᠠᠷᠬᠠᠨ

ᠰᠠᠷᠨᠠᠢ ᠮᠦᠰᠢᠶᠠᠮ᠎ᠠ

ᠵᠠᠯᠠᠭᠤ ᠨᠠᠰᠤ ᠮᠢᠨᠢ ᠭᠡᠷᠭᠢᠪᠡ ︖

ᠴᠠᠴᠠ ᠡᠨᠡᠭᠡᠨ

ᠱᠠᠳᠤᠯᠠᠮ᠎ᠠ ᠳᠠᠰᠢᠭᠤᠬᠠᠨ

ᠰᠠᠨᠠᠭ᠎ᠠ ᠭᠦᠩᠭᠡᠯᠡᠮ᠎ᠡ

ᠬᠤᠭᠤᠰᠤᠨ ᠣᠷᠤᠠᠳᠤ ᠰᠢᠯᠦᠭ᠌᠃

ᠣᠨᠠᠬᠤ ᠨᠠᠪᠴᠢᠰ

ᠨᠠᠮᠤᠷᠵᠢᠨ ᠣᠪᠣᠭᠠᠷᠠᠨ

ᠭᠦᠷᠦᠰᠤ ᠪᠠᠨ ᠰᠢᠮᠡᠵᠢᠭᠦᠯᠤᠨ

ᠦᠷᠠᠰ ᠶᠢᠡᠨ ᠪᠦᠪᠠᠢ᠌ᠯᠠᠨ ᠬᠠᠳᠠᠩᠭᠢᠷᠠᠨᠠᠮ᠃

ᠣ ᠶᠢᠨ ᠪᠢᠷ

ᠦᠷᠡᠭ᠍ᠳᠡᠨ ᠬᠤᠰᠤᠭᠳᠠᠭᠰᠠᠭᠠᠷ

ᠦᠯᠠᠳᠠᠵᠤ ᠳᠤᠰᠤᠭᠰᠠᠨ ᠨᠢ

ᠬᠤᠭ ᠪᠣᠯᠵᠤ ᠬᠤᠴᠤᠷᠤᠨᠠᠮ

ᠣᠬᠤᠷᠬᠠᠨ ᠠᠮᠢᠳᠤᠷᠠᠯ

ᠰᠤᠭᠤᠳᠤᠭᠤᠷᠠᠮ᠎ᠠ ᠳᠤᠷᠠᠯᠠᠯ

ᠬᠠᠳᠠᠭᠤᠬᠠᠨ ᠳᠠᠷᠠᠰᠤ

ᠪᠠᠶᠠᠷ ᠭᠤᠨᠢᠭ ᠤᠨ ᠬᠠᠭᠤᠳᠠᠰᠤ᠃

ᠣᠷᠴᠢᠯᠠᠩ ᠤᠨ ᠶᠤᠰᠤᠨ

ᠪᠠᠢ᠌ᠭᠠᠯᠢ ᠶᠢᠨ ᠵᠦᠢ

ᠴᠠᠭ ᠤᠨ ᠣᠷᠤᠰᠬᠠᠯ

ᠣᠷᠤᠨ ᠵᠠᠢ ᠶᠢᠨ ᠰᠤᠯᠢᠭᠳᠠᠯ᠃

ᠬᠤᠯᠠ ᠶᠢᠨ ᠴᠠᠭᠠᠴᠢ

ᠭᠡᠵᠢᠶᠡᠨ ᠨᠢ ᠪᠢᠯᠠ

ᠬᠤᠪᠢᠯᠭᠠᠨ ᠪᠣᠯᠴᠢᠬᠠᠭᠠᠤᠨ

ᠬᠤᠨ ᠭᠠᠯᠠᠭᠤ ᠵᠤᠭᠠᠯᠠᠨᠠᠮ᠂

ᠬᠤᠷᠸ᠎ᠠ ᠶᠢᠨ ᠣᠴᠠᠷᠠᠯ

ᠬᠤᠪᠢᠨ ᠤ ᠳᠦᠭᠡᠷᠭᠡ

ᠭᠦᠮᠤᠨ ᠤ ᠵᠠᠶᠠᠭ᠎ᠠ

ᠠᠳᠠᠯᠢ ᠪᠣᠰᠤ ᠭᠡᠮᠡᠮᠤ︕

ᠬᠠᠨ ᠰᠠᠷᠢᠳᠠᠭ

ᠬᠠᠷᠠᠩᠭ᠋ᠤᠢ ᠬᠠᠪᠴᠢᠯ

ᠠᠩᠭ᠋ᠠᠷᠠᠯ ᠳᠠᠯᠠᠢ

ᠳᠡᠭ᠍ᠰᠢ ᠪᠣᠰᠤ ᠪᠦᠮᠪᠦᠷᠴᠡᠭ᠌᠂

ᠭᠡᠭᠡᠷ᠎ᠡ ᠬᠤᠨᠤᠬᠤ

ᠬᠤᠯᠠᠨ ᠳᠠᠭᠢ ᠵᠢᠨ

ᠦᠰᠤᠨ ᠵᠤᠵᠠᠭᠠᠨ ᠵᠢᠠᠨ

ᠦᠪᠡᠷ ᠶᠢᠡᠨ ᠪᠠᠰᠠ ᠮᠠᠳᠠᠮᠤ᠃

ᠥᠩᠭᠡᠷᠡᠭ᠍ᠰᠡᠨ ᠬᠤᠯᠠ ᠵᠢᠨ

ᠥᠶ‍ᠦᠭ᠌ ᠳᠤᠯᠠᠭᠠᠨ

ᠪᠠᠶᠠᠨ ᠪᠠᠢ᠌ᠭᠠᠯᠢ ᠮᠢᠨᠢ

ᠡᠷᠭᠢᠵᠤ ᠢᠭᠴᠠᠷᠠᠳᠠᠯ᠎ᠠ ᠡᠳᠡᠭᠡᠰᠡᠢ᠂

ᠦᠳᠦᠨ ᠵᠢᠭᠦᠷᠳᠤ

ᠳᠤᠭᠤᠷᠤᠤ ᠰᠢᠪᠠᠭᠤᠳ

ᠦᠨᠳᠦᠷ ᠳᠡᠭ᠍ᠷᠢ ᠳᠤ ᠪᠠᠨ

ᠳᠠᠭᠢᠨ ᠪᠦᠷᠭᠦᠳᠡᠯ᠎ᠡ ᠳᠡᠪᠢᠭᠡᠰᠡᠢ᠂

ᠦᠯ ᠪᠣᠭᠤ

ᠴᠠ ᠭᠦᠷᠦᠭᠡᠰᠤᠨ

ᠣᠢ ᠶᠢᠨ ᠭᠦᠨ ᠳᠤ ᠪᠠᠨ

ᠠᠭᠢᠨ ᠳᠦᠭᠦᠷᠳᠡᠯ᠎ᠡ ᠪᠢᠯᠬᠠᠭᠠᠰᠠᠢ᠂

ᠥᠭᠡᠷ ᠮᠠᠯ

ᠳᠠᠪᠤᠨ ᠰᠦᠷᠦᠭ᠌

ᠳᠠᠯ᠎ᠠ ᠳᠦᠭᠦᠷᠦᠭᠡᠳ

ᠳᠠᠷᠭᠤ ᠭᠦᠴᠦᠳᠡᠢ ᠭᠦᠪᠦᠭᠡᠰᠡᠢ᠃

ᠴᠡᠯᠡᠭᠡᠷᠭᠡᠨ ᠨᠤᠮᠢᠨ

ᠰᠠᠷᠠᠭᠤᠯᠬᠠᠨ ᠳᠡᠨᠢᠭᠡᠷ

ᠰᠡᠳᠭᠢᠯ ᠬᠠᠨᠠᠢ᠌ᠮ᠎ᠠ

ᠨᠤᠭᠤᠭᠠᠨ ᠳᠠᠯ᠎ᠠ ᠳᠤ ᠠᠮᠢᠳᠤᠷᠠᠬᠤᠢ᠂

ᠴᠡᠴᠡᠭᠡᠰ ᠨᠢ ᠮᠢᠷᠠᠯᠵᠠᠩᠬᠠᠨ

ᠣᠰᠤᠨ ᠨᠢ ᠭᠦᠭᠡᠮᠳᠦᠭ᠍ᠭᠡᠨ

ᠠᠭᠤᠯᠠᠰ ᠨᠢ ᠣᠨᠢᠶᠠᠷᠳᠤᠩᠬᠠᠨ

ᠳᠡᠭ᠍ᠷᠢ ᠨᠢ ᠴᠡᠯᠮᠡᠭ᠍ᠭᠡᠨ

ᠨᠠᠷᠠᠨ ᠳᠤᠨᠤᠷᠠᠩᠬᠠᠨ

ᠰᠠᠷᠠᠨ ᠳᠤᠶᠠᠭᠠᠷᠠᠩᠬᠠᠨ

ᠣᠳᠤᠳ ᠪᠠᠶᠠᠰᠤᠩᠬᠠᠨ

ᠳᠡᠯᠡᠭᠡᠢ ᠥᠩᠰᠢᠭᠦᠭᠡᠨ

ᠨᠠᠭᠢᠶᠠᠰ ᠵᠡᠭᠦᠳᠦᠯᠡᠩᠭᠡᠨ

ᠨᠠᠪᠴᠢᠰ ᠴᠡᠯᠡᠭᠡᠷᠡᠩᠭᠡᠨ

ᠵᠢᠮᠢᠰ ᠣᠯᠠᠯᠵᠠᠩᠬᠠᠨ

ᠥᠶ‍ᠦᠭ᠌ ᠳᠠᠪᠠᠳᠠᠢ᠌ᠬᠠᠨ ᠠᠮᠢᠳᠤᠷᠠᠬᠤᠢ᠃


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠪᠠᠭᠡᠳᠤ ᠴᠠᠭᠠᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪ᠊·ᠳᠡᠭᠦᠯᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1254
ᠴᠠᠭ᠄ 2013 ᠤᠨ ᠤ 11 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁