ᠬᠤᠪᠢᠷᠠᠴᠢᠬᠠᠵᠠᠢ

ᠴᠠᠭ ᠤᠨ ᠥᠩᠭᠡ ᠶᠢ ᠳᠠᠭᠠᠭᠠᠤᠨ ᠪᠢ ᠬᠤᠪᠢᠷᠠᠴᠢᠬᠠᠵᠠᠢ᠂

ᠴᠠᠭᠠᠳᠠᠢ ᠭᠡᠷ ᠤᠨ ᠪᠠᠷᠭᠡᠨ ᠴᠤ ᠬᠤᠪᠢᠷᠠᠴᠢᠬᠠᠵᠠᠢ᠂

ᠴᠭᠠᠰᠤᠨ ᠫᠠᠢ ᠭᠤᠵᠣᠢ᠌ᠯᠭᠠᠭᠠᠤᠨ ᠵᠤᠭᠤᠰ ᠮᠦᠷᠥᠢᠴᠡᠭᠦ ᠪᠣᠯᠴᠢᠬᠠᠵᠠᠢ᠂

ᠴᠠᠰᠢ ᠨᠠᠰᠢ ᠭᠦᠶ‍ᠦᠭᠡᠳ ᠵᠤᠴᠢᠨ ᠵᠠᠯᠠᠬᠤ ᠪᠣᠯᠴᠢᠬᠠᠵᠠᠢ  ᠃

ᠬᠤᠠᠳᠠᠭ᠎ᠠ ᠮᠦᠷᠭᠦᠯᠳᠦᠭᠦᠯᠦᠭᠡᠳ ᠠᠷᠢᠭᠢ ᠳᠠᠳᠠᠬᠤ ᠪᠣᠯᠴᠢᠬᠠᠵᠠᠢ᠂

ᠬᠤᠷᠤᠭᠤ ᠵᠢᠮᠡᠯᠴᠡᠭᠡᠳ ᠭᠢᠮᠤᠰᠤ ᠨᠢᠰᠠᠯᠠᠬᠤ ᠪᠣᠯᠴᠢᠬᠠᠵᠠᠢ᠂

ᠳᠤᠷ᠎ᠠ ᠦᠭᠡᠶ ᠪᠣᠯᠪᠠᠴᠤ ᠳᠤᠩᠬᠤᠯᠵᠠᠬᠤ ᠪᠣᠯᠴᠢᠬᠠᠵᠠᠢ᠂

ᠳᠠᠭᠤᠤ ᠮᠡᠳᠡᠭᠦ ᠦᠭᠡᠶ ᠪᠣᠯᠪᠠᠴᠤ ᠭᠢᠩᠰᠢᠭᠦ ᠪᠣᠯᠴᠢᠬᠠᠵᠠᠢ

ᠭᠡᠯᠡᠭᠦ ᠦᠭᠡᠶ ᠪᠠᠢ᠌ᠭᠰᠠᠨ ᠥᠭᠡ ᠶᠢ ᠭᠡᠯᠡᠭᠦ ᠪᠣᠯᠴᠢᠬᠠᠵᠠᠢ᠂

ᠭᠡᠷᠡᠭ᠌ ᠪᠦᠳᠦᠭᠡᠯᠭᠡᠭᠦ ᠭᠡᠵᠤ ᠭᠦᠶ‍ᠦᠭᠦ ᠪᠣᠯᠴᠢᠬᠠᠵᠠᠢ᠃


ᠡᠷᠢᠶᠡᠨ ᠬᠤᠷᠸ᠎ᠠ ᠶᠢᠨ ᠥᠩᠭᠡ ᠶᠢ ᠳᠠᠭᠠᠭᠠᠤᠨ ᠦᠬᠢᠳ ᠬᠤᠪᠢᠷᠠᠴᠢᠬᠠᠵᠠᠢ᠂

ᠡᠨᠡᠳᠡᠢ ᠠᠢ᠌ᠯ ᠤᠨ ᠪᠠᠷᠢ ᠴᠤ ᠬᠤᠪᠢᠷᠠᠴᠢᠬᠠᠵᠠᠢ᠂

ᠢᠴᠢᠭᠦ ᠶᠢ ᠮᠡᠳᠡᠭᠦ ᠦᠭᠡᠶ ᠢᠯᠭᠢᠨ ᠨᠢᠭᠤᠷ ᠲᠡᠶ ᠪᠣᠯᠴᠢᠬᠠᠵᠠᠢ᠂

ᠥᠳᠡᠯᠦᠭᠡ ᠵᠠᠯᠠᠭᠤ ᠨᠠᠰᠤ ᠢᠯᠭᠠᠬᠤ ᠦᠭᠡᠶ ᠪᠣᠯᠴᠢᠬᠠᠵᠠᠢ  ᠃

ᠤᠢ᠌ᠷ᠎ᠡ ᠬᠤᠯᠠ ᠦᠶ᠎ᠡ ᠢᠯᠭᠠᠬᠤ ᠦᠭᠡᠶ ᠪᠣᠯᠴᠢᠬᠠᠵᠠᠢ᠂

ᠦᠪᠡᠷ ᠢ ᠪᠠᠨ ᠭᠤᠯᠤᠬᠤ ᠪᠣᠯᠴᠢᠬᠠᠵᠠᠢ᠂

ᠦᠷᠦᠭᠡᠯ ᠢ ᠭᠢ ᠶᠢ ᠭᠤᠬᠠᠳᠠᠬᠤ ᠪᠣᠯᠴᠢᠬᠠᠵᠠᠢ᠂

ᠦᠷ᠎ᠡ ᠪᠠᠨ ᠬᠠᠶᠠᠭᠠᠤᠨ ᠣᠷᠭᠤᠬᠤ ᠪᠣᠯᠴᠢᠬᠠᠵᠠᠢ᠂

ᠦᠷᠤ ᠵᠢᠷᠦᠭᠡ ᠨᠢ ᠴᠢᠯᠠᠭᠤ ᠪᠣᠯᠴᠢᠬᠠᠵᠠᠢ᠃


ᠣᠷᠴᠢᠯᠠᠩ ᠤᠨ ᠥᠩᠭᠡ ᠶᠢ ᠳᠠᠭᠠᠭᠠᠤᠨ ᠡᠭᠦᠯᠡ ᠬᠤᠪᠢᠷᠠᠴᠢᠬᠠᠵᠠᠢ᠂

ᠣᠷᠢᠳᠤ ᠠᠢ᠌ᠯ ᠤᠨ ᠡᠪᠦᠭᠡᠨ ᠴᠤ ᠬᠤᠪᠢᠷᠠᠴᠢᠬᠠᠵᠠᠢ᠂

ᠦᠰᠦ ᠭᠡᠵᠢᠭᠡ ᠪᠠᠨ ᠪᠣᠳᠤᠬᠤ ᠪᠣᠯᠴᠢᠬᠠᠵᠠᠢ᠂

ᠦᠨ᠎ᠡ ᠲᠡᠶ ᠪᠠᠨ᠎ᠡ ᠲᠡᠶ ᠶᠢ ᠭᠡᠳᠦᠷᠭᠦ ᠪᠣᠯᠴᠢᠬᠠᠵᠠᠢ᠂

ᠭᠠᠷ ᠣᠳᠠᠰᠤ ᠪᠠᠨ ᠨᠢᠭᠤᠬᠤ ᠪᠣᠯᠴᠢᠬᠠᠵᠠᠢ᠂

ᠭᠠᠳᠠᠨ᠎ᠠ ᠭᠠᠷᠴᠤ ᠣᠳᠠᠰᠤᠳᠠᠬᠤ ᠪᠣᠯᠴᠢᠬᠠᠵᠠᠢ᠃

ᠣᠷᠢᠳᠠᠢ ᠬᠣᠢ᠌ᠳᠠᠢ ᠥᠭᠡ ᠨᠢ ᠨᠡᠢ᠌ᠴᠡᠭᠦ ᠦᠭᠡᠶ ᠪᠣᠯᠴᠢᠬᠠᠵᠠᠢ᠃

ᠣᠳᠠᠬᠤ ᠦᠭᠡᠶ ᠣᠳᠠᠬᠤ ᠦᠭᠡᠶ ᠬᠤᠳᠠ ᠣᠷᠤᠬᠤ ᠪᠣᠯᠴᠢᠬᠠᠵᠠᠢ᠂

ᠭᠦᠵᠦᠭᠦᠤ ᠳᠤᠯᠤᠭᠠᠢ ᠨᠢ ᠮᠤᠩᠬᠠᠷᠠᠴᠢᠬᠠᠵᠠᠢ᠂   

ᠭᠦᠮᠤᠨ ᠤ ᠣᠳᠠᠰᠤᠨ ᠳᠤ ᠵᠤᠭᠤᠰ ᠳᠤᠰᠢᠶᠠᠬᠤ ᠪᠣᠯᠴᠢᠬᠠᠵᠠᠢ᠂

ᠬᠡᠦᠬᠡᠳ ᠦᠷ᠎ᠡ ᠪᠠᠨ ᠰᠠᠨᠠᠬᠤ ᠪᠠᠨ ᠪᠠᠢ᠌ᠴᠢᠬᠠᠵᠠᠢ᠂

ᠭᠦᠷᠦᠩᠭᠡ ᠣᠠᠳᠤᠷᠤᠯ ᠶᠢᠡᠨ ᠬᠤᠭᠤᠰᠤᠯᠠᠬᠤ ᠪᠣᠯᠴᠢᠬᠠᠵᠠᠢ᠃

ᠬᠤᠪᠢᠷᠠᠴᠢᠬᠠᠵᠠᠢ᠂   ᠬᠤᠪᠢᠷᠠᠴᠢᠬᠠᠵᠠᠢ

ᠡᠷᠢᠶᠡᠨ ᠬᠤᠷᠸ᠎ᠠ ᠡᠯᠳᠡᠪ ᠪᠣᠯᠴᠢᠬᠠᠵᠠᠢ᠂

ᠥᠯᠢᠶᠡᠭᠦ ᠰᠠᠯᠭᠢᠨ ᠳᠤᠭᠤᠰᠤ ᠲᠡᠶ ᠪᠣᠯᠴᠢᠬᠠᠵᠠᠢ᠂

ᠦᠵᠡᠯ ᠰᠤᠷᠳᠠᠯ ᠰᠤᠨᠢᠨ ᠪᠣᠯᠴᠢᠬᠠᠵᠠᠢ᠂

ᠦᠨᠡᠨ ᠬᠤᠳᠠᠯ ᠬᠤᠤᠠᠬᠤᠯᠳᠤᠬᠤ ᠪᠣᠯᠴᠢᠬᠠᠵᠠᠢ᠃




ᠵᠤᠬᠢᠶᠠᠭᠴᠢ ᠶᠢᠨ ᠬᠠᠶ‍ᠢᠭ ᠄   ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂   ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ ᠳᠡᠭᠦᠦᠵᠢᠶᠠᠭ᠎ᠠ
ᠬᠠᠷᠢᠶ᠎ᠠ᠄ ᠰᠢᠯᠦᠭ
ᠳᠠᠷᠤᠮ᠄ 1731
ᠴᠠᠭ᠄ 2010 ᠤᠨ ᠤ 09 ᠰᠠᠷ᠎ᠠ ᠶᠢᠨ 23