ᠪᠣᠷᠤᠭᠤ ᠳᠠᠯ᠎ᠠ ᠶᠢᠨ ᠰᠤᠷᠪᠢ

ᠠᠩᠬ᠎ᠠ ᠭᠤᠷᠪᠠ ᠶᠢᠨ ᠡᠭᠢᠨ ᠤ ᠬᠤᠭᠤᠴᠠᠭ᠎ᠠ᠂ ᠪᠢ ᠤᠷᠳᠦᠰ ᠬᠤᠳᠠ ᠶᠢᠨ ᠮᠤᠩᠭ᠋ᠤᠯ ᠳᠤᠮᠳᠠᠳᠤ ᠰᠤᠷᠭᠠᠭᠤᠯᠢ ᠳᠤ ᠰᠢᠯᠵᠢᠨ ᠢᠷᠡᠵᠤ ᠰᠤᠷᠤᠯᠴᠠᠠᠠᠰᠠᠨ ᠪᠢᠯᠠ᠃ ᠭᠢᠲ᠋ᠠᠷ ᠭᠦᠭ᠍ᠵᠢᠮ ᠳᠤ ᠪᠠᠬ᠎ᠠ ᠲᠡᠶ ᠪᠠᠢ᠌ᠭᠰᠠᠨ ᠶᠢᠡᠷ ᠳᠡᠭᠡᠷ᠎ᠡ ᠠᠩᠭᠢ ᠶᠢᠨ ᠵᠠᠶᠠᠭᠠᠳᠤ ᠭᠡᠳᠡᠭ᠌ ᠭᠢᠲ᠋ᠠᠷᠴᠢᠨ ᠵᠠᠯᠠᠭᠤ ᠲᠡᠶ ᠳᠠᠨᠢᠯᠴᠠᠪᠠ᠃ ᠨᠢᠭᠡ ᠡᠳᠦᠷ ᠤᠨ ᠦᠳᠡ ᠳᠤ ᠵᠠᠶᠠᠭᠠᠳᠤ ᠨᠠᠮᠢ᠋ᠢ ᠭᠤᠯᠢᠷ ᠲᠡᠶ ᠱᠦᠯᠦ ᠪᠠᠷ ᠵᠤᠴᠢᠯᠠᠭᠠᠤᠨ᠄

《ᠭᠦᠶ‍ᠢ ᠠᠪᠣᠭᠠᠢ ᠮᠢᠨᠢ᠂ ᠴᠢ ᠳᠠᠨ ᠤ ᠠᠩᠭᠢ ᠶᠢᠨ ᠳᠠᠷᠠ ᠶᠦᠩᠷᠤᠮ᠎ᠠ ᠭᠡᠳᠡᠭ᠌ ᠦᠬᠢᠨ ᠢ ᠨᠠᠳᠠ ᠳᠠᠨᠢᠯᠴᠠᠭᠤᠯᠤᠭᠠᠤᠨ ᠦᠭ‍ᠭᠦ ᠦᠭᠡᠶ ᠦᠦ︖ ᠳᠠᠷᠠ ᠦᠬᠢᠨ ᠨᠢᠭᠡ ᠤᠳᠠᠭ᠎ᠠ ᠠᠪᠣ ᠪᠠᠨ ᠬᠠᠮᠵᠢᠨ ᠰᠢᠪᠠᠷ ᠨᠤᠬᠤᠵᠤ ᠪᠠᠢ᠌ᠬᠤ ᠶᠢ ᠨᠢ ᠪᠢ ᠬᠠᠷᠠᠠᠠᠰᠠᠨ᠃ ᠴᠡᠪᠠᠷᠭᠡᠨ ᠬᠤᠪᠴᠠᠯᠠᠠᠠᠰᠠᠨ ᠭᠤᠶᠤ ᠦᠬᠢᠨ ᠰᠢᠪᠠᠷ ᠤᠨ ᠠᠵᠢᠯ ᠰᠢᠭᠤᠷᠬᠠᠢ ᠭᠢᠭᠦ ᠪᠠᠷ ᠶᠢᠡᠨ᠂ ᠠᠶ᠎ᠠ︕ ᠶᠠᠮᠠᠷ ᠰᠠᠢ᠌ᠬᠠᠨ ᠬᠠᠷᠠᠭᠳᠠᠭᠰᠠᠨ ᠭᠡᠭ᠍ᠴᠢ︕》 ᠭᠡᠭᠦ ᠶᠤᠮ᠃ 《ᠡᠨᠡ ᠡᠷ᠎ᠡ︕ ᠮᠠᠨ ᠤ ᠠᠩᠭᠢ ᠶᠢᠨ ᠰᠤᠷᠤᠯᠭ᠎ᠠ ᠶᠢᠨ ᠭᠡᠰᠢᠭᠦᠨ ᠢ ᠭᠡᠯᠡᠵᠤ ᠪᠠᠢ᠌ᠬᠤ ᠶᠤᠮ ᠪᠠᠢ᠌ᠨ᠎ᠠ ᠳ᠋ᠠ︕ ᠪᠢ ᠦᠪᠡᠷ ᠶᠢᠡᠨ ᠪᠠᠰᠠ ᠶᠠᠭᠠᠭᠢᠵᠤ ᠥᠭᠡ ᠬᠠᠮᠠᠷ ᠶᠢᠡᠨ ᠣᠯᠬᠤ ᠶᠤᠮ ᠪᠢᠯᠠ ᠭᠡᠵᠤ ᠪᠠᠢ᠌ᠬᠤ ᠳᠤ ᠴᠢ ᠬᠠᠷᠢᠨ ᠨᠠᠮᠢ᠋ᠢ᠁》 ᠭᠡᠵᠤ ᠪᠣᠳᠤᠬᠤ ᠡᠴᠡ ᠶᠦᠩᠷᠤᠮ᠎ᠠ ᠬᠠᠷᠠᠭᠳᠠᠬᠤ ᠰᠢᠭ ᠪᠣᠯᠪᠠ᠃ ᠬᠠᠭᠤᠴᠢᠷᠠᠬᠤ ᠳᠤᠰᠤᠮ ᠶᠢᠡᠨ ᠥᠩᠭᠡ ᠣᠷᠤᠳᠠᠭ ᠭᠤᠶ᠎ᠠ ᠪᠠᠷᠢᠠᠠᠰᠠᠨ ᠭᠦᠭᠡ ᠰᠠᠷᠠᠯ ᠨᠢᠤᠽᠢ ᠦᠮᠦᠳᠦ ᠡᠮᠦᠰᠴᠤ᠂ ᠮᠦᠷᠤ ᠬᠠᠠᠴᠤᠢ ᠪᠠᠨ ᠳᠠᠭᠠᠠᠠᠰᠠᠨ ᠰᠤᠨᠤᠯᠵᠠᠭᠰᠠᠨ ᠴᠠᠭᠠᠨ ᠵᠢᠷᠤᠭᠠᠰᠤ ᠲᠡᠶ ᠳᠠᠮᠢᠷ ᠤᠨ ᠭᠦᠭᠡ ᠬᠠᠠᠳᠠᠭᠠᠰᠤ ᠶᠢ ᠵᠠᠭᠠᠮ᠎ᠠ ᠶᠢ ᠨᠢ ᠪᠣᠰᠬᠠᠨ ᠴᠠᠭᠢᠯᠭᠠᠨ ᠢ ᠨᠢ ᠡᠷᠡᠤ ᠲᠡᠭᠡᠨ ᠳᠤᠯᠳᠠᠯ᠎ᠠ ᠳᠤᠪᠴᠢᠯᠠᠭᠰᠠᠨ ᠭᠤᠸᠠᠯᠢᠭ ᠨᠠᠷᠢᠨ ᠪᠠᠶ᠎ᠠ᠂ ᠦᠨᠳᠦᠷ ᠴᠠᠭᠠᠨ ᠭᠦᠵᠦᠭᠦᠤ ᠲᠡᠶ᠂ ᠭᠦᠮᠤᠨ ᠶᠤᠮ ᠦᠦ︖ ᠬᠤᠨ ᠶᠤᠮ ᠦᠦ︖ ᠭᠡᠮᠡᠷ ᠶᠤᠰᠤᠳᠠᠢ ᠰᠠᠢ᠌ᠬᠠᠨ ᠭᠡᠭᠡᠡᠴᠢᠷ ᠳᠡᠭ᠍ᠵᠢᠨ ᠶᠠᠭᠤᠮ᠎ᠠ ᠯᠠ ᠪᠠᠢ᠌ᠳᠠᠭ ᠰᠠᠨ᠃ ᠭᠡᠳᠤ ᠤᠳᠠᠭ᠎ᠠ ᠨᠢᠭᠤᠷ ᠳᠤᠯᠭᠠᠷᠠᠵᠤ ᠠᠰ ᠬᠠᠷᠭᠤᠬᠤ ᠳᠤ ᠨᠠᠷᠠ ᠬᠠᠷᠠᠵᠤ ᠭᠢᠯᠪᠠᠭᠠᠠᠳᠠᠠᠠᠰᠠᠨ ᠰᠢᠭ ᠵᠤᠪᠭᠢᠨ ᠤ ᠪᠠᠨ ᠵᠠᠪᠰᠠᠷ ᠢ ᠪᠠᠭᠠᠰᠬᠠᠨ ᠰᠡᠢ᠌ᠮᠡᠢ᠌ᠯᠭᠡᠵᠤ᠁ ᠣᠷᠳᠤ ᠬᠠᠷ᠎ᠠ ᠰᠤᠷᠮᠤᠤᠰᠤ ᠪᠠᠷ ᠶᠢᠡᠨ ᠳᠤᠢᠯᠠᠵᠤ ᠰᠢᠳᠠᠭᠠᠮᠠᠷ ᠭᠡᠷᠡᠯ ᠲᠡᠶ ᠨᠢᠳᠤ ᠪᠠᠨ ᠨᠢᠭᠤᠬᠤ ᠳ᠋ᠤᠨᠢ ᠪᠢ ᠡᠩᠭᠦᠯ ᠲᠡᠶ ᠬᠤᠩᠭᠢᠯ ᠲᠡᠶ ᠵᠠᠮ ᠶᠢᠡᠷ ᠶᠠᠪᠣᠠᠠᠰᠠᠨ ᠰᠢᠭ ᠳᠡᠭᠡᠷ᠎ᠡ ᠳᠤᠤᠷ᠎ᠠ ᠭᠢᠰᠭᠢᠯᠡᠭ᠍ᠰᠡᠭᠡᠷ ᠢᠯᠡᠭᠦᠤ ᠭᠠᠷᠤᠠᠠᠰᠠᠨ ᠶᠤᠮ ᠦᠦ ᠭᠡᠮᠡᠷ ᠬᠤᠶᠠᠷ ᠭᠠᠷ ᠶᠢᠡᠨ ᠬᠠᠮᠢᠭ᠎ᠠ ᠭᠢᠭᠦ ᠪᠠᠨ ᠤᠯᠵᠤ ᠶᠠᠳᠠᠨ ᠵᠦᠷᠢᠵᠤ ᠪᠢᠯᠠ᠃ ᠴᠠᠭ ᠢ ᠮᠠᠰᠢ ᠰᠠᠢ᠌ᠨ ᠪᠠᠷᠢᠮᠳᠠᠯᠠᠵᠤ᠂ ᠰᠤᠷᠤᠯᠭ᠎ᠠ ᠳᠠᠭᠠᠨ ᠰᠢᠮᠳᠠᠳᠠᠭ ᠡᠨᠡ ᠦᠬᠢᠨ ᠳᠤᠠᠠᠯᠠᠵᠤ ᠨᠠᠭᠠᠳᠬᠤ ᠳᠠᠭᠠᠨ ᠨᠠᠳᠠ ᠡᠴᠡ ᠠᠯᠢᠶ᠎ᠠ ᠪᠠᠢ᠌ᠵᠤ ᠨᠢᠳᠤ ᠨᠢ ᠠᠮᠠᠨ ᠡᠴᠡ ᠨᠢ ᠠᠷᠪᠢᠨ ᠥᠭᠡ ᠲᠡᠶ ᠶᠠᠮᠠᠷ ᠴᠤ ᠭᠦᠮᠤᠨ ᠲᠡᠶ ᠰᠠᠢ᠌ᠬᠠᠨ ᠬᠠᠷᠢᠯᠴᠠᠵᠤ ᠴᠢᠳᠠᠳᠠᠭ ᠨᠢᠭᠡᠨ ᠪᠠᠢ᠌ᠪᠠ᠃

ᠪᠢ ᠨᠠᠭᠠᠴᠤ ᠶᠢᠨ ᠳᠠᠭᠠᠨ ᠰᠠᠭᠤᠵᠤ᠂ ᠳᠠᠷᠠ ᠡᠭᠡᠴᠢ ᠶᠢᠨ ᠳᠡᠭᠡᠨ ᠰᠠᠭᠤᠳᠠᠭ᠃ ᠭᠡᠷ ᠨᠢ ᠤᠢ᠌ᠷᠡᠬᠠᠨ ᠪᠠᠢ᠌ᠠᠠᠰᠠᠨ ᠪᠣᠯᠬᠤᠷ ᠰᠤᠷᠭᠠᠭᠤᠯᠢ ᠳᠤ ᠣᠴᠢᠵᠤ ᠪᠣᠴᠠᠬᠤ ᠳᠠᠭᠠᠨ ᠳᠠᠩᠳᠠ ᠵᠠᠮ ᠳᠠᠭᠠᠷᠠᠳᠠᠭ ᠪᠠᠢ᠌ᠭᠰᠠᠨ ᠶᠢᠡᠨ ᠰᠡᠭᠦᠯ ᠳ᠋ᠤᠨᠢ ᠪᠦᠷ ᠬᠠᠮᠳᠤ ᠶᠠᠪᠣᠳᠠᠭ ᠪᠣᠯᠤᠯ᠎ᠠ᠃ ᠳᠠᠰᠬᠠᠯ ᠶᠢᠡᠨ ᠴᠤᠭ ᠭᠢᠨ᠎ᠠ᠂ ᠭᠢᠴᠢᠶᠠᠯ ᠶᠢᠡᠨ ᠴᠤᠭ ᠳᠠᠪᠳᠠᠨ᠎ᠠ᠂ ᠰᠠᠳᠤᠪ ᠪᠣᠯᠢᠶᠠᠯᠳᠤᠨ᠎ᠠ᠃ ᠪᠢ ᠪᠠᠢ᠌ᠭᠠᠯᠢ ᠶᠢᠨ ᠰᠢᠡᠵᠢᠯᠡᠭᠦ ᠤᠬᠠᠭᠠᠨ ᠤ ᠭᠢᠴᠢᠶᠠᠯ ᠢ ᠤᠨᠴᠡ ᠰᠠᠢ᠌ᠨ ᠰᠤᠷᠴᠤ ᠪᠠᠠᠠᠰᠢ ᠶᠢᠨ ᠶᠢᠡᠨ ᠠᠰᠠᠭᠤᠯᠳᠠ ᠪᠦᠭᠦᠨ ᠢ ᠭᠦᠮᠤᠨ ᠡᠴᠡ ᠡᠮᠦᠨ᠎ᠡ ᠬᠠᠷᠢᠭᠤᠯᠬᠤ ᠳᠤᠷᠠᠳᠠᠢ ᠭᠦᠭᠡᠷᠦᠤ ᠰᠤᠷᠤᠠᠠᠴᠢ ᠪᠠᠢ᠌ᠠᠠᠰᠠᠨ ᠯᠠ ᠳ᠋ᠠ᠃ ᠬᠤᠭᠤᠴᠠᠭ᠎ᠠ ᠡᠴᠦᠰ ᠤᠨ ᠰᠢᠯᠭᠠᠯᠳᠠ ᠳᠤ ᠳᠠᠷᠠ ᠶᠡᠷᠦᠩᠭᠡᠢ ᠬᠤᠪᠢ ᠪᠠᠷ ᠶᠢᠡᠨ ᠳᠡᠷᠢᠭᠦᠯᠡᠵᠤ᠂ ᠪᠢ ᠳᠤᠭ᠎ᠠ᠂ ᠭᠢᠮᠢ᠂ ᠹᠢᠽᠢᠺ ᠶᠢᠡᠷ ᠶᠢᠡᠨ ᠥᠵᠦᠭᠦᠷᠯᠡᠪᠡ᠃

ᠴᠢᠯᠦᠭᠡᠨ ᠤ ᠬᠤᠭᠤᠴᠠᠭ᠎ᠠ ᠪᠠᠨ ᠪᠢ ᠶᠦᠩᠷᠤᠮ᠎ᠠ ᠶᠢ ᠪᠢᠳᠡᠭᠦᠭᠡᠨ ᠰᠠᠨᠠᠭᠠᠰᠢᠷᠠᠨ ᠮᠥᠷᠦᠭᠡᠳᠴᠤ ᠭᠢᠷᠢ ᠵᠡᠷᠭᠡ ᠶᠢᠨ ᠣᠳᠠᠭᠠᠨ ᠥᠩᠭᠡᠷᠡᠭᠡᠭ᠍ᠰᠡᠨ ᠭᠡᠵᠤ ᠰᠠᠨᠠᠨ᠎ᠠ᠃ ᠬᠤᠶᠠᠷ ᠡᠳᠦᠷ ᠤᠷᠢᠦᠡᠴᠢᠯᠡᠵᠤ ᠰᠤᠷᠭᠠᠭᠤᠯᠢ ᠳᠠᠭᠠᠨ ᠢᠷᠡᠯ᠎ᠡ᠃

ᠠᠩᠭᠢ ᠶᠢᠨ ᠭᠢᠨ ᠪᠦᠷ ᠭᠠᠷ ᠠᠳᠬᠤᠯᠴᠠᠵᠤ ᠵᠤᠯᠭᠠᠬᠤ ᠪᠣᠯᠪᠠᠴᠤ ᠪᠢ ᠳᠡᠭᠦᠨ ᠤ ᠭᠠᠷ ᠢ ᠠᠳᠬᠤᠵᠤ ᠴᠢᠳᠠᠠᠠᠰᠠᠨ ᠦᠭᠡᠶ᠃ ᠦᠨᠡᠨ ᠳᠡᠭᠡᠨ ᠭᠠᠷ ᠠᠳᠬᠤᠬᠤ ᠴᠤ ᠴᠢᠬᠤᠯᠠ ᠦᠭᠡᠶ ᠪᠠᠢ᠌ᠭᠰᠠᠨ᠃ ᠵᠥᠭᠡᠷ ᠯᠠ ᠨᠢᠭᠡᠨ ᠨᠢᠭᠡᠨ ᠶᠢᠡᠨ ᠰᠢᠷᠳᠡᠯᠴᠡᠭᠡᠳ ᠭᠢᠵᠠᠭᠠᠯᠠᠰᠢ ᠦᠭᠡᠶ ᠰᠠᠨᠠᠭ᠎ᠠ ᠰᠡᠳᠭᠢᠯ ᠶᠢᠡᠨ ᠮᠡᠳᠡᠯᠴᠡᠭ᠍ᠰᠡᠨ ᠰᠢᠭ᠌ ᠪᠣᠯᠤᠨ᠎ᠠ᠃ ᠰᠠᠨᠠᠮᠰᠠᠷ ᠦᠭᠡᠶ ᠪᠠᠶ᠎ᠠ ᠳᠡᠭᠡᠷ᠎ᠡ ᠨᠢ ᠭᠡᠨᠡᠳᠲᠡ ᠭᠦᠷᠦᠭᠡᠳ ᠠᠪᠬᠤ ᠊ᠭ᠍ᠱᠡᠨ᠎ᠡ᠂ ᠢᠯᠡᠳᠭᠡᠵᠤ ᠳᠠᠢ᠌ᠯᠤᠰᠢ ᠦᠭᠡᠶ ᠪᠠᠶᠠᠷ ᠪᠠᠬᠠᠳᠤᠯ ᠳᠦᠷᠦᠭ᠍ᠳᠡᠨ᠎ᠡ᠃ ᠳᠡᠭᠦᠨ ᠤ ᠭᠡᠯᠡᠵᠤ ᠶᠠᠷᠢᠬᠤ᠂ ᠠᠯᠬᠤᠵᠤ ᠭᠢᠰᠭᠢᠭᠦ ᠭᠦᠳᠡᠯᠦᠯ ᠪᠦᠭᠦᠨ ᠡᠴᠡ ᠨᠢ ᠠᠳᠠᠯᠢᠤᠠᠬᠠᠰᠢ ᠦᠭᠡᠶ ᠭᠤᠸ᠎ᠠ ᠰᠠᠢ᠌ᠬᠠᠨ ᠢ ᠮᠠᠳᠠᠷᠠᠨ᠎ᠠ᠃

ᠰᠤᠷᠭᠠᠭᠤᠯᠢ ᠡᠭᠢᠯᠡᠭᠡᠳ ᠳᠠᠮᠠᠢ ᠣᠳᠠᠭᠰᠠᠨ ᠦᠭᠡᠶ ᠨᠢᠭᠡ ᠭᠠᠷᠠᠭ ᠤᠨ ᠳᠠᠪᠤᠨ ᠳᠤ ᠪᠢ ᠳᠡᠰᠭᠡᠯ ᠦᠭᠡᠶ ᠳᠡᠭᠦᠨ ᠳᠤ ᠵᠠᠭᠢᠳᠠᠯ ᠦᠭ‍ᠭᠦᠭ᠍ᠰᠡᠨ ᠶᠤᠮ᠃ ᠰᠡᠳᠭᠢᠯ ᠤᠨ ᠮᠢᠨᠢ ᠭᠦᠨ ᠳᠤ ᠰᠤᠶᠤᠭᠠᠯᠠᠠᠠᠰᠠᠨ ᠪᠦᠳᠡᠭᠡᠢ ᠰᠠᠷᠠᠯ ᠶᠢᠡᠨ ᠭᠡᠯᠡᠭ᠍ᠰᠡᠨ ᠴᠢᠷᠠᠢ᠄

《ᠭᠡᠳᠥᠢ᠌ᠪᠠᠷ ᠨᠠᠰᠤ ᠮᠠᠨᠢ ᠪᠠᠭ᠎ᠠ ᠪᠣᠯᠪᠠᠴᠤ ᠪᠠᠶ᠎ᠠ ᠵᠡᠷᠭᠡ ᠳᠤ ᠭᠦᠷᠳᠡᠯ᠎ᠡ ᠴᠢᠨᠢ ᠴᠢᠮ᠎ᠠ ᠶᠢ ᠭᠦᠯᠢᠶᠡᠨ᠎ᠡ︕ ᠮᠢᠨᠤ ᠪᠦᠭᠦ ᠴᠢᠷᠮᠠᠢ᠌ᠯᠭ᠎ᠠ᠂ ᠵᠤᠷᠢᠯᠭ᠎ᠠ ᠭᠦᠰᠡᠯ ᠪᠦᠷ ᠯᠠ ᠴᠢᠮᠠᠳᠠᠢ ᠬᠤᠯᠪᠣᠭᠠᠳᠠᠢ ᠶᠠᠭᠤᠮ᠎ᠠ ᠪᠣᠯᠵᠤ ᠪᠠᠢ᠌ᠨ᠎ᠠ᠂ ᠬᠤᠶᠠᠭᠤᠯᠠ ᠪᠠᠨ ᠰᠠᠢ᠌ᠳᠠᠶ᠎ᠠ ᠪᠣᠯᠬᠤ ᠦᠦ︖》 ᠭᠡᠭᠦ ᠰᠢᠭ᠌ ᠶᠠᠭᠤᠮ᠎ᠠ ᠡᠷᠢᠶᠡᠴᠢᠪᠡ᠃

ᠳᠡᠭᠡᠭᠦ ᠳᠤ ᠠᠮᠠᠨ ᠰᠦᠢ᠌ ᠰᠢᠭ ᠶᠠᠭᠤᠮ᠎ᠠ ᠳᠤᠠᠠᠳᠠᠬᠤ ᠶᠢ 《ᠰᠠᠢ᠌ᠳᠠᠯ᠎ᠠ》 ᠭᠡᠳᠡᠭ᠌ ᠪᠠᠢ᠌ᠭᠰᠠᠨ᠃ ᠨᠢᠭᠡ ᠯᠠ ᠭᠡᠮᠳᠤ ᠭᠡᠷᠡᠭ᠌ ᠥᠢᠯᠤᠨᠴᠢᠭᠡᠭ᠍ᠰᠡᠨ ᠶ‍ᠤᠮᠰᠢᠭ ᠪᠣᠯᠵᠤ ᠶᠦᠩᠷᠤᠠᠮ᠎ᠠ ᠶᠢ ᠴᠢᠭᠡ ᠬᠠᠷᠠᠬᠤ ᠡᠴᠡ ᠪᠠᠨ ᠬᠠᠯᠠᠰᠢᠷᠠᠵᠤ᠂ ᠬᠤᠷᠳᠤᠬᠠᠨ ᠰᠢᠭ ᠬᠠᠷᠢᠭᠤ ᠳᠤᠰᠬᠤ ᠶᠢ ᠭᠦᠰᠡᠭ᠍ᠰᠡᠨ ᠮᠦᠷᠳᠠᠯ᠎ᠠ ᠪᠠᠨ ᠠᠶᠤᠵᠤ ᠰᠤᠨᠢᠷᠬᠠᠯᠳᠠᠢ ᠭᠢᠷᠢᠨ᠎ᠠ ᠵᠤᠪᠠᠯᠠᠩᠳᠠᠢ ᠪᠠᠢ᠌ᠭᠰᠠᠨ ᠳᠤ ᠮᠢᠨᠢ ᠠᠳᠠᠯᠢᠬᠠᠨ ᠥᠩᠭᠡᠷᠡᠯᠳᠡ ᠲᠡᠶ ᠭᠦᠮᠦᠰ ᠠᠠᠳᠠᠬᠤ ᠦᠭᠡᠶ ᠪᠠᠢ᠌ᠬ᠎ᠠ᠃ ᠭᠠᠷᠠᠭ ᠤᠨ ᠳᠠᠷᠠᠭ᠎ᠠ ᠮᠢᠨᠤ ᠪᠢᠴᠢᠭ᠍ᠰᠡᠨ ᠢ ᠳᠠᠭ ᠥᠢᠯᠡᠭᠠᠭᠰᠡᠨ ᠦᠭᠡᠶ ᠰᠢᠭ᠌ ᠱᠠᠯ ᠥᠭᠡᠷ᠎ᠡ ᠶᠠᠭᠤᠮ᠎ᠠ ᠶᠠᠷᠢᠠᠠᠰᠠᠨ ᠬᠠᠭᠤᠳᠠᠰᠤ ᠳᠤᠰᠤᠯ᠎ᠠ᠃

《ᠡᠵᠢ ᠨᠠᠮᠢ᠋ᠢ ᠮᠠᠰᠢ ᠴᠢᠩᠭ᠋᠎ᠠ ᠬᠠᠮᠢᠶᠠᠷᠳᠠᠭ᠂ ᠮᠠᠨ ᠤ ᠭᠡᠷ ᠤᠨ ᠭᠦᠮᠦᠰ ᠨᠠᠮᠢ᠋ᠢ ᠵᠠᠪᠠᠯ ᠰᠠᠢ᠌ᠨ ᠰᠤᠷᠴᠤ ᠶᠡᠭᠡ ᠰᠤᠷᠭᠠᠭᠤᠯᠢ ᠳᠤ ᠰᠢᠯᠭᠠᠭᠳᠠᠬᠤ ᠭᠡᠷᠡᠭ᠍ᠳᠡᠢ ᠭᠡᠵᠤ ᠱᠠᠭᠠᠷᠳᠠᠵᠤ ᠪᠠᠢ᠌ᠨ᠎ᠠ》 ᠭᠡᠭᠦ ᠶᠤᠮ ᠪᠢᠯᠠ᠃ ᠤᠳᠠᠭᠠᠨ ᠭᠦᠯᠢᠶᠡᠭ᠍ᠰᠡᠨ ᠲᠡᠶ ᠢᠴᠢᠭ᠍ᠰᠡᠨ ᠲᠡᠶ᠂ ᠪᠠᠰᠠ ᠨᠢᠭᠡᠨ ᠭᠡᠮᠵᠢᠶ᠎ᠡ ᠪᠠᠷ ᠪᠠᠶ᠎ᠠ ᠪᠠᠨ ᠭᠦᠡᠳᠦᠳᠭᠡᠭᠦ ᠰᠡᠳᠭᠢᠯᠭᠡ ᠶᠢ ᠮᠢᠨᠢ ᠭᠦᠡᠳᠡᠭ᠍ᠰᠡᠨ ᠶᠤᠮ ᠪᠣᠯᠪᠠᠤ᠄

《ᠴᠢ ᠶᠠᠭᠤ ᠭᠡᠵᠤ ᠨᠠᠳᠠ ᠡᠢ᠌ᠮᠤ ᠬᠠᠷᠢᠭᠤ ᠥᠭ᠍ᠴᠤ ᠪᠠᠢ᠌ᠨ᠎ᠠ᠂ ᠳᠤᠷ᠎ᠠ ᠦᠭᠡᠶ ᠪᠣᠯ ᠪᠠᠢ᠌ᠯ᠎ᠠ ᠰᠢᠳᠠ᠂ ᠶᠠᠭᠤ ᠴᠤ ᠪᠣᠯᠤᠠᠠᠰᠠᠨ ᠨᠢᠭᠡ ᠰᠢᠭᠤᠳ ᠥᠭᠡ ᠭᠡᠯᠡᠵᠤ ᠪᠣᠯᠤᠨ᠎ᠠ ᠪᠢᠵᠠ︕》 ᠭᠡᠰᠡᠨ ᠬᠠᠳᠠᠭᠤ ᠰᠢᠷᠦᠭᠦᠨ ᠥᠭᠡ ᠲᠡᠶ ᠶᠠᠭᠤᠮ᠎ᠠ ᠪᠢᠴᠢᠵᠤ ᠥᠭ᠍ᠪᠡ᠃

ᠪᠢ ᠦᠳᠡ ᠳᠤ ᠳᠤᠭᠤᠢ ᠪᠠᠨ ᠠᠪᠴᠤ ᠨᠠᠭᠠᠴᠤ ᠶᠢᠨ ᠳᠠᠭᠠᠨ ᠶᠠᠪᠣᠬᠤ ᠭᠡᠵᠤ ᠪᠠᠢ᠌ᠳᠠᠯ᠎ᠠ ᠳᠡᠭᠦᠨ ᠤ ᠰᠠᠢ᠌ᠨ ᠨᠠᠢ᠌ᠵᠢ ᠤᠷᠡᠨ᠎ᠡ᠄

《ᠶᠦᠩᠷᠤᠮ᠎ᠠ ᠳᠠ ᠬᠤᠶᠠᠭᠤᠯᠠ ᠶᠠᠭᠠᠭᠢᠠᠠᠰᠠᠨ ᠪᠣᠢ︖ ᠳᠠᠷᠠ ᠭᠠᠠᠠᠴᠠᠭᠠᠷ ᠶᠢᠡᠨ ᠠᠩᠭᠢ ᠶᠢᠨ ᠭᠡᠷ ᠲᠤ ᠤᠬᠢᠯᠡᠵᠤ ᠰᠠᠭᠤᠨ᠎ᠠ》 ᠭᠡᠭᠦ ᠶᠤᠮ ᠪᠢᠯᠠ᠃ ᠪᠢ ᠳᠤᠤᠷ᠎ᠠ ᠨᠢ ᠭᠦᠷᠴᠤ ᠣᠴᠢᠭᠠᠤᠨ ᠶᠠᠭᠠᠭᠢᠵᠤ ᠶᠠᠭᠠᠭᠢᠬᠤ ᠪᠠᠨ ᠤᠯᠵᠤ ᠶᠠᠳᠠᠨ ᠳᠡᠭᠦᠨ ᠢ ᠠᠷᠭᠠᠳᠠᠬᠤ ᠭᠡᠳᠤᠨ ᠥᠭᠡ ᠣᠯᠵᠤ ᠭᠡᠯᠡᠳᠡᠯ᠎ᠡ ᠶᠦᠩᠷᠤᠠᠮ᠎ᠠ ᠠᠩᠭᠢ ᠶᠢᠨ ᠭᠡᠷ ᠡᠴᠡ ᠭᠠᠷᠤᠭᠠᠤᠨ ᠭᠦᠶ‍ᠦᠴᠢᠭᠡᠯ᠎ᠡ᠃ ᠠᠷᠤ ᠡᠴᠡ ᠨᠢ ᠭᠦᠢᠴᠡᠵᠤ ᠤᠴᠢᠬᠤ ᠳᠤ ᠰᠤᠷᠭᠠᠭᠤᠯᠢ ᠶᠢᠨ ᠤᠯᠡᠨ ᠰᠤᠷᠤᠭᠴᠢ ᠬᠤᠭᠤᠯᠠᠨ ᠭᠡᠷ ᠵᠥᠭ᠌ ᠴᠤᠪᠣᠷᠠᠯᠳᠤᠵᠤ ᠪᠠᠢ᠌ᠯ᠎ᠠ᠃ ᠪᠢ ᠠᠷᠭ᠎ᠠ ᠶᠠᠳᠠᠬᠤ ᠳᠠᠭᠠᠨ ᠬᠠᠮᠢᠶ᠎ᠠ ᠦᠭᠡᠶ ᠭᠦᠶ‍ᠦᠵᠤ ᠶᠠᠪᠣᠭ᠎ᠠ ᠨᠢᠭᠡ ᠨᠢ ᠪᠣᠯᠵᠤ ᠳᠠᠷᠠ ᠴᠢᠭ᠌ ᠶᠢᠡᠷ ᠶᠢᠡᠨ ᠪᠠᠢ᠌ᠷᠢ ᠶᠢᠨ ᠭᠡᠷ ᠲᠤ ᠫᠠᠴᠢᠭᠢᠨᠠᠭᠤᠯᠵᠤ ᠤᠷᠦᠯ᠎ᠡ᠃ ᠰᠠᠢ᠌ᠳᠠᠵᠤ ᠪᠠᠷᠢᠨ᠎ᠠ ᠭᠡᠵᠤ ᠪᠠᠢ᠌ᠭᠠᠤᠨ ᠭᠦᠮᠤᠨ ᠤ ᠦᠬᠢᠨ ᠢ ᠤᠬᠢᠯᠡᠭᠤᠯᠴᠢᠬᠠᠭᠰᠡᠨ ᠭᠦᠮᠤᠨ︕ ᠦᠳᠡ ᠶᠢᠨ ᠬᠣᠢ᠌ᠨ᠎ᠠ ᠴᠢᠯᠦᠭᠡ ᠭᠡᠯᠡᠭ᠍ᠰᠡᠨ ᠪᠣᠯᠪᠠᠴᠤ ᠭᠡᠷ ᠲᠡᠭᠡᠨ ᠬᠠᠷᠢᠭᠰᠠᠨ ᠦᠭᠡᠶ᠂ ᠠᠩᠭᠢ ᠶᠢᠨ ᠶᠢᠡᠨ ᠰᠤᠷᠤᠠᠠᠴᠢ ᠶᠢᠨ ᠪᠠᠢ᠌ᠷᠢ ᠳᠤ ᠤᠷᠦᠵᠤ ᠭᠡᠪᠳᠡᠯ᠎ᠡ᠃ 《ᠣᠳᠤ ᠶᠦᠩᠷᠤᠠᠮ᠎ᠠ ᠲᠡᠶ ᠳᠠᠭᠢᠵᠤ ᠶᠠᠭᠠᠭᠢᠵᠤ ᠵᠤᠯᠭᠠᠳᠠᠭ ᠴᠤ ᠪᠢᠯᠠ》 ᠭᠡᠵᠤ ᠪᠣᠳᠤᠬᠤ ᠳᠤ ᠶᠦᠩᠷᠤᠮ᠎ᠠ ᠳᠤ ᠳᠤᠷᠠᠯᠠᠵᠤ ᠵᠠᠭᠢᠳᠠᠯ ᠦᠭ‍ᠭᠦᠭ᠍ᠰᠡᠨ ᠢ ᠮᠢᠨᠢ ᠭᠡᠨ ᠪᠦᠭᠦᠨ ᠮᠡᠳᠡᠴᠢᠭᠡᠭ᠍ᠰᠡᠨ ᠪᠠᠢ᠌ᠭ᠎ᠠ ᠯᠠ ᠶᠤᠮ ᠰᠢᠭ ᠰᠠᠨᠠᠭᠳᠠᠨ᠎ᠠ᠃

ᠭᠢᠴᠢᠶᠠᠯ ᠪᠠᠭᠤᠭᠰᠠᠨ ᠤ ᠳᠠᠷᠠᠭ᠎ᠠ ᠶᠦᠩᠷᠤᠮ᠎ᠠ᠂ ᠤᠷᠡᠨ᠎ᠡ ᠬᠤᠶᠠᠭᠤᠯᠠ ᠪᠠᠢ᠌ᠷᠢ ᠶᠢᠨ ᠭᠡᠷ ᠤᠨ ᠡᠭᠦᠳᠡ ᠪᠠᠷ ᠪᠠᠬᠠᠨ ᠡᠷᠭᠢᠴᠡᠭ᠍ᠰᠡᠨ ᠪᠣᠯᠪᠠᠴᠤ ᠤᠷᠦᠵᠤ ᠢᠷᠡᠭ᠍ᠰᠡᠨ ᠦᠭᠡᠶ᠃

ᠭᠠᠷᠠᠭ ᠤᠨ ᠵᠢᠷᠭᠤᠭᠠᠨ ᠳᠤ ᠪᠢ ᠨᠠᠭᠠᠴᠤ ᠶᠢᠨ ᠳᠠᠭᠠᠨ ᠶᠠᠪᠣᠬᠤ ᠵᠠᠮ ᠳᠡᠭᠡᠷ᠎ᠡ ᠶᠦᠩᠷᠤᠮ᠎ᠠ ᠲᠡᠶ ᠬᠠᠷᠭᠤᠯ᠎ᠠ᠃ ᠬᠤᠶᠠᠭᠤᠯᠠ ᠪᠠᠨ ᠪᠦᠷ ᠯᠠ ᠭᠡᠷᠡᠭ᠌ ᠭᠢᠴᠢᠭᠡᠭ᠍ᠰᠡᠨ ᠪᠦᠳᠦᠯ ᠦᠭᠡᠶ ᠬᠡᠦᠬᠡᠳ ᠰᠢᠭ᠌ ᠭᠡᠨ ᠭᠡᠨ ᠡᠴᠡ ᠪᠠᠨ ᠴᠢᠷᠠᠢ ᠪᠣᠷᠤᠭᠤᠯᠠᠵᠤ ᠠᠶᠤᠵᠤ᠂ ᠢᠴᠢᠵᠤ᠂ ᠰᠠᠠᠳᠤᠷᠴᠤ᠁ ᠡᠪ ᠥᠭᠡᠢ᠌ᠷᠡᠭᠡᠳ ᠨᠠᠭᠠᠰᠢ ᠴᠠᠭᠠᠰᠢ ᠪᠠᠨ ᠬᠠᠷᠠᠵᠤ᠂ ᠦᠪᠡᠷ ᠶᠢᠡᠨ ᠪᠠᠰᠠ ᠮᠡᠳᠡᠭᠡ ᠦᠭᠡᠶ ᠪᠠᠢ᠌ᠳᠠᠯ᠎ᠠ ᠪᠠᠨ ᠭᠡᠴᠢᠨᠡᠨ ᠵᠢᠯ ᠡᠷᠢᠵᠤ ᠬᠠᠢ᠌ᠵᠤ ᠪᠠᠢ᠌ᠠᠠᠰᠠᠨ ᠶᠠᠭᠤᠮ᠎ᠠ ᠪᠠᠨ ᠭᠡᠨᠡᠳᠲᠡ ᠤᠯᠤᠭᠰᠡᠨ ᠴᠤ ᠶᠤᠮ ᠰᠢᠭ ᠪᠣᠯᠵᠤ ᠪᠦᠭᠦ ᠰᠠᠷᠠᠯ ᠤᠨ ᠡᠷᠭᠡᠳᠡᠨ ᠮᠠᠨᠢ ᠪᠦᠷ ᠣᠢ᠌ᠯᠠᠳᠤᠯ ᠶᠢᠡᠨ ᠠᠯᠳᠠᠭᠠᠤᠨ ᠭᠠᠳᠠᠭᠠᠳᠤ ᠤᠷᠴᠢᠨ ᠳᠤ ᠨᠥᠯᠦᠭᠡᠯᠡᠭ᠍ᠳᠡᠭᠦ ᠪᠠᠨ ᠪᠠᠢ᠌ᠵᠤ ᠭᠦᠮᠤᠨ ᠤ ᠴᠢᠭᠢ ᠪᠠᠷ ᠰᠤᠨᠤᠰᠴᠤ᠂ ᠭᠦᠮᠤᠨ ᠤ ᠠᠮᠠ ᠪᠠᠷ ᠶᠠᠷᠢᠵᠤ ᠪᠠᠢ᠌ᠭ᠎ᠠ ᠯᠠ ᠰᠢᠭ ᠶᠠᠭᠤ ᠪᠣᠯᠤᠠᠠᠰᠠᠨ ᠶᠢᠡᠨ ᠦᠪᠡᠷ ᠶᠢᠡᠨ ᠴᠤ ᠰᠠᠢ᠌ᠨ ᠮᠠᠳᠠᠯ ᠦᠭᠡᠶ ᠶᠡᠭᠡ ᠲᠦᠯᠦᠪ ᠡᠢ᠌ᠨ ᠭᠦ ᠨᠢᠭᠡ ᠶᠠᠷᠢᠯᠴᠠᠭ᠎ᠠ ᠪᠣᠯᠤᠠᠠᠰᠠᠨ ᠶᠤᠮ᠃

《ᠴᠢ ᠨᠠᠳᠠ ᠠᠭᠤᠷᠯᠠᠵᠤ ᠪᠠᠢ᠌ᠨ᠎ᠠ ᠦᠦ︖》

《 ᠦᠭᠡᠶ᠂ ᠦᠭᠡᠶ᠂ ᠴᠢ ᠬᠠᠷᠢᠨ ᠨᠠᠳᠠ ᠠᠭᠤᠷᠯᠠᠵᠤ ᠪᠠᠢ᠌ᠬ᠎ᠠ᠁》

《ᠶᠠᠭᠤ ᠭᠡᠵᠤ ᠳᠡ︕ᠥᠴᠦᠭᠡᠳᠦᠷ ᠦᠳᠡ ᠶᠢᠨ ᠬᠣᠢ᠌ᠨ᠎ᠠ ᠶᠢᠨ ᠭᠢᠴᠢᠶᠠᠯ ᠤᠨ ᠠᠭᠤᠯᠭ᠎ᠠ ᠶᠢ ᠴᠢᠮᠠᠳᠤ ᠳᠡᠮᠳᠡᠭᠯᠡᠵᠤ ᠠᠪᠴᠢᠷᠠᠯ᠎ᠠ᠃ ᠬᠠᠷᠢᠭᠠᠤᠨ ᠬᠤᠷᠳᠤᠨ ᠨᠥᠭᠦᠵᠤ ᠠᠪᠬᠤ ᠦᠭᠡᠶ ᠦᠦ︖ ᠳᠠᠭᠢᠵᠤ ᠬᠠᠷᠢᠨ ᠭᠢᠴᠢᠶᠠᠯ ᠣᠰᠤᠯᠳᠠᠬᠤ ᠦᠭᠡᠶ ᠰᠢᠤ︖》 ᠭᠡᠳ ᠶᠦᠩᠷᠤᠮ᠎ᠠ ᠨᠠᠳᠠ ᠵᠢᠵᠢᠭ᠍‍ᠬᠡᠨ ᠳᠡᠮᠳᠡᠭᠯᠡᠯ ᠤᠨ ᠳᠠᠪᠳᠠᠷ ᠭᠠᠷᠭᠠᠵᠤ ᠦᠭ‍ᠭᠦᠭᠡᠳ ᠰᠠᠯᠵᠤ ᠣᠤᠠᠪᠠ᠃ ᠪᠢ ᠳᠠᠷᠠ ᠴᠢᠭ᠌ ᠲᠡᠭᠡᠨ ᠶᠠᠭᠤ ᠭᠢᠵᠤ ᠶᠠᠪᠣᠭ᠎ᠠ ᠶᠠᠮᠠᠷ ᠭᠦᠮᠤᠨ᠂ ᠬᠠᠮᠢᠭ᠎ᠠ ᠪᠠᠢ᠌ᠭ᠎ᠠ ᠪᠠᠨ ᠭᠦᠷᠳᠡᠯ᠎ᠡ ᠮᠠᠷᠳᠠᠴᠢᠬᠠᠯ᠎ᠠ᠁ ᠨᠢᠭᠡ ᠡᠷ᠎ᠡ ᠭᠦᠮᠤᠨ ᠦᠬᠢᠨ ᠰᠠᠢ᠌ᠬᠠᠨ ᠤᠷᠴᠢᠯᠡᠩ ᠢ ᠠᠩᠬ᠎ᠠ ᠰᠠᠷᠠᠵᠤ ᠮᠡᠳᠡᠭᠦ ᠦᠶ᠎ᠡ ᠶᠢᠨ ᠬᠠᠢ᠌ᠷ᠎ᠠ ᠶᠢᠨ ᠳᠤᠠᠠᠳᠤᠯᠤᠯ ᠶᠠᠭᠤᠳᠠᠢ ᠰᠢᠷᠦᠭᠦᠨ ᠪᠠᠢ᠌ᠳᠠᠭ ᠢ ᠪᠢ ᠳᠠᠷᠠ ᠦᠶ᠎ᠡ ᠡᠴᠡ ᠯᠠ ᠮᠡᠳᠡᠷᠡᠭ᠍ᠰᠡᠨ᠃ ᠳᠠᠷᠠᠭ᠎ᠠ ᠭᠠᠷᠠᠭ ᠤᠨ ᠭᠢᠨᠢ ᠨᠢᠭᠡᠨ ᠳᠤ ᠶᠦᠩᠷᠤᠮ᠎ᠠ ᠮᠢᠨᠤ ᠵᠠᠬ᠎ᠠ ᠶᠢᠨ ᠭᠦᠮᠤᠨ ᠲᠡᠶ ᠣᠷᠤ ᠪᠠᠨ ᠰᠤᠯᠢᠭᠠᠤᠨ ᠪᠢᠳᠠ ᠬᠤᠶᠠᠭᠤᠯᠠ ᠴᠤᠭ ᠰᠠᠭᠤᠯ᠎ᠠ᠃ ᠰᠠᠠᠴᠠᠢ ᠪᠠᠨ ᠰᠢᠨᠠ ᠳᠠᠭᠠᠭᠤᠯᠵᠤ ᠤᠨᠵᠢ᠌ᠯᠭᠠᠨ ᠨᠤᠮ ᠦᠵᠡᠵᠤ ᠰᠠᠭᠤᠬᠤ ᠳᠦᠷᠢ ᠶᠢ ᠨᠢ ᠪᠢ ᠬᠠᠷᠠᠬᠤ ᠳᠤᠷᠠᠳᠠᠢ᠂ ᠬᠠᠶᠠ ᠵᠢᠵᠢᠭ᠌ ᠳᠤᠯᠢ ᠭᠠᠷᠭᠠᠨ ᠨᠢᠭᠤᠷ ᠶᠢᠡᠨ ᠰᠡᠮᠭᠡᠨ ᠰᠢᠠᠵᠢᠵᠤ ᠠᠪᠣᠨ᠎ᠠ᠃ ᠰᠡᠳᠭᠢᠯ ᠳᠠᠯᠪᠢᠨ ᠨᠤᠮ ᠥᠵᠡᠭᠦ ᠪᠣᠯᠪᠠᠴᠤ ᠳᠤᠨᠤᠷᠠᠠᠠᠰᠠᠨ ᠬᠠᠷ᠎ᠠ ᠨᠢᠳᠤ ᠨᠢ ᠰᠤᠷᠮᠤᠤᠰᠤᠨ ᠤ ᠪᠠᠨ ᠴᠠᠭᠠᠨ᠎ᠠ ᠨᠠᠭᠠᠰᠢ ᠴᠠᠭᠠᠰᠢ ᠭᠦᠳᠡᠯᠦᠨ᠎ᠡ᠁ ᠰᠠᠨᠠᠮᠰᠠᠷ ᠦᠭᠡᠶ ᠨᠢᠭᠡ ᠬᠠᠷᠠᠴᠠ ᠮᠥᠷᠭᠦᠯᠳᠦᠭᠦ ᠪᠠᠷ ᠬᠠᠯᠠᠭᠤᠨ ᠢᠯᠴᠢ ᠪᠦᠭᠦ ᠪᠠᠶ᠎ᠠ ᠶᠢ ᠳᠦᠭᠡᠨᠡᠨ᠎ᠡ᠃ ᠪᠢ ᠳᠤᠭᠤᠢ ᠪᠠᠨ ᠭᠡᠭᠡᠴᠢᠭᠡᠭᠡᠳ ᠪᠢᠳᠠ ᠬᠤᠶᠠᠭᠤᠯᠠ ᠭᠠᠠᠠᠴᠠ ᠳᠤᠭᠤᠢ ᠪᠠᠷ ᠰᠤᠷᠭᠠᠭᠤᠯᠢ ᠳᠤ ᠢᠷᠡᠵᠤ ᠪᠣᠴᠠᠳᠠᠭ ᠪᠣᠯᠤᠯ᠎ᠠ᠃ ᠶᠦᠩᠷᠤᠮ᠎ᠠ ᠳᠤᠭᠤᠢ ᠶᠢᠨ ᠠᠷᠤ ᠳᠤ ᠰᠤᠠᠳᠠᠯᠠᠵᠤ ᠰᠠᠭᠤᠬᠤ ᠳᠤᠷ᠎ᠠ ᠦᠭᠡᠶ᠃ ᠪᠢ ᠥᠷᠭᠦᠯᠵᠢ ᠳᠡᠭᠦᠨ ᠤ ᠠᠷᠤ ᠳᠤ ᠭᠠᠠᠵᠤᠭᠠᠯᠠᠭᠳᠠᠵᠤ ᠶᠠᠪᠣᠨ᠎ᠠ᠃ ᠪᠢ ᠵᠥᠪᠭᠡᠨ ᠰᠠᠭᠤᠳᠠᠯ ᠤᠨ ᠳᠠᠮᠤᠷ ᠢ ᠪᠠᠷᠢᠵᠤ ᠰᠠᠭᠤᠨ᠎ᠠ᠃ ᠪᠢ ᠪᠠᠶ᠎ᠠ ᠳ᠋ᠤᠨᠢ ᠭᠠᠷ ᠭᠦᠷᠭᠦ ᠡᠴᠡ ᠪᠠᠨ ᠵᠤᠪᠠᠨ᠎ᠠ᠂ ᠮᠢᠨᠤ ᠭᠠᠷ ᠳᠡᠭᠦᠨ ᠤ ᠴᠠᠮᠴᠠ ᠶᠢ ᠊ᠭ᠍‍ᠬᠢᠷᠳᠦᠭᠡᠭᠦ ᠡᠴᠡ ᠪᠠᠨ ᠠᠶᠤᠨ᠎ᠠ᠃ ᠬᠠᠶᠠ ᠰᠠᠯᠭᠢᠨ ᠤ ᠠᠶ᠎ᠠ ᠪᠠᠷ ᠳᠡᠭᠦᠨ ᠤ ᠰᠤᠯᠠ ᠳᠠᠯᠪᠢᠠᠠᠰᠠᠨ ᠤᠷᠳᠤ ᠭᠡᠵᠢᠭᠡ ᠨᠢᠭᠤᠷ ᠪᠦᠷᠭᠦᠨ ᠰᠡᠪᠢᠯᠵᠡᠭᠦ ᠳᠤ ᠪᠢ ᠬᠤᠷᠸ᠎ᠠ ᠶᠢᠨ ᠬᠠᠮᠤᠭ ᠤᠨ ᠴᠠᠪᠠᠷ ᠠᠭᠠᠷ ᠢ ᠵᠥᠪᠭᠡᠨ ᠳᠡᠭᠦᠨ ᠤ ᠪᠠᠶ᠎ᠠ ᠳᠤ ᠯᠠ ᠪᠠᠢ᠌ᠳᠠᠭ ᠰᠤᠳᠤᠨ ᠦᠨᠦᠷ ᠲᠡᠶ ᠬᠠᠮᠳᠤ ᠭᠦᠨ ᠠᠮᠢᠰᠬᠤᠵᠤ ᠠᠪᠣᠨ᠎ᠠ᠃

ᠠᠩᠬ᠎ᠠ ᠳᠤᠮᠳᠠᠳᠤ ᠳᠡᠭᠦᠰᠭᠦ ᠣᠢ᠌ᠷᠠᠳᠪᠠ᠃ ᠭᠢᠴᠢᠶᠠᠯ ᠶᠢᠡᠨ ᠨᠠᠩ ᠰᠠᠢ᠌ᠨ ᠳᠠᠪᠳᠠᠬᠤ ᠭᠡᠮᠡᠨ ᠭᠡᠷ ᠭᠡᠷ ᠡᠴᠡ ᠪᠠᠨ ᠭᠦᠶ‍ᠦᠯᠴᠡᠳᠡᠭ᠌ ᠶᠢᠡᠨ ᠪᠣᠯᠢᠵᠤ ᠰᠤᠷᠭᠠᠭᠤᠯᠢ ᠶᠢᠨ ᠨᠠᠢ᠌ᠳᠠ ᠶᠢᠨ ᠪᠠᠢ᠌ᠷᠢ ᠳᠤ ᠰᠠᠭᠤᠯ᠎ᠠ᠃ ᠪᠠᠷᠢᠵᠤ ᠳᠠᠭᠤᠰᠤᠭ᠎ᠠ ᠦᠭᠡᠶ ᠭᠢᠴᠢᠶᠠᠯ ᠤᠨ ᠠᠰᠠᠷ ᠲᠤ ᠰᠦᠨᠢᠵᠢᠨ ᠳ᠋ᠸᠩ ᠨᠤᠴᠤᠨ᠎ᠠ᠃ ᠪᠢᠳᠠ ᠬᠤᠶᠠᠷ ᠳ᠋ᠸᠩ ᠤᠨ ᠡᠷᠪᠠᠭᠡᠢ ᠰᠢᠭ᠌ ᠳᠠᠠᠳᠠ ᠬᠤᠷᠭᠤᠳᠠᠵᠤ ᠥᠤᠷ ᠤᠨ ᠬᠤᠶᠠᠷ ᠴᠠᠭ ᠪᠣᠯᠳᠠᠯ᠎ᠠ ᠨᠤᠮ ᠦᠵᠡᠨ᠎ᠠ᠃ ᠪᠠᠷᠢᠠᠠᠰᠠᠨ ᠨᠤᠮ ᠤᠨ ᠶᠢᠡᠨ ᠳᠡᠭᠡᠭᠦᠷ ᠪᠢ ᠳᠡᠭᠦᠨ ᠢ ᠰᠡᠮᠭᠡᠨ ᠬᠠᠷᠠᠨ᠎ᠠ᠃ ᠪᠠᠢ᠌ᠩᠭ᠋ᠤ ᠬᠠᠷᠠᠭᠠᠤᠨ ᠯᠠ ᠪᠠᠢ᠌ᠬᠤ ᠶᠤᠮᠰᠠᠨ ᠭᠡᠵᠤ ᠳᠤᠷᠠᠯᠠᠨ᠎ᠠ᠃ ᠳᠠᠷᠠ ᠬᠠᠶᠠ ᠨᠢᠭᠡ ᠨᠠᠮᠢ᠋ᠢ ᠭᠤᠤᠯ ᠳᠤ ᠤᠷᠦᠳᠡᠯ᠎ᠡ ᠬᠠᠷᠠᠵᠤ ᠠᠪᠣᠭᠠᠤᠨ ᠨᠢᠳᠤ ᠪᠠᠷ ᠶᠢᠡᠨ ᠡᠢᠨᠢᠶᠡᠭᠦ ᠳ᠋ᠤᠨᠢ ᠪᠢ ᠪᠦᠭᠦ ᠤᠷᠴᠢᠯᠡᠩ ᠢ ᠮᠠᠷᠳᠠᠵᠤ ᠤᠷᠭᠢᠨ᠎ᠡ᠃ ᠶᠦᠩᠷᠤᠮ᠎ᠠ ᠳᠤᠰᠬᠠᠢ᠌ᠯᠠᠨ ᠨᠠᠳᠠ ᠳᠤ ᠠᠷᠢᠭᠤᠨ ᠰᠠᠢ᠌ᠬᠠᠨ ᠢ ᠠᠪᠴᠢᠷᠠᠵᠤ᠂ ᠠᠵᠠ ᠵᠢᠷᠭᠠᠯ ᠢ ᠣᠯᠭᠤᠬᠤ ᠪᠠᠷ ᠢᠷᠡᠭ᠍ᠰᠡᠨ ᠶᠤᠮ ᠰᠢᠭ ᠰᠠᠨᠠᠭᠳᠠᠨ᠎ᠠ᠃

ᠪᠢᠳᠠ ᠬᠤᠶᠠᠭᠤᠯᠠ 《ᠬᠠᠷᠢᠶᠠᠳᠤ ᠳᠤᠮᠳᠠᠳᠤ ᠰᠤᠷᠭᠠᠭᠤᠯᠢ》 ᠳᠤ ᠰᠢᠯᠭᠠᠭᠤᠯᠤᠭᠠᠤᠨ ᠭᠤᠭᠤᠵᠢᠠᠠᠳᠠᠪᠠ᠃ ᠭᠡᠷ ᠤᠨ ᠠᠬᠠᠮᠠᠤᠨ ᠪᠠ ᠪᠠᠭᠰᠢᠨᠠᠷ ᠤᠨ ᠬᠠᠷᠠᠮᠰᠠᠯ ᠤᠨ ᠳᠠᠭᠤᠨ ᠤ ᠡᠮᠦᠨ᠎ᠡ ᠨᠠᠳᠠ ᠳᠤ ᠪᠣᠳᠠᠳᠤ ᠠᠬᠤᠢ ᠳᠤ ᠬᠠᠠᠳᠤᠭᠰᠠᠨ ᠶᠠᠯ᠎ᠠ ᠠᠶᠤᠮᠰᠢᠭ ᠤᠨ ᠰᠡᠳᠬᠢᠯᠭᠡ ᠳᠦᠷᠦᠭ᠍ᠳᠡᠵᠤ ᠨᠢᠭᠡ ᠭᠡᠮᠵᠢᠶᠡᠨ ᠳᠤ ᠪᠠᠶ᠎ᠠ ᠪᠠᠨ ᠪᠣᠷᠤᠭᠤᠤᠠᠬᠠᠬᠤ ᠪᠣᠳᠤᠯ ᠣᠷᠤᠪᠠ᠃ ᠥᠷᠭᠦᠯᠵᠢᠯᠡᠨ ᠠᠢ᠌ᠮᠠᠭ ᠤᠨ ᠶᠢᠡᠨ ᠦᠨᠳᠦᠷ ᠳᠤᠮᠳᠠᠳᠤ ᠳᠤ ᠬᠤᠶᠠᠭᠤᠯᠠ ᠬᠤᠶᠠᠷ ᠠᠩᠭᠢ ᠳᠤ ᠬᠤᠪᠢᠶᠠᠭᠳᠠᠨ ᠰᠤᠷᠤᠯᠴᠠᠵᠤ᠂ ᠪᠢ ᠠᠩᠭᠢ ᠶᠢᠨ ᠶᠢᠡᠨ ᠰᠤᠷᠤᠯᠭ᠎ᠠ ᠶᠢᠨ ᠭᠡᠰᠢᠭᠦᠨ ᠪᠣᠯᠤᠯ᠎ᠠ᠃

ᠳᠠᠷᠠᠭ᠎ᠠ ᠬᠠᠪᠣᠷ ᠨᠢ ᠶᠠᠪᠣᠠᠠᠳᠠᠠᠠᠰᠠᠨ ᠪᠦᠭᠦ ᠠᠢ᠌ᠮᠠᠭ ᠤᠨ ᠤᠶᠤᠨ ᠤ ᠤᠷᠤᠯᠳᠤᠭᠠᠨ ᠳᠡᠭᠡᠷ᠎ᠡ ᠪᠢ ᠳᠠᠳ᠋ᠯᠠᠪᠠ᠃ ᠪᠠᠭᠰᠢ ᠨᠠᠮᠢ᠋ᠢ ᠠᠯᠪᠠᠨ ᠭᠡᠷ ᠲᠡᠭᠡᠨ ᠳᠠᠭᠤᠳᠠᠵᠤ᠄

《ᠴᠢ ᠭᠤᠤᠯᠳᠠᠯᠭᠠᠳᠠᠢ ᠶᠡᠭᠡ ᠰᠤᠷᠭᠠᠭᠤᠯᠢ ᠳᠤ ᠶᠠᠪᠣᠵᠤ ᠴᠢᠳᠠᠬᠤ ᠤᠬᠠᠭᠠᠨ ᠲᠡᠶ ᠬᠡᠦᠬᠡᠳ ᠰᠢᠤ︕ ᠤᠳᠤ ᠡᠯᠳᠡᠪ ᠡᠰᠡ ᠶᠢᠨ ᠶᠠᠭᠤᠮᠠᠨ ᠳᠤ ᠰᠠᠨᠠᠭᠠᠰᠢᠷᠠᠳᠠᠭ ᠶᠢᠡᠨ ᠪᠠᠢ᠌ᠵᠤ ᠨᠢᠭᠡ ᠰᠡᠳᠭᠢᠯ ᠶᠢᠡᠷ ᠰᠤᠷᠤᠯᠭ᠎ᠠ ᠳᠠᠭᠠᠨ ᠴᠢᠷᠮᠠᠢ︕ ᠰᠤᠷᠭᠠᠭᠤᠯᠢ ᠪᠠᠨ ᠳᠡᠭᠦᠰᠭᠡᠭᠡᠳ ᠶᠠᠭᠤ ᠭᠢᠭ᠍ᠰᠡᠨ ᠴᠤ ᠪᠣᠯᠤᠨ᠎ᠠ ᠰᠢᠳᠠ》 ᠭᠡᠪᠡ᠃ ᠪᠢ ᠳᠠᠷᠠ ᠥᠭᠡᠨ ᠳᠤ ᠨᠢ ᠳᠡᠨᠡᠭ᠌ ᠭᠦᠳᠡᠯᠵᠤ ᠶᠦᠩᠷᠤᠮ᠎ᠠ ᠳᠤ᠄

《ᠪᠢᠳᠠ ᠬᠤᠶᠠᠷ 3 ᠵᠢᠯ ᠰᠠᠢ᠌ᠳᠠᠬᠤ ᠪᠠᠨ ᠪᠠᠢ᠌ᠴᠢᠬᠠᠶ᠎ᠠ᠂ ᠰᠤᠷᠤᠯᠭ᠎ᠠ ᠳᠠᠭᠠᠨ ᠰᠠᠢ᠌ᠨ ᠴᠢᠷᠮᠠᠢ᠌ᠵᠤ᠂ ᠶᠡᠭᠡ ᠰᠤᠷᠭᠠᠭᠤᠯᠢ ᠳᠤ ᠤᠷᠤᠭᠰᠡᠨ ᠤ ᠪᠠᠨ ᠳᠠᠷᠠᠭ᠎ᠠ ᠳᠠᠭᠢᠵᠤ ᠰᠠᠢ᠌ᠳᠠᠶ᠎ᠠ》 ᠭᠡᠰᠡᠨ ᠠᠭᠤᠯᠭ᠎ᠠ ᠲᠡᠶ ᠵᠠᠭᠢᠳᠠᠯ ᠦᠭ‍ᠭᠦᠭ᠍ᠰᠡᠨ ᠶᠤᠮ᠃ ᠬᠠᠷᠢᠭᠤ ᠨᠢ ᠳᠤᠤᠷ᠎ᠠ ᠪᠠᠨ ᠢᠷᠠᠪᠠ᠃

《ᠴᠢ ᠰᠠᠢ᠌ᠨ ᠴᠢᠷᠮᠠᠢ᠌ᠵᠤ ᠶᠡᠭᠡ ᠰᠤᠷᠭᠠᠭᠤᠯᠢ ᠳᠤ ᠶᠠᠪᠣ ᠡ︕ ᠪᠢ ᠠᠷᠠᠢ ᠳᠡᠢ᠌ᠯᠭᠦ ᠦᠭᠡᠶ ᠪᠠᠢ᠌ᠬ᠎ᠠ᠃ ᠪᠢ ᠴᠢᠮ᠎ᠠ ᠲᠡᠶ ᠳᠠᠭᠢᠵᠤ ᠰᠠᠢ᠌ᠳᠠᠬᠤ ᠦᠭᠡᠶ᠃ ᠵᠠᠭᠢᠳᠠᠯ ᠢ ᠴᠢᠨᠢ ᠴᠤ ᠳᠤᠰᠬᠤ ᠦᠭᠡᠶ᠃ ᠨᠠᠳᠠ ᠡᠴᠡ ᠬᠤᠯᠠ ᠰᠠᠢ᠌ᠨ ᠨᠠᠢ᠌ᠵᠢ ᠦᠬᠢᠨ ᠲᠡᠶ ᠪᠣᠯᠬᠤ ᠶᠢ ᠴᠢᠨᠢ ᠪᠢ ᠢᠳᠡᠭᠡᠨ᠎ᠡ᠂ ᠪᠢ ᠮᠠᠭᠤ ᠶᠠᠪᠣᠵᠤ ᠴᠢᠮᠢ᠋ᠢ ᠪᠠᠶᠠᠷᠯᠠᠭᠤᠯᠬᠤ ᠡᠳᠦᠷ ᠪᠠᠢ᠌ᠬᠤ ᠶᠤᠮ᠁》 ᠭᠡᠮᠡᠨ ᠤᠯᠡᠨ ᠶᠠᠭᠤᠮ᠎ᠠ ᠪᠢᠴᠢᠭ᠍ᠰᠡᠨ ᠪᠠᠢ᠌ᠪᠠ᠃ ᠪᠢ ᠳᠠᠷᠠ ᠳᠤᠤᠷ᠎ᠠ ᠨᠢ ᠳᠡᠭᠦᠨ ᠤ ᠳᠡᠷᠭᠡᠳᠡ ᠭᠦᠷᠴᠤ ᠳᠠᠢ᠌ᠯᠪᠣᠷᠢ ᠭᠢᠭᠦ ᠪᠠᠷ ᠣᠷᠤᠯᠳᠤᠯ᠎ᠠ᠃ ᠶᠦᠩᠷᠤᠮ᠎ᠠ᠄

《ᠤᠯᠡᠨ ᠤ ᠡᠮᠦᠨ᠎ᠡ ᠶᠠᠭᠠᠭᠢᠵᠤ ᠪᠠᠢ᠌ᠬᠤ ᠨᠢ ᠡᠨᠡ ᠪᠣᠢ︕ ᠮᠢᠨᠤ ᠨᠢᠭᠤᠷ ᠢ ᠪᠣᠳᠤ ᠳ᠋ᠠ》 ᠭᠡᠳ ᠪᠦᠷ ᠥᠢᠰᠢᠶᠡᠵᠤ ᠥᠭ᠍ᠳᠡᠭ᠌ ᠦᠭᠡᠶ᠃ ᠪᠢ ᠶᠠᠮᠠᠷ ᠴᠤ ᠵᠤᠷᠢᠯᠭ᠎ᠠ ᠦᠭᠡᠶ ᠨᠢᠭᠡ ᠤᠷᠦᠢ ᠵᠡᠭᠡᠯᠢ ᠳᠠᠭᠠᠭᠠᠤᠨ ᠠᠯᠬᠤᠯ᠎ᠠ᠃ 《ᠪᠢ ᠭᠤᠤᠯᠳᠠᠯᠭ᠎ᠠ ᠲᠡᠶ ᠰᠤᠷᠭᠠᠭᠤᠯᠢ ᠳᠤ ᠶᠠᠪᠣᠵᠤ᠂ ᠴᠢᠳᠠᠯ ᠲᠡᠶ ᠠᠵᠢᠯ ᠲᠡᠶ ᠪᠣᠯᠤᠭᠠᠤᠨ ᠴᠢᠮ᠎ᠠ ᠲᠡᠶ ᠯᠠ ᠰᠠᠢ᠌ᠬᠠᠨ ᠠᠮᠢᠳᠤᠷᠠᠶ᠎ᠠ ᠭᠡᠵᠤ ᠪᠣᠳᠤᠠᠠᠰᠠᠨ᠂ ᠴᠢᠮ᠎ᠠ ᠡᠴᠡ ᠴᠢᠬᠤᠯᠠ ᠶᠠᠭᠤᠮ᠎ᠠ ᠨᠠᠳᠠ ᠪᠠᠢ᠌ᠠᠠᠰᠠᠨ ᠦᠭᠡᠶ︕ ᠴᠢᠮᠢ᠋ᠢ ᠦᠭᠡᠶ ᠪᠠᠷ ᠪᠢ ᠰᠠᠢ᠌ᠨ ᠰᠤᠷᠭᠠᠭᠤᠯᠢ ᠳᠤ ᠶᠠᠪᠣᠭᠠᠤᠨ ᠴᠤ ᠶᠠᠭᠤ ᠭᠢᠭᠦ ᠪᠣᠢ︕ ᠮᠠᠭᠤ ᠶᠠᠪᠣᠬᠤ ᠶᠢ ᠨᠢ ᠭᠡᠯᠡᠪᠠᠯ ᠪᠢ ᠴᠢᠮ᠎ᠠ ᠡᠴᠡ ᠢᠯᠡᠭᠦᠤ ᠮᠠᠭᠤ ᠶᠠᠪᠣᠵᠤ ᠴᠢᠳᠠᠨ᠎ᠠ︕》 ᠳᠤᠳᠤᠷ᠎ᠠ ᠮᠢᠨᠢ ᠨᠢᠭᠡ ᠯᠠ ᠡᠵᠡᠭᠦᠢᠷᠡᠭᠡᠳ᠁ ᠪᠢ ᠴᠤᠬᠤᠮ ᠬᠠᠮᠢᠭ᠎ᠠ ᠡᠴᠡ ᠶᠠᠭᠤ ᠭᠢᠭᠦ ᠪᠠᠷ ᠢᠷᠡᠭ᠍ᠰᠡᠨ ᠭᠦᠮᠤᠨ︖ ᠤᠳᠤ ᠶᠠᠭᠤᠨ ᠤ ᠳᠦᠯᠦᠭᠡ ᠬᠠᠮᠢᠭᠠᠰᠢ ᠪᠠᠨ ᠴᠤ ᠶᠠᠪᠣᠳᠠᠭ ᠪᠢᠯᠠ︖ ᠳᠠᠷᠠ ᠦᠶ᠎ᠡ ᠳᠤ ᠪᠢᠳᠠ ᠬᠤᠶᠠᠷ ᠨᠢᠭᠡ ᠨᠢᠭᠡᠨ ᠤ ᠪᠠᠨ ᠰᠤᠷᠤᠯᠭ᠎ᠠ ᠶᠢ ᠬᠠᠮᠤᠭ ᠡᠴᠡ ᠢᠯᠡᠭᠦᠤ ᠠᠩᠬᠠᠷᠴᠤ ᠪᠣᠳᠤᠯᠭᠢᠯᠠᠳᠠᠭ ᠪᠠᠢ᠌ᠠᠠᠰᠠᠨ ᠯᠠ ᠳ᠋ᠠ᠃ ᠪᠢ ᠳᠡᠭᠦᠨ ᠢ ᠠᠶᠤᠯᠭᠠᠬᠤ ᠭᠠᠠᠠᠴᠠᠠᠠᠠᠨ ᠠᠷᠭ᠎ᠠ ᠪᠣᠳᠤᠵᠤ ᠤᠯᠦᠯ᠎ᠡ᠃ ᠳᠠᠰᠬᠠᠯ ᠭᠢᠭᠦ ᠦᠭᠡᠶ᠂ ᠭᠢᠴᠢᠶᠠᠯ ᠳᠡᠭᠡᠨ ᠰᠢᠮᠳᠠᠬᠤ ᠦᠭᠡᠶ᠁ ᠨᠢᠭᠡ ᠯᠠ ᠥᠭᠡ︕ ᠰᠤᠷᠤᠯᠴᠠᠬᠤ ᠦᠭᠡᠶ︕

ᠰᠡᠭᠦᠯ ᠳ᠋ᠤᠨᠢ ᠶᠦᠩᠷᠤᠮ᠎ᠠ ᠪᠠᠭ᠎ᠠ ᠡᠭᠡᠴᠢ ᠶᠢᠨ ᠳᠡᠭᠡᠨ ᠰᠠᠭᠤᠳᠠᠭ ᠪᠣᠯᠤᠯ᠎ᠠ᠃ ᠪᠢ ᠥᠷᠯᠦᠭᠡ ᠪᠦᠷᠢ ᠡᠭᠡᠴᠢ ᠶᠢᠨ ᠳ᠋ᠤᠨᠢ ᠭᠦᠷᠳᠡᠯ᠎ᠡ ᠭᠦᠶᠤᠨ᠂ ᠭᠠᠳᠠᠨ᠎ᠠ ᠭᠦᠷᠢᠶᠡᠨ ᠤ ᠭᠢᠨᠢ ᠬᠠᠭᠠᠯᠭᠠᠨ ᠵᠠᠪᠰᠠᠷ ᠶᠢᠡᠷ ᠱᠠᠭᠠᠢ᠌ᠵᠤ ᠶᠦᠩᠷᠤᠮ᠎ᠠ ᠶᠢᠨ ᠭᠠᠷᠴᠤ ᠢᠷᠡᠭᠦ ᠶᠢ ᠭᠦᠯᠢᠶᠡᠨ᠎ᠡ᠃ ᠶᠦᠩᠷᠤᠮ᠎ᠠ ᠭᠡᠵᠢᠶ᠎ᠡ ᠭᠡᠷ ᠡᠴᠡ ᠪᠠᠨ ᠭᠠᠷᠴᠤ ᠢᠷᠡᠪᠠᠯ ᠪᠢ ᠳᠠᠳᠤᠢ ᠳᠤ ᠯᠠ ᠰᠠᠨᠠᠭ᠎ᠠ ᠠᠮᠠᠷᠠᠵᠤ ᠳᠠᠷᠠ ᠡᠳᠦᠷ ᠤᠨ ᠬᠠᠮᠤᠭ ᠡᠴᠡ ᠡᠷᠳᠡ ᠶᠦᠩᠷᠤᠮ᠎ᠠ ᠶᠢ ᠬᠠᠷᠠᠠᠠᠰᠠᠨ ᠭᠦᠮᠤᠨ ᠪᠣᠯᠵᠤ ᠰᠤᠷᠭᠠᠭᠤᠯᠢ ᠳᠠᠭᠠᠨ ᠭᠦᠶ‍ᠦᠵᠤ ᠬᠠᠷᠢᠨ᠎ᠠ᠃ ᠡᠨᠡ ᠤᠴᠢᠷ ᠰᠠᠷ᠎ᠠ ᠥᠷᠭᠦᠯᠵᠢᠯᠡᠵᠤ ᠨᠢᠭᠡ ᠤᠳᠠᠭ᠎ᠠ ᠳᠡᠭᠦᠨ ᠤ ᠬᠤᠪᠴᠠᠰᠤ ᠪᠠᠨ ᠠᠷᠠᠢ ᠵᠠᠭᠤᠷᠮ᠎ᠠ ᠰᠢᠭ ᠡᠮᠦᠰᠴᠤ ᠭᠠᠷᠴᠤ ᠢᠷᠡᠭᠦ ᠲᠡᠶ ᠨᠢ ᠤᠯᠵᠤ ᠬᠠᠷᠭᠤᠪᠠ᠃ ᠪᠢ ᠮᠠᠰᠢ ᠡᠪ ᠥᠭᠡᠢ᠌ᠷᠡᠵᠤ ᠳᠠᠭᠢᠵᠤ ᠡᠭᠡᠴᠢ ᠶᠢᠨ ᠭᠢᠨᠢ ᠵᠥᠭ᠌ ᠭᠦᠶ‍ᠦᠭᠦ ᠪᠠᠨ ᠪᠣᠯᠢᠪᠠ᠃ ᠨᠠᠯᠢᠶᠠᠤᠨ ᠤᠷᠳᠤ ᠬᠤᠭᠤᠴᠠᠭ᠎ᠠ ᠪᠠᠷ᠎ᠠ ᠶᠢ ᠨᠢ ᠤᠯᠵᠤ ᠬᠠᠷᠠᠬᠤ ᠡᠴᠡ ᠴᠤ ᠠᠶᠤᠳᠠᠭ ᠪᠣᠯᠤᠯ᠎ᠠ᠃

ᠦᠨᠳᠦᠷ ᠨᠢᠭᠡ ᠶᠢᠨ ᠡᠪᠦᠯ ᠤᠨ ᠴᠢᠯᠦᠭᠡᠨ ᠤ ᠬᠤᠭᠤᠴᠠᠭ᠎ᠠ ᠶᠢ ᠪᠢ ᠶᠠᠷᠤ ᠪᠣᠰᠤ ᠶᠢᠨ ᠣᠢ᠌ᠤᠠᠬᠠᠷ ᠲᠡᠶ ᠥᠩᠭᠡᠷᠡᠭᠡᠯ᠎ᠡ᠃ ᠭᠢᠴᠢᠶᠠᠯ ᠶᠢᠡᠨ ᠳᠠᠪᠳᠠᠵᠤ ᠪᠠᠢ᠌ᠨ᠎ᠠ ᠭᠡᠳ ᠭᠡᠷ ᠡᠴᠡ ᠪᠠᠨ ᠪᠠᠷᠤᠭ ᠭᠠᠷᠤᠭ᠎ᠠ ᠦᠭᠡᠶ᠃ ᠪᠢᠳᠡᠭᠦᠨ ᠤ ᠤᠷᠦᠢ ᠪᠣᠯᠬᠤ ᠳᠤ ᠡᠵᠢ ᠮᠢᠨᠢ ᠤᠳᠠᠭᠠᠨ ᠡᠳᠦᠷ 《ᠳᠠᠪᠳᠠᠠᠠᠰᠠᠨ》 ᠭᠦᠤ ᠪᠠᠨ ᠥᠷᠦᠪᠴᠢᠭᠡᠨ ᠬᠠᠢ᠌ᠷ᠎ᠠ ᠳᠠᠭᠠᠨ ᠡᠩᠭᠦᠷᠡᠢ᠌ᠯᠡᠭ᠍ᠰᠡᠭᠡᠷ᠄

《ᠭᠦᠤ ᠮᠢᠨᠢ ᠭᠡᠳᠤᠨ ᠡᠳᠦᠷ ᠰᠠᠢ᠌ᠬᠠᠨ ᠠᠮᠠᠷᠠᠭᠠᠤᠨ ᠠᠪ ᠳ᠋ᠠ︕ ᠬᠠᠮᠳᠤ ᠰᠤᠷᠤᠠᠠᠴᠢ ᠨᠠᠢ᠌ᠵᠠ ᠨᠥᠭᠦᠤᠨ ᠶᠢᠡᠨ ᠡᠷᠢᠵᠤ ᠨᠠᠭᠠᠳᠬᠤ ᠪᠠᠷ ᠶᠠᠪᠣ᠂ ᠴᠢᠦᠡᠭᠦᠷ ᠭᠢᠷᠢ ᠨᠢ ᠭᠤᠷᠪᠠᠨ ᠡᠳᠦᠷ ᠤᠨ ᠰᠢᠨ᠎ᠠ ᠲᠡᠶ ᠪᠠᠢ᠌ᠳᠠᠭ ᠪᠠᠢ᠌ᠳᠠᠯ᠎ᠠ︕》 ᠭᠡᠳ ᠨᠠᠮᠢ᠋ᠢ ᠪᠠᠷᠤᠭ ᠭᠦᠭᠡᠭᠡᠭᠦ ᠶᠢᠨ ᠨᠠᠭᠠᠭᠤᠷ ᠭᠡᠷ ᠡᠴᠡ ᠭᠠᠷᠭᠠᠯ᠎ᠠ᠃ ᠪᠢ ᠦᠪᠡᠷ ᠤᠨ ᠡᠷᠭᠡ ᠦᠭᠡᠶ ᠶᠦᠩᠷᠤᠮ᠎ᠠ ᠶᠢᠨ ᠭᠡᠷ ᠢ ᠴᠢᠭᠯᠡᠪᠡ᠃ ᠭᠡᠷ ᠤᠨ ᠭᠢᠨᠢ ᠠᠷᠤ ᠳ᠋ᠠᠭᠢ ᠮᠠᠩᠬᠠᠨ ᠳᠡᠭᠡᠷ᠎ᠡ ᠭᠦᠷᠭᠦ ᠳᠤ ᠳᠡᠭ᠍ᠷᠢ ᠨᠢᠭᠡᠨᠲᠡ ᠬᠠᠷᠠᠩᠭ᠋ᠤᠢ ᠪᠣᠯᠪᠠ᠃ ᠳᠠᠰ ᠬᠠᠷᠠᠩᠭ᠋ᠤᠢ ᠰᠦᠨᠢ ᠨᠢᠭᠡ ᠯᠠ ᠨᠠᠮᠵᠢᠭᠤᠬᠠᠨ ᠪᠠᠢ᠌ᠳᠠᠯ᠎ᠠ ᠪᠠᠨ ᠬᠤᠯᠠ ᠣᠢ᠌ᠷ᠎ᠠ ᠡᠴᠡ ᠫᠣᠤᠵᠢᠩ ᠤᠨ ᠳᠠᠭᠤᠨ ᠭᠡᠨᠡᠳᠲᠡ ᠭᠡᠨᠡᠳᠲᠡ ᠰᠤᠨᠤᠰᠳᠠᠵᠤ ᠶᠠᠷᠤ ᠪᠣᠰᠤ ᠶᠢᠨ ᠦᠳᠡᠰᠢ ᠭᠡᠳᠡᠭ᠌ ᠶᠢᠡᠨ ᠨᠠᠳᠠ ᠵᠠᠷᠯᠠᠨ᠎ᠠ᠃ 《ᠶᠦᠩᠷᠤᠮ᠎ᠠ ᠮᠢᠨᠢ ᠤᠳᠤ ᠶᠠᠭᠤ ᠪᠠᠨ ᠭᠢᠵᠤ ᠪᠠᠢ᠌ᠭ᠎ᠠ ᠪᠣᠯ︖ ᠴᠡᠷᠢᠭ᠌ ᠤᠨ ᠨᠤᠭᠤᠭᠠᠨ ᠬᠠᠠᠳᠠᠭᠠᠰᠤ ᠡᠮᠦᠰᠴᠤ ᠭᠡᠵᠢᠭᠡ ᠪᠠᠨ ᠦᠨᠳᠦᠷ ᠪᠣᠭᠤᠴᠢᠬᠠᠭᠠᠤᠨ ᠠᠪᠣ ᠶᠢᠨ ᠶᠢᠡᠨ ᠳᠡᠷᠭᠡᠳᠡ ᠪᠠᠩᠰᠢ ᠪᠠᠷᠢᠵᠤ ᠰᠠᠭᠤᠭ᠎ᠠ ᠪᠣᠯᠪᠠᠤ︖ ᠰᠢᠭᠢᠷ ᠵᠢᠮᠢᠰ ᠡᠯᠳᠡᠪ ᠠᠮᠳᠠᠳᠠᠨ ᠢ ᠡᠮᠦᠨ᠎ᠡ ᠪᠠᠨ ᠳᠠᠯᠪᠢᠴᠢᠬᠠᠭᠠᠤᠨ ᠳᠸᠯᠸᠢᠰ ᠦᠵᠡᠵᠤ ᠰᠠᠭᠤᠭ᠎ᠠ ᠴᠤ ᠪᠣᠯᠪᠠᠤ︖ ᠡᠰᠡᠭᠦᠯ᠎ᠡ᠁》 ᠪᠣᠳᠤᠠᠠᠰᠠᠨ ᠭᠦᠰᠡᠭ᠍ᠰᠡᠨ ᠶᠠᠭᠤᠮ᠎ᠠ ᠭᠡᠵᠢᠶᠡᠳᠡ ᠪᠣᠳᠠᠳᠠᠢ ᠡᠴᠡ ᠬᠤᠯᠠ ᠰᠠᠢ᠌ᠬᠠᠨ ᠪᠠᠢ᠌ᠳᠠᠭ︕ ᠰᠠᠢ᠌ᠬᠠᠨ ᠪᠦᠰᠡᠭᠦᠢ ᠶᠢᠨ ᠳᠦᠷᠢ ᠶᠢ ᠰᠡᠳᠭᠢᠯᠳᠤ ᠵᠠᠯᠠᠭᠤ ᠨᠢ ᠰᠠᠨᠠᠵᠤ ᠪᠠᠢ᠌ᠭᠠᠤᠨ ᠪᠦᠳᠦᠭᠡᠳᠡᠭ᠌ ᠭᠡᠰᠡᠨ︕ ᠪᠢ ᠭᠡᠷ ᠤᠨ ᠭᠢᠨᠢ ᠠᠷᠤ ᠡᠴᠡ ᠠᠮᠢᠰᠬᠤᠯ ᠢ ᠨᠢ ᠮᠠᠳᠠᠷᠠᠵᠤ᠂ ᠵᠢᠷᠦᠭᠡᠨ ᠤ ᠭᠢᠨᠢ ᠴᠤᠭᠢᠯᠭ᠎ᠠ ᠶᠢ ᠨᠢ ᠴᠢᠩᠨᠠᠵᠤ ᠪᠣᠳᠤᠯ ᠳᠠᠭᠠᠨ ᠳᠠᠷᠤᠠᠠᠳᠠᠨ ᠰᠠᠭᠤᠯ᠎ᠠ᠃ ᠭᠡᠨᠡᠳᠲᠡ ᠳᠠᠯ᠎ᠠ ᠪᠦᠷᠢ ᠡᠴᠡ ᠫᠣᠤᠵᠢᠩ ᠤᠨ ᠳᠠᠭᠤᠨ ᠨᠢᠵᠢᠭᠢᠨᠠᠨ ᠰᠦᠨᠢ ᠶᠢᠨ 0 ᠴᠠᠭ ᠪᠣᠯᠤᠭᠰᠠᠨ ᠢ᠂ ᠰᠢᠨ᠎ᠠ ᠨᠢᠭᠡ ᠡᠳᠦᠷ᠂ ᠰᠢᠨ᠎ᠠ ᠨᠢᠭᠡᠨ ᠵᠢᠯ ᠡᠭᠢᠯᠡᠭ᠍ᠰᠡᠨ ᠢ ᠮᠡᠳᠡᠭᠡᠯᠡᠪᠡ᠃ ᠪᠢ ᠵᠢᠵᠢᠭ᠌ ᠳᠡᠯᠭᠡᠭᠦᠷ ᠬᠠᠢ᠌ᠵᠤ ᠪᠠᠬᠠᠨ ᠶᠠᠪᠣᠭᠰᠠᠨ ᠤ ᠡᠴᠦᠰ ᠲᠤ ᠠᠷᠠᠢ ᠭᠡᠵᠤ ᠨᠢᠭᠡ ᠭᠠᠵᠠᠷ ᠨᠠᠳᠠᠳᠤ ᠡᠭᠦᠳᠡ ᠪᠠᠨ ᠨᠡᠭᠡᠭᠡᠪᠡ᠃ ᠡᠨᠡ ᠴᠠᠭ ᠲᠤ ᠶᠠᠮᠠᠷ ᠭᠦᠮᠤᠨ ᠶᠠᠭᠤᠨ ᠤ ᠳᠦᠯᠦᠭᠡ ᠢᠷᠠᠪᠠ ᠭᠡᠰᠡᠨ ᠴᠢᠷᠠᠢ ᠲᠡᠶ᠄

《ᠶᠠᠭᠤ ᠠᠪᠬᠤ ᠪᠣᠢ︖》 ᠭᠡᠭᠦ ᠶᠤᠮ᠃ ᠪᠢ᠄

《ᠭᠦᠵᠢ ᠠᠪᠣᠶ᠎ᠠ᠂ ᠭᠦᠵᠢ ᠪᠠᠢ᠌ᠨ᠎ᠠ ᠦᠦ︖》 ᠭᠡᠰᠡᠨ ᠶᠢᠡᠨ ᠭᠡᠨᠡᠳᠲᠡ ᠰᠠᠨᠠᠵᠤ᠄

《ᠳᠠ ᠰᠠᠢ᠌ᠨ ᠰᠢᠨᠠᠯᠠᠪᠠᠤ︖》 ᠭᠡᠪᠠᠯ᠂ ᠨᠠᠳᠠ ᠨᠢᠭᠡ ᠪᠠᠭᠯᠠᠭ᠎ᠠ ᠭᠦᠵᠢ ᠠᠪᠴᠤ ᠥᠭ᠍ᠴᠢᠭᠡᠭᠡᠳ᠄

《ᠮᠥᠩᠭᠦ ᠳᠦᠯᠦᠭ᠍ᠰᠡᠨ ᠤ ᠭᠡᠷᠡᠭ᠌ ᠦᠭᠡᠶ》 ᠭᠡᠯ᠎ᠡ᠃ ᠪᠢ ᠭᠤᠷᠪᠠᠬᠠᠨ ᠢ ᠰᠤᠭᠤᠯᠠᠵᠤ ᠠᠪᠣᠭᠠᠤᠨ᠄

《ᠪᠠᠶᠠᠷᠯᠠᠯ᠎ᠠ》 ᠭᠡᠵᠤ ᠭᠡᠯᠮᠡᠭ᠍ᠴᠡ ᠪᠣᠴᠠᠭᠠᠤᠨ ᠯᠠ ᠶᠦᠩᠷᠤᠮ᠎ᠠ ᠶᠢᠨ ᠭᠡᠷ ᠤᠨ ᠠᠷᠤ ᠳ᠋ᠠᠭᠢ ᠮᠠᠩᠬᠠᠨ ᠵᠥᠭ᠌ ᠭᠦᠶ‍ᠦᠪᠡ᠃ ᠪᠢ ᠮᠠᠩᠬᠠᠨ ᠤᠷᠦᠢ ᠳᠡᠭᠡᠷ᠎ᠡ ᠵᠢᠵᠢᠭ᠌ ᠤᠪᠤᠭ᠎ᠠ ᠪᠣᠰᠬᠠᠨ ᠭᠦᠵᠢ ᠪᠠᠨ ᠬᠠᠳᠬᠤᠵᠤ ᠮᠥᠷᠭᠦᠭᠡᠳ ᠠᠩᠬ᠎ᠠ ᠤᠳᠠᠭ᠎ᠠ ᠶᠦᠩᠷᠤᠮ᠎ᠠ ᠲᠡᠶ ᠪᠠᠨ ᠴᠤᠭ ᠰᠢᠨᠠᠯᠠᠯ᠎ᠠ᠃ ᠶᠦᠩᠷᠤᠮ᠎ᠠ ᠲᠡᠶ ᠪᠠᠩᠰᠢ ᠢᠳᠠᠵᠤ᠂ ᠳᠸᠯᠸᠢᠰ ᠦᠵᠡᠵᠤ ᠪᠠᠢ᠌ᠬᠤ ᠪᠠᠷ ᠰᠠᠨᠠᠵᠤ᠂ ᠭᠢᠭ᠍ᠰᠡᠨ ᠤᠰᠦᠯ ᠪᠣᠷᠤᠭᠤ ᠪᠠᠨ ᠬᠠᠭᠤᠴᠢᠨ ᠵᠢᠯ ᠳ᠋ᠤᠨᠢ ᠥᠯᠡᠳᠡᠭᠡᠭᠦ ᠭᠡᠵᠤ ᠮᠥᠷᠭᠦᠯ᠎ᠡ᠃ ᠠᠯᠢᠪᠠ ᠪᠦᠭᠦᠨ ᠰᠢᠨ᠎ᠠ ᠪᠠᠷ ᠡᠭᠢᠯᠡᠭᠦ ᠶᠢ ᠳᠠᠭᠢᠨ ᠳᠠᠭᠢᠨ ᠳᠠᠭᠠᠳᠬᠠᠭᠠᠤᠨ ᠬᠠᠷᠢᠯ᠎ᠠ᠃

ᠳᠠᠷᠠᠭ᠎ᠠ ᠬᠤᠭᠤᠴᠠᠭ᠎ᠠ ᠨᠢ ᠭᠢᠴᠢᠶᠠᠯ ᠡᠭᠢᠯᠡᠭᠡᠳ ᠳᠠᠮᠠᠢ ᠣᠳᠠᠭᠰᠠᠨ ᠦᠭᠡᠶ ᠶᠦᠩᠷᠤᠮ᠎ᠠ ᠳᠤᠭᠤᠢ ᠳᠡᠷᠭᠡ ᠪᠠᠨ ᠬᠤᠯᠠᠭᠠᠢ ᠳᠤ ᠠᠯᠳᠠᠪᠠ᠃ ᠪᠢ ᠨᠠᠢ᠌ᠵᠢ ᠨᠥᠭᠦᠤᠨ ᠡᠴᠡ ᠪᠠᠨ ᠮᠥᠩᠭᠦ ᠳᠦᠭᠦᠷᠢᠭ᠌ ᠴᠤᠠᠠᠯᠠᠭᠤᠯᠵᠤ ᠨᠢᠭᠡ ᠳᠤᠭᠤᠢ ᠠᠪᠣᠭᠰᠠᠨ ᠪᠣᠯᠪᠠᠴᠤ ᠶᠦᠩᠷᠤᠮ᠎ᠠ ᠳᠤ ᠥᠭ᠍ᠴᠤ ᠴᠢᠳᠠᠭ᠎ᠠ ᠦᠭᠡᠶ᠃ ᠠᠪᠬᠤ ᠡᠰᠡᠭᠦ ᠨᠢ ᠴᠤ ᠶᠠᠭᠠᠭᠢᠬᠤ ᠪᠣᠢ︖ ᠶᠠᠳᠠᠵᠤ ᠨᠢᠭᠡ ᠭᠡᠯᠡᠵᠤ ᠴᠤ ᠴᠢᠳᠠᠭ᠎ᠠ ᠦᠭᠡᠶ ᠥᠩᠭᠡᠷᠡᠪᠡ᠃ ᠶᠦᠩᠷᠤᠮ᠎ᠠ ᠳᠤ ᠠᠪᠣᠭᠰᠠᠨ ᠳᠤᠭᠤᠢ᠂ ᠳᠠᠶᠠᠭᠠᠷ ᠤᠨ ᠡᠳ᠋ᠯᠡᠳᠡᠭ᠌ ᠤᠨᠤᠭ᠎ᠠ ᠪᠣᠯᠵᠤ ᠭᠡᠨ ᠳᠤᠷᠠᠳᠠᠢ ᠪᠣᠯ ᠳᠠᠷᠠ ᠨᠢ ᠵᠠᠢ᠌ᠳᠠᠯᠠᠭᠠᠤᠨ ᠮᠠᠨᠠᠷᠠᠭᠠᠵᠤ ᠤᠳᠦᠨ᠎ᠡ᠃ ᠠᠷᠪᠢᠨ ᠰᠤᠷᠤᠠᠠᠴᠢ ᠡᠴᠡ ᠮᠥᠩᠭᠦ ᠵᠢᠭᠡᠯᠡᠵᠤ 《ᠶᠠᠳᠠᠭᠤ ᠰᠤᠷᠤᠠᠠᠴᠢ ᠶᠢᠨ ᠳᠦᠯᠦᠭᠡᠯᠡᠭ᠍ᠴᠢ》 ᠭᠡᠭᠦ ᠴᠤᠯᠠ ᠲᠡᠶ ᠨᠢᠭᠡ ᠬᠤᠭᠤᠴᠠᠭ᠎ᠠ ᠶᠢ ᠥᠩᠭᠡᠷᠡᠭᠡᠯ᠎ᠡ᠃

ᠵᠠᠢ᠌ᠳᠠᠵᠤ ᠬᠤᠯᠠᠳᠠᠵᠤ ᠶᠠᠪᠣᠭᠠᠤᠨ ᠨᠢᠭᠡ ᠮᠡᠳᠡᠭᠦ ᠳᠤ ᠦᠨᠳᠦᠷ ᠭᠤᠷᠪᠠ ᠶᠢᠨ ᠰᠡᠭᠦᠯᠴᠢ ᠶᠢᠨ ᠬᠤᠭᠤᠴᠠᠭ᠎ᠠ ᠪᠣᠯᠤᠭᠰᠠᠨ ᠪᠠᠢ᠌ᠯ᠎ᠠ᠃ ᠤᠯᠡᠨ ᠴᠤ ᠤᠳᠠᠭ᠎ᠠ ᠠᠭᠤᠯᠵᠠᠵᠤ ᠶᠠᠷᠢᠯᠴᠠᠬᠤ ᠰᠠᠨᠠᠯ ᠶᠢᠡᠨ ᠦᠭ‍ᠭᠦᠭ᠍ᠰᠡᠨ ᠪᠣᠯᠪᠠᠴᠤ ᠪᠦᠷ ᠬᠤᠭᠤᠰᠤᠳᠠᠪᠠ᠃ 6 ᠵᠢᠯ ᠤᠨ ᠤᠷᠤᠨ ᠤ ᠳᠠᠰ ᠤᠨ 《ᠭᠤᠷᠪᠠᠨ ᠰᠠᠢ᠌ᠠᠳᠠᠢ》 ᠰᠤᠷᠤᠠᠠᠴᠢ ᠊᠊᠊᠊᠊᠊᠊᠊᠊᠊᠊᠊᠊᠊᠊ ᠶᠦᠩᠷᠤᠮ᠎ᠠ ᠶᠢ ᠶᠠᠫᠣᠨ ᠳᠤ ᠶᠠᠪᠣᠭᠤᠯᠬᠤ ᠴᠢᠮᠡᠭᠡ ᠭᠠᠷᠤᠯ᠎ᠠ᠃ ᠪᠢ ᠶᠠᠭᠤᠨ ᠤ ᠳᠦᠯᠦᠭᠡ ᠭᠡᠳᠦᠢ ᠬᠤᠭᠤᠴᠠᠭ᠎ᠠ ᠶᠠᠪᠣᠨ᠎ᠠ ᠭᠡᠳᠡᠭ᠌ ᠢ ᠨᠢ ᠭᠡᠨ ᠡᠴᠡ ᠴᠤ ᠠᠰᠠᠭᠤᠵᠤ ᠴᠢᠳᠠᠭ᠎ᠠ ᠦᠭᠡᠶ᠃ ᠪᠦᠭᠦ ᠶᠠᠭᠤᠮ᠎ᠠ ᠡᠵᠡᠭᠦᠢᠷᠡᠵᠤ ᠬᠤᠭᠤᠰᠤᠷᠠᠭᠠᠤᠨ ᠶᠠᠪᠣᠴᠢᠬᠠᠪᠠ᠃ ᠰᠡᠳᠭᠢᠯ ᠰᠠᠨᠠᠭ᠎ᠠ ᠮᠠᠨᠢ ᠭᠦᠡᠳᠡᠢ ᠬᠠᠩᠭ᠋ᠠᠢ᠁ ᠭᠡᠶ‍ᠦᠷᠡᠵᠤ ᠥᠢᠳᠤᠭᠰᠡᠨ ᠠᠮᠢᠳᠠᠨ ᠬᠦᠬᠡᠬᠤᠲᠠ᠂ ᠪᠣᠭᠤᠳᠤ ᠭᠡᠳ ᠭᠡᠳᠤᠨ ᠨᠠᠢ᠌ᠵᠢ ᠲᠡᠶ ᠪᠠᠨ ᠬᠠᠮᠳᠤ ᠳᠠᠨᠤᠵᠤ ᠳᠤᠭᠤᠷᠢᠵᠤ ᠶᠠᠪᠣᠨ᠎ᠠ᠃ ᠳᠠᠷᠢᠭᠢ ᠳᠤᠯᠤᠭᠠᠢ ᠳᠤ ᠮᠢᠨᠢ ᠶᠦᠩᠷᠤᠮ᠎ᠠ ᠡᠴᠡ ᠠᠰᠲᠠᠭᠠᠨ ᠭᠢᠴᠢᠶᠠᠯ ᠰᠤᠷᠤᠯᠭ᠎ᠠ ᠲᠡᠶ ᠬᠠᠮᠢᠶ᠎ᠠ ᠲᠡᠶ ᠪᠣᠳᠤᠯ ᠨᠢᠭᠡ ᠴᠤ ᠳᠦᠷᠦᠭᠦ ᠦᠭᠡᠶ ᠪᠠᠢ᠌ᠪᠠ᠃

ᠤᠯᠦᠰ ᠤᠨ ᠰᠢᠯᠭᠠᠯᠳᠠ ᠭᠦᠷᠴᠤ ᠢᠷᠡᠭᠦ ᠳᠤ ᠪᠢ ᠰᠤᠷᠭᠠᠭᠤᠯᠢ ᠳᠠᠭᠠᠨ ᠪᠣᠴᠠᠪᠠ᠃ ᠰᠢᠯᠭᠠᠯᠳᠠ ᠪᠠᠨ ᠠᠯᠪᠠ ᠶᠠᠯ᠎ᠠ ᠶᠢᠨ ᠳᠠᠳᠤᠢ ᠶᠠᠭᠤᠮ᠎ᠠ ᠭᠦᠢᠴᠡᠳᠭᠡᠵᠤ᠂ ᠰᠤᠷᠭᠠᠭᠤᠯᠢ ᠰᠤᠩᠭ᠋ᠤᠬᠤ ᠠᠵᠢᠯ᠂ ᠤᠷᠤ ᠭᠡᠷᠡᠭ᠍ᠰᠡᠯ ᠪᠦᠭᠦᠳᠡ ᠶᠢ ᠨᠢᠭᠡ ᠰᠠᠢ᠌ᠨ ᠨᠠᠢ᠌ᠵᠢ ᠳᠠᠭᠠᠨ ᠨᠠᠢ᠌ᠳᠠᠴᠢᠬᠠᠭᠠᠤᠨ ᠨᠤᠳᠤᠭ ᠶᠢᠡᠨ ᠴᠢᠭ᠍ᠯᠡᠪᠡ᠁ ᠬᠤᠷᠸ᠎ᠠ ᠳᠠᠷᠠ ᠴᠢᠭ᠌ ᠶᠢᠡᠷ ᠶᠢᠡᠨ ᠭᠦᠮᠦᠷᠦᠭᠡᠳ ᠢᠷᠡᠭ᠍ᠰᠡᠨ ᠶᠤᠮ ᠰᠢᠭ ᠳᠡᠭ᠍ᠷᠢ ᠪᠦᠷᠭᠦᠢᠵᠤ ᠵᠥᠭᠡᠯᠡᠨ ᠪᠣᠷᠤᠭᠠᠨ ᠰᠢᠪᠠᠷᠠᠨ᠎ᠠ᠃ ᠪᠣᠷᠬᠠᠨ ᠮᠢᠨᠢ︕ ᠪᠢ ᠳᠠᠷᠠ ᠵᠠᠮ ᠭᠦᠭᠡᠭᠡᠭ᠍ᠰᠡᠨ ᠠᠷᠪᠠᠨ ᠭᠡᠳᠤᠨ ᠴᠠᠭ ᠶᠢᠡᠨ ᠶᠠᠮᠠᠷ ᠶᠡᠭᠡ ᠭᠤᠨᠢᠭ ᠵᠤᠪᠠᠯᠠᠩ ᠲᠡᠶ ᠥᠩᠭᠡᠷᠡᠭᠡᠭ᠍ᠰᠡᠨ ᠭᠡᠵᠤ ᠰᠠᠨᠠᠨ᠎ᠠ᠃

《ᠪᠠᠠᠳᠢ ᠮᠢᠨᠢ ᠰᠠᠢ᠌ᠨ ᠰᠢᠯᠭᠠᠭᠠᠤᠯᠤᠠᠠᠰᠠᠨ ᠪᠢᠵᠠ︖》 ᠭᠡᠰᠡᠨ ᠡᠵᠢ ᠶᠢᠨ ᠮᠢᠨᠢ ᠠᠰᠠᠭᠤᠯᠳᠠ᠂ ᠢᠳᠡᠭᠡᠵᠤ ᠨᠠᠢ᠌ᠳᠠᠠᠠᠰᠠᠨ ᠬᠠᠷᠠᠴᠠ ᠳ᠋ᠤᠨᠢ ᠪᠢ ᠳᠤᠯᠭᠠᠮᠳᠠᠪᠠ᠃ ᠡᠨᠡ ᠯᠠ ᠭᠦᠮᠤᠨ ᠤ ᠳᠦᠯᠦᠭᠡ ᠰᠠᠢ᠌ᠨ ᠰᠤᠷᠬᠤ ᠭᠡᠷᠡᠭ᠌ ᠲᠡᠶ ᠶᠤᠮ ᠪᠠᠢ᠌ᠵᠠᠢ ᠭᠡᠰᠡᠨ ᠢ ᠰᠠᠷᠠᠵᠤ ᠮᠡᠳᠡᠭ᠍ᠰᠡᠨ ᠪᠣᠯᠪᠠᠴᠤ ᠳᠠᠩᠴᠤ ᠤᠷᠥᠢᠳᠡᠵᠡᠢ᠁ ᠬᠤᠳᠠᠯ ᠭᠡᠯᠡᠭᠡᠳ ᠴᠤ ᠶᠠᠭᠠᠭᠢᠨᠠᠮ︖ ᠮᠠᠭᠤ ᠰᠢᠯᠭᠠᠭᠤᠯᠤᠠᠠᠰᠠᠨ ᠭᠡᠳᠡᠭ᠌ ᠶᠢᠡᠨ ᠨᠢᠭᠤᠯ ᠦᠭᠡᠶ ᠶᠠᠷᠢᠯ᠎ᠠ᠃ ᠳᠤᠬᠠᠢ ᠶᠢᠨ ᠦᠶ᠎ᠡ ᠳᠤ ᠨᠠᠳᠠ ᠰᠢᠭ ᠡᠭᠡᠯ ᠠᠷᠠᠤᠨ ᠤᠨ ᠬᠡᠦᠬᠡᠳ ᠬᠤᠪᠢ ᠵᠠᠶᠠᠭ᠎ᠠ ᠪᠠᠨ ᠥᠭᠡᠷᠡᠴᠢᠯᠡᠭᠦ ᠪᠦᠳᠦᠮᠵᠢᠳᠡᠢ ᠠᠷᠭ᠎ᠠ ᠵᠠᠮ ᠨᠢ ᠰᠤᠷᠭᠠᠭᠤᠯᠢ ᠳᠤ ᠶᠠᠪᠣᠬᠤ ᠪᠠᠢ᠌ᠠᠠᠰᠠᠨ ᠯᠠ ᠳ᠋ᠠ︕ ᠡᠵᠢ ᠮᠢᠨᠢ ᠴᠤ ᠪᠦᠷ ᠭᠤᠷᠢ ᠳᠠᠰᠤᠷᠠᠴᠢᠬᠠᠭᠰᠠᠨ ᠶᠠᠩᠵᠤ ᠲᠡᠶ᠄

《ᠰᠤᠷᠭᠠᠭᠤᠯᠢ ᠳᠤ ᠭᠠᠷᠬᠤ ᠦᠭᠡᠶ ᠪᠠᠷ ᠭᠦᠤ ᠮᠢᠨᠢ ᠴᠢ ᠶᠠᠭᠠᠭᠢᠵᠤ ᠠᠮᠢᠳᠤᠷᠠᠬᠤ ᠪᠢᠯᠠ᠃ ᠡᠵᠢ ᠨᠢ ᠴᠢᠮᠠᠳᠤ ᠨᠢᠭᠡ ᠳᠠᠯᠪᠢᠭᠤᠷ ᠪᠦᠮᠪᠦᠭᠡ ᠠᠪᠴᠤ ᠦᠭ‍ᠭᠦᠶ᠎ᠡ︕ ᠴᠢ ᠵᠡᠭᠡᠯᠢ ᠶᠢᠨ ᠠᠮᠠᠨ ᠳᠤ ᠨᠢᠭᠡ ᠭᠠᠵᠠᠷ ᠤᠯᠵᠤ ᠳᠡᠭᠦᠨ ᠢ ᠳᠦᠰᠢᠭᠡᠳ ᠯᠠ ᠭᠡᠳᠤᠨ ᠮᠥᠩᠭᠦ ᠤᠯᠬᠤ ᠶᠢ ᠪᠣᠳᠤᠨ᠎ᠠ ᠪᠢᠵᠠ》 ᠭᠡᠭᠦ ᠶᠤᠮ᠃ ᠪᠢ ᠡᠯᠳᠡᠪ ᠡᠰᠡᠨ ᠭᠦᠮᠦᠰ ᠲᠡᠶ ᠰᠠᠢ᠌ᠨ ᠮᠠᠭᠤ ᠪᠠᠨ ᠦᠵᠡᠯᠴᠠᠵᠤ ᠳᠠᠯᠪᠢᠭᠤᠷ ᠪᠦᠮᠪᠦᠭᠡ ᠲᠡᠶ ᠪᠠᠨ ᠨᠤᠴᠤᠯᠳᠤᠵᠤ᠁ ᠨᠠᠷᠠᠨ ᠳᠤ ᠰᠢᠷᠠᠠᠠᠳᠠᠵᠤ᠁ ᠰᠠᠷ᠎ᠠ ᠪᠣᠯᠪᠠ᠃ ᠡᠵᠢ ᠮᠢᠨᠢ ᠪᠠᠠᠠᠰᠢ ᠭᠦᠮᠤᠨ᠃ ᠠᠮᠠᠷᠠᠯᠳᠠ ᠪᠣᠯᠬᠤᠷ ᠪᠠᠠᠠᠰᠢᠨᠠᠷ ᠳᠠᠮᠠᠢ ᠯᠠ ᠠᠢ᠌ᠯ ᠭᠡᠰᠦᠵᠤ ᠵᠤᠭᠤᠭ ᠳᠡᠯᠭᠡᠵᠤ ᠡᠷᠭᠢᠴᠡᠨ᠎ᠡ᠃

《ᠭᠦᠤ ᠴᠢᠨᠢ ᠰᠤᠷᠭᠠᠭᠤᠯᠢ ᠳᠤ ᠰᠢᠯᠭᠠᠭᠤᠯᠤᠭᠠᠤᠨ ᠶᠠᠭᠠᠭᠢᠪᠠ︖》 ᠭᠡᠵᠤ ᠡᠵᠢ ᠶᠢ ᠰᠢᠨᠠᠯᠭᠠᠨ᠎ᠠ᠃ ᠡᠵᠢ ᠥᠶᠡᠷᠭᠡᠳᠡᠭ᠌ ᠭᠦᠮᠦᠰ ᠲᠡᠶ ᠪᠠᠨ ᠶᠠᠷᠢᠬᠤ ᠨᠢ ᠴᠤ ᠴᠥᠭᠡᠷᠡᠵᠤ᠂ 《ᠭᠦᠤ》᠂ 《ᠰᠢᠯᠭᠠᠯᠳᠠ》 ᠭᠡᠭᠦ ᠰᠢᠭ᠌ ᠥᠭᠡ ᠡᠴᠡ ᠵᠠᠢ᠌ᠯᠠᠵᠤ ᠪᠠᠢ᠌ᠯ᠎ᠠ ᠭᠦᠭᠡᠷᠦᠭᠦᠢ᠁

ᠭᠡᠨᠡᠳᠲᠡ ᠨᠢᠭᠡ ᠡᠳᠦᠷ ᠡᠵᠢ᠄

《ᠪᠦᠮᠪᠦᠭᠡ ᠪᠠᠨ ᠬᠤᠷᠢᠶᠠᠭᠠᠤᠨ ᠡᠷᠳᠡᠭᠡᠨ ᠰᠢᠭ᠌ ᠬᠠᠷᠢ᠂ ᠪᠢ ᠴᠢᠮᠠᠳᠤ ᠪᠠᠩᠰᠢ ᠪᠣᠭᠤᠵᠤ ᠢᠳᠡᠭᠦᠯᠦᠶ᠎ᠡ︕》 ᠭᠡᠪᠡ᠃ 《ᠶᠠᠭᠠᠭᠢᠠᠠᠰᠠᠨ ᠶᠤᠮ ᠪᠣᠯ︖ ᠮᠠᠭᠤ ᠭᠦᠤ ᠮᠢᠨᠢ ᠰᠤᠷᠭᠠᠭᠤᠯᠢ ᠳᠤ ᠴᠤ ᠭᠠᠷᠤᠠᠠᠰᠠᠨ ᠦᠭᠡᠶ ᠳᠡᠭᠡᠷ᠎ᠡ ᠪᠠᠨ ᠡᠳᠦᠷᠵᠢᠨ ᠨᠠᠷᠠᠨ ᠳᠤ ᠰᠢᠷᠠᠠᠠᠳᠠᠭᠠᠤᠨ ᠭᠡᠵᠤ ᠦᠷᠦ ᠡᠪᠠᠳᠦᠭ᠍ᠰᠡᠨ ᠪᠣᠯ ᠦᠦ︖ ᠡᠰᠡᠭᠦᠯ᠎ᠡ᠁》 ᠭᠡᠵᠤ ᠳᠠᠭᠠᠮᠠᠠᠠᠯᠠᠠᠠᠰᠠᠭᠠᠷ ᠭᠡᠷ ᠲᠡᠭᠡᠨ ᠬᠠᠷᠢᠯ᠎ᠠ᠃ ᠡᠵᠢ ᠮᠢᠨᠢ ᠶᠡᠭᠡ ᠪᠠᠶᠠᠷ ᠲᠡᠶ ᠪᠠᠢ᠌ᠭ᠎ᠠ ᠨᠢ ᠢᠯᠡᠭᠡᠨ ᠁

《ᠪᠠᠠᠳᠢ ᠰᠤᠷᠭᠠᠭᠤᠯᠢ ᠳᠤ ᠭᠠᠷᠴᠢᠬᠠᠵᠠᠢ︕》 ᠭᠡᠳ ᠨᠠᠳᠠ ᠵᠠᠯᠠᠨ ᠠᠢ᠌ᠯ ᠤᠨ ᠮᠠᠯ ᠳᠠᠷᠢᠶᠠᠯᠠᠩ ᠤᠨ ᠰᠤᠷᠭᠠᠭᠤᠯᠢ ᠶᠢᠨ ᠰᠤᠷᠤᠭᠴᠢ ᠡᠯᠰᠡᠭᠦ ᠮᠡᠳᠡᠭ᠍ᠳᠡᠯ ᠢ ᠭᠠᠷᠳᠠᠭᠤᠯᠤᠯ᠎ᠠ᠃ ᠪᠢ ᠰᠠᠨᠠᠭᠰᠠᠨ ᠰᠤᠷᠭᠠᠭᠤᠯᠢ ᠳᠠᠭᠠᠨ ᠶᠠᠪᠣᠵᠤ ᠴᠢᠳᠠᠭ᠎ᠠ ᠦᠭᠡᠶ ᠴᠤ ᠡᠵᠢ ᠶᠢᠨ ᠶᠢᠡᠨ ᠳᠦᠯᠦᠭᠡ ᠨᠠᠩ ᠶᠡᠭᠡ ᠪᠠᠶᠠᠷᠯᠠᠪᠠ᠃ ᠳᠠᠷᠠ ᠡᠳᠦᠷ ᠡᠴᠡ ᠬᠣᠢ᠌ᠰᠢ ᠡᠵᠢ ᠨᠠᠮᠢ᠋ᠢ ᠳᠠᠩᠳᠠ ᠵᠡᠭᠡᠯᠢ ᠳᠤ ᠳᠠᠭᠠᠭᠤᠯᠵᠤ ᠶᠠᠪᠣᠨ᠎ᠠ᠃ ᠳᠠᠨᠢᠵᠤ ᠮᠡᠳᠡᠭᠦ ᠭᠦᠮᠤᠨ ᠬᠠᠷᠠᠠᠠᠳᠠᠪᠠᠯ ᠬᠤᠯᠠ ᠡᠴᠡ ᠴᠤ ᠭᠡᠰᠡᠨ ᠠᠮᠠᠳᠠᠵᠤ ᠤᠴᠢᠭᠠᠳ ᠵᠤᠯᠭᠠᠨ᠎ᠠ᠃ ᠰᠤᠷᠭᠠᠭᠤᠯᠢ ᠰᠢᠯᠭᠠᠯᠳᠠ ᠭᠡᠳ ᠠᠢ᠌ᠯ ᠭᠦᠷᠰᠢ ᠶᠢᠨ ᠭᠦᠮᠦᠰ ᠲᠡᠶ ᠪᠠᠨ ᠳᠠᠢ᠌ᠪᠣᠭᠤ ᠶᠠᠷᠢᠯᠴᠠᠨ᠎ᠠ᠃ ᠭᠦᠤ ᠪᠠᠨ ᠭᠡᠰᠡᠨ ᠡᠵᠢ ᠶᠢᠨ ᠮᠢᠨᠢ ᠰᠡᠳᠭᠢᠯ ᠳᠠᠨᠢ᠌ᠵᠤ ᠶᠠᠪᠣᠭ᠎ᠠ ᠯᠠ ᠪᠠᠢ᠌ᠵᠤ ᠳ᠋ᠠ︕

ᠴᠢᠯᠦᠭᠡᠨ ᠬᠤᠭᠤᠴᠠᠭ᠎ᠠ ᠪᠢ ᠠᠢ᠌ᠯ ᠤᠨ ᠠᠬ᠎ᠠ ᠶᠢᠨ ᠬᠤᠷᠢᠮ ᠳᠡᠭᠡᠷ᠎ᠡ 《ᠦᠪᠣᠷ ᠮᠤᠩᠭ᠋ᠤᠯ ᠤᠨ ᠶᠡᠭᠡ ᠰᠤᠷᠭᠠᠭᠤᠯᠢ》 ᠶᠢᠨ ᠬᠠᠤᠯᠢ ᠶᠢᠨ ᠰᠠᠯᠪᠣᠷᠢ ᠳᠤ ᠰᠤᠷᠤᠯᠴᠠᠵᠤ ᠪᠠᠢ᠌ᠭ᠎ᠠ ᠮᠥᠩᠭᠦᠨ ᠢ ᠣᠯᠵᠤ ᠬᠠᠷᠠᠯ᠎ᠠ᠃ ᠵᠥᠭᠡᠷ ᠯᠠ ᠵᠤᠭᠤᠭ ᠳᠡᠯᠭᠡᠭᠦ ᠰᠠᠨᠠᠭᠠᠳᠠᠢ ᠳᠡᠭᠦᠨ ᠤ ᠵᠥᠭ᠌ ᠠᠯᠬᠤᠳᠠᠯ᠎ᠠ ᠨᠤᠳᠤᠭ ᠤᠨ ᠬᠤᠶᠠᠷ ᠳᠤᠮᠤᠭᠠᠳᠠᠨ ᠵᠤᠭᠤᠭᠳᠠᠵᠤ ᠭᠠᠷᠪᠠ᠄

《ᠡᠨᠡ ᠦᠬᠢᠨ ᠰᠠᠢ᠌ᠨ ᠰᠤᠷᠳᠠᠭ ᠬᠡᠦᠬᠡᠳ ᠰᠢᠤ︕ ᠣᠳᠤ ᠬᠦᠬᠡᠬᠤᠲᠠ ᠳᠤ ᠰᠤᠷᠤᠯᠴᠠᠵᠤ ᠪᠠᠢ᠌ᠨ᠎ᠠ ᠭᠡᠡᠯᠡᠢ》 ᠭᠡᠪᠠᠯ ᠴᠠᠭᠠᠳᠤ ᠨᠢᠭᠡ ᠨᠢ ᠨᠠᠮᠢ᠋ᠢ ᠵᠢᠭᠠᠭᠠᠤᠨ᠄

《ᠬᠠᠢ︕ ᠳᠠᠷᠠ ᠵᠠᠯᠠᠭᠤ ᠨᠠᠩ ᠰᠥᠷᠡᠭᠡᠢ᠂ ᠣᠳᠤ ᠪᠠᠭᠡᠵᠢᠩ ᠤᠨ ᠴᠠᠭᠠᠳᠠᠢ ᠰᠤᠷᠤᠯᠴᠠᠵᠤ ᠪᠠᠢ᠌ᠨ᠎ᠠ ᠭᠡᠨ᠎ᠡ ᠰᠢᠤ》 ᠭᠡᠭᠦ ᠶᠤᠮ᠃ ᠪᠢ ᠠᠷᠠᠢ ᠭᠡᠵᠤ ᠳᠡᠩᠴᠡᠭᠦᠷᠢ ᠪᠠᠨ ᠣᠯᠵᠤ ᠵᠤᠭᠰᠤᠵᠤ ᠠᠪᠣᠭᠠᠤᠨ ᠪᠣᠴᠠᠭᠠᠤᠨ ᠠᠯᠬᠤᠯ᠎ᠠ᠃ 《ᠴᠢ ᠶᠠᠭᠤ ᠭᠡᠵᠤ ᠮᠠᠭᠤ ᠰᠤᠷᠤᠯᠴᠠᠪᠠ》 ᠭᠡᠳ ᠠᠯᠠᠭᠠᠳᠠᠭᠠᠤᠨ ᠠᠪᠣᠭᠰᠠᠨ ᠪᠣᠯ ᠡᠭᠦᠨ ᠡᠴᠡ ᠴᠢᠨᠢ ᠳᠡᠭᠡᠷ᠎ᠡ ᠪᠠᠢ᠌ᠭᠰᠠᠨ ᠪᠠᠢ᠌ᠬ᠎ᠠ︕ ᠰᠤᠷᠤᠭᠰᠠᠨ ᠮᠡᠳᠡᠭ᠍ᠰᠡᠨ ᠶᠢᠡᠷ ᠶᠢᠡᠨ ᠪᠢᠰᠢ᠂ ᠰᠤᠷᠭᠠᠭᠤᠯᠢ ᠶᠢᠨ ᠶᠢᠡᠨ ᠪᠠᠢ᠌ᠷᠢᠯᠠᠭᠰᠠᠨ ᠭᠠᠵᠠᠷ ᠤᠨ ᠭᠢᠨᠢ ᠬᠤᠯᠠ ᠪᠠᠷ ᠶᠢᠡᠨ ᠭᠦᠮᠤᠨ ᠡᠴᠡ ᠢᠯᠡᠭᠦᠤ ᠠᠯᠳᠠᠷ ᠭᠠᠪᠢᠶ᠎ᠠ ᠲᠡᠶ ᠪᠣᠯᠴᠢᠬᠠᠭᠰᠠᠨ ᠠᠶᠤᠮᠠᠷ ᠠᠮᠢᠳᠠᠨ ᠬᠤᠷᠳᠤᠬᠠᠨ ᠰᠢᠭ ᠳᠠᠷᠠ ᠭᠠᠵᠠᠷ ᠡᠴᠡ ᠰᠠᠯᠤᠭᠠᠤᠨ ᠭᠡᠷ ᠵᠥᠭ᠌ ᠶᠢᠡᠨ ᠠᠯᠬᠤᠪᠠ᠃

ᠶᠦᠩᠷᠤᠮ᠎ᠠ ᠶᠠᠫᠣᠨ ᠶᠢᠡᠷ ᠭᠡᠳᠤᠨ ᠰᠠᠷ᠎ᠠ ᠵᠤᠭᠠᠴᠠᠵᠤ ᠳᠤᠭᠤᠷᠢᠵᠤ ᠪᠣᠴᠠᠵᠤ ᠢᠷᠡᠭᠡᠳ᠂ ᠵᠢᠯ ᠤᠨ ᠳᠠᠷᠠᠭ᠎ᠠ ᠦᠪᠣᠷ ᠮᠤᠩᠭ᠋ᠤᠯ ᠤᠨ ᠳᠠᠷᠢᠶᠠᠯᠠᠩ ᠤᠨ ᠶᠡᠭᠡ ᠰᠤᠷᠭᠠᠭᠤᠯᠢ ᠳᠤ ᠰᠤᠷᠤᠯᠴᠠᠪᠠ᠃ ᠪᠢ ᠥᠷᠭᠦᠯᠵᠢᠯᠡᠨ ᠰᠡᠳᠭᠢᠯ ᠵᠢᠷᠦᠭᠡ ᠪᠠᠨ ᠠᠭᠤᠳᠠᠯᠠᠵᠤ ᠮᠠᠰᠢ ᠠᠷᠪᠢᠨ ᠵᠠᠭᠢᠳᠠᠯ ᠴᠢᠮᠡᠭᠡ ᠪᠢᠴᠢᠭ᠍ᠰᠡᠨ ᠪᠣᠯᠪᠠᠴᠤ ᠳᠠᠰᠤᠷᠬᠠᠢ ᠬᠠᠭᠤᠳᠠᠰᠤᠨ ᠬᠠᠷᠢᠭᠤ ᠳᠤᠰᠤᠭᠰᠠᠨ ᠦᠭᠡᠶ᠃ ᠭᠦᠰᠡᠵᠤ ᠭᠦᠯᠢᠶᠡᠭᠦ ᠶᠢᠨ ᠵᠤᠪᠠᠯᠠᠩ ᠪᠠᠷᠭᠡᠰᠢᠶᠡᠯ ᠶᠠᠭᠠᠭᠢᠵᠤ ᠭᠦᠮᠤᠨ ᠢ ᠳᠠᠷᠴᠢᠯᠭᠠᠨ ᠰᠢᠨᠠᠯᠭᠠᠳᠠᠭ ᠢ ᠭᠡᠨ ᠡᠴᠡ ᠴᠤ ᠭᠦᠡᠵᠡᠭᠡᠢ ᠣᠢ᠌ᠯᠠᠭᠠᠵᠤ ᠮᠠᠳᠠᠷᠠᠵᠤ ᠪᠠᠢ᠌ᠯ᠎ᠠ᠃ ᠪᠢ ᠰᠤᠷᠭᠠᠭᠤᠯᠢ ᠪᠠᠨ ᠳᠡᠭᠦᠰᠭᠡᠭᠡᠳ ᠠᠯᠪᠠᠨ ᠡᠴᠡ ᠳᠤᠭᠢᠷᠠᠭᠤᠯᠤᠭᠰᠠᠨ ᠠᠵᠢᠯ ᠶᠢᠡᠨ ᠭᠢᠭ᠍ᠰᠡᠨ ᠦᠭᠡᠶ᠃ ᠭᠡᠷ ᠲᠡᠭᠡᠨ ᠨᠢ᠋ᠮᠠᠬᠠᠨ ᠬᠤᠨᠤᠭᠠᠤᠨ ᠭᠦᠭ᠍ᠵᠢᠮᠴᠢᠨ ᠪᠣᠯᠬᠤ ᠭᠦᠰᠡᠯ ᠶᠢᠡᠷ ᠬᠦᠬᠡᠬᠤᠲᠠ ᠳᠤ ᠢᠷᠡᠯ᠎ᠡ᠃ ᠶᠦᠩᠷᠤᠮ᠎ᠠ ᠨᠢᠭᠡᠨᠲᠡ ᠰᠤᠷᠤᠯᠭ᠎ᠠ ᠳᠡᠭᠦᠰᠭᠦ ᠥᠢᠷᠡᠳᠤᠭᠰᠡᠨ ᠪᠠᠢ᠌ᠨ᠎ᠠ᠃ ᠮᠢᠨᠤ ᠨᠢᠭᠡ ᠳᠠᠨᠢᠯ ᠵᠠᠯᠠᠭᠤ ᠲᠡᠶ ᠬᠠᠨᠢᠯᠠᠠᠠᠰᠠᠨ ᠪᠠᠢ᠌ᠯ᠎ᠠ᠃ ᠳᠠᠳᠠ ᠬᠤᠶᠠᠭᠤᠯᠠ ᠨᠠᠳᠠ ᠲᠡᠶ ᠠᠭᠤᠯᠵᠠᠬᠤ ᠶᠢᠨ ᠪᠣᠯᠭᠠᠨ ᠶᠦᠩᠷᠤᠮ᠎ᠠ ᠮᠠᠰᠢ ᠶᠡᠭᠡ ᠰᠠᠠᠳᠤᠷᠴᠤ ᠡᠪᠭᠦᠢ᠌ᠷᠡᠨ᠎ᠡ᠃ ᠵᠠᠯᠠᠭᠤ ᠡᠴᠡ ᠪᠠᠨ ᠵᠠᠢ᠌ᠳᠠᠭᠤ ᠪᠠᠢ᠌ᠬᠤ ᠶᠢ ᠭᠢᠴᠢᠶᠡᠭᠦ ᠮᠦᠷᠳᠠᠯ᠎ᠠ ᠪᠠᠨ ᠨᠠᠳᠠᠳᠤ ᠶᠠᠷᠤ ᠶᠠᠭᠤᠮ᠎ᠠ ᠶᠠᠷᠢᠳᠠᠭ ᠦᠭᠡᠶ᠃ ᠡᠭᠦᠨ ᠳ᠋ᠤᠨᠢ ᠪᠢ ᠪᠠᠭ᠎ᠠ ᠴᠤ ᠭᠡᠰᠡᠨ ᠪᠠᠶᠠᠷᠯᠠᠵᠤ ᠠᠪᠣᠨ᠎ᠠ᠃ ᠭᠦᠮᠤᠨ ᠨᠠᠮᠢ᠋ᠢ ᠭᠦᠮᠤᠨ ᠭᠡᠵᠤ ᠭᠦᠡᠳᠦᠯᠡᠭᠦ ᠶᠢ ᠨᠢ ᠪᠢ ᠱᠠᠯ ᠥᠭᠡᠷ᠎ᠡ ᠪᠠᠷ ᠪᠣᠳᠤᠭᠰᠠᠨ ᠪᠠᠢ᠌ᠵᠤ ᠮᠠᠳᠠᠨ᠎ᠠ᠃ ᠶᠠᠭᠤ ᠴᠤ ᠭᠡᠰᠡᠨ ᠨᠠᠳᠠ ᠭᠡᠷᠡᠯ ᠭᠡᠭᠡ ᠬᠠᠷᠠᠭᠳᠠᠬᠤ ᠰᠢᠭ ᠪᠣᠯᠵᠤ ᠪᠠᠢ᠌ᠯ᠎ᠠ᠃

ᠨᠠᠮᠤᠷ ᠤᠨ ᠡᠭᠢᠨ ᠰᠠᠷ᠎ᠠ ᠶᠢᠨ ᠨᠢᠭᠡᠨ ᠦᠳᠠ ᠳᠤ᠄

《ᠵᠠ᠂ ᠵᠠ︕ ᠬᠠᠯᠠᠭᠤᠨ ᠡᠳᠦᠷ ᠪᠠᠢ᠌ᠨ᠎ᠠ᠃ ᠡᠮᠡᠭᠡᠨ ᠲᠡᠶ ᠪᠠᠨ ᠤᠰᠤᠨ ᠳᠤ ᠤᠮᠪᠠᠬᠤ ᠪᠠᠷ ᠶᠠᠪᠣᠬᠤ ᠶᠤᠮ ᠪᠢᠵᠠ︖》 ᠭᠡᠵᠤ ᠵᠠᠯᠠᠭᠤ ᠨᠢ ᠨᠠᠳᠠᠳᠤ ᠭᠠᠢ᠌ᠬᠠᠭᠤᠯᠬᠤ ᠮᠠᠳᠤ ᠶᠠᠷᠢᠨ᠎ᠠ᠃ 《ᠭᠦᠢᠳᠡᠨ ᠤᠰᠤᠨ ᠳᠤ ᠰᠢᠷᠪᠣᠰᠤ ᠴᠢᠨᠢ ᠳᠠᠳᠠᠴᠢᠬᠠᠬᠤ ᠪᠣᠢ︕》 ᠭᠡᠵᠤ ᠭᠡᠯᠡᠮᠡᠷ ᠰᠠᠨᠠᠠᠠᠳᠠᠪᠠᠴᠤ ᠠᠯᠢ ᠴᠢᠳᠠᠬᠤ ᠪᠠᠷ ᠰᠠᠢ᠌ᠬᠠᠨ ᠴᠢᠷᠠᠢ ᠭᠠᠷᠭᠠᠵᠤ ᠥᠩᠭᠡᠷᠡᠯ᠎ᠡ᠁ ᠬᠠᠢ᠌ᠷᠠᠯᠠᠭᠰᠠᠨ ᠭᠠᠭᠴᠠ ᠶᠢ ᠮᠢᠨᠢ ᠥᠭᠡᠷ᠎ᠡ ᠵᠠᠯᠠᠭᠤ ᠳᠠᠭᠠᠭᠤᠯᠵᠤ ᠶᠠᠪᠣᠨ᠎ᠠ ᠭᠡᠭᠦ ᠡᠴᠡ ᠰᠡᠳᠭᠢᠯ ᠭᠦᠡᠳᠦᠷᠡᠭᠡᠳ ᠰᠥᠭᠦᠷᠡᠨ ᠣᠨᠠᠴᠢᠬᠠᠮᠠᠠᠷ ᠰᠠᠨᠠᠭᠳᠠᠨ᠎ᠠ᠃ ᠰᠦᠨᠢ ᠳᠡᠭᠡᠨ ᠪᠢ ᠭᠠᠯᠳᠤ ᠳᠡᠷᠭᠡᠨ ᠳᠤ ᠭᠠᠷᠴᠤ ᠨᠤᠳᠤᠭ ᠶᠢᠡᠨ ᠵᠥᠭᠯᠡᠯ᠎ᠡ᠃

ᠭᠡᠷ ᠡᠴᠡ 2 ᠲᠦᠮᠡ ᠭᠠᠷᠤᠢ ᠵᠤᠭᠤᠰ ᠬᠠᠷᠮᠠᠯᠠᠵᠤ ᠭᠦᠭ᠍ᠵᠢᠮ ᠰᠤᠷᠬᠤ ᠪᠠᠷ ᠪᠠᠭᠡᠵᠢᠩ ᠬᠤᠳᠠ ᠶᠢ ᠴᠢᠭᠯᠡᠪᠡ᠃ ᠭᠢᠴᠢᠶᠠᠯ ᠪᠣᠯᠪᠠᠰᠤᠷᠠᠯ ᠤᠨ ᠳᠠᠷᠤᠭᠠᠰᠤ ᠠᠮᠢᠳᠤᠷᠠᠯ ᠳᠤᠭᠳᠠᠨᠢᠯ ᠤᠨ ᠪᠠᠷᠭᠡᠰᠢᠶᠡᠯ ᠬᠠᠶᠠ ᠬᠠᠶᠠ ᠵᠤᠪᠠᠨᠢᠯ ᠢ ᠮᠢᠨᠢ ᠮᠠᠷᠳᠠᠭᠳᠠᠭᠤᠯᠵᠤ ᠪᠠᠢ᠌ᠯ᠎ᠠ᠃ ᠪᠠᠭᠡᠵᠢᠩ ᠳ᠋ᠠᠭᠢ ᠰᠤᠷᠤᠯᠭ᠎ᠠ ᠪᠠᠨ ᠳᠡᠭᠦᠰᠭᠡᠭᠡᠳ ᠨᠠᠮᠢ᠋ᠢ ᠪᠣᠴᠠᠵᠤ ᠢᠷᠡᠭᠦ ᠳᠤ ᠶᠦᠩᠷᠤᠮ᠎ᠠ ᠳ᠋ᠦ᠋ᠩᠱᠸᠩ ᠬᠤᠳᠠ ᠳᠤ ᠠᠵᠢᠯᠯᠠᠠᠠᠰᠠᠨ ᠪᠠᠢ᠌ᠯ᠎ᠠ᠃ ᠰᠤᠷᠠᠭ ᠢ ᠨᠢ ᠰᠤᠨᠤᠰᠪᠠᠯ ᠨᠠᠢ᠌ᠵᠠ ᠵᠠᠯᠠᠭᠤ ᠡᠴᠡ ᠪᠠᠨ ᠰᠠᠯᠤᠠᠠᠰᠠᠨ ᠶᠤᠮ ᠪᠠᠢ᠌ᠨ᠎ᠠ᠃ ᠪᠢ ᠳᠤᠤᠷ᠎ᠠ ᠨᠢ ᠤᠳᠡᠰᠤ ᠠᠪᠴᠤ ᠵᠠᠪᠠᠯ ᠳᠡᠭᠦᠨ ᠲᠡᠶ ᠬᠤᠷᠢᠮᠯᠠᠨ᠎ᠠ ᠭᠡᠳᠡᠭ᠌ ᠶᠢᠡᠨ ᠳᠠᠭᠢᠨ ᠳᠠᠭᠢᠨ ᠢᠯᠡᠳᠭᠡᠪᠡ᠃

ᠳᠠᠷᠠ ᠮᠠᠨᠢ ᠬᠤᠪᠢ ᠠᠯᠪᠠᠨ ᠤ ᠤᠴᠢᠷ ᠶᠢᠡᠷ ᠭᠤᠷᠪᠠ ᠤᠳᠠᠭ᠎ᠠ ᠬᠦᠬᠡᠬᠤᠲᠠ ᠳᠤ ᠢᠷᠡᠯ᠎ᠡ᠃ ᠠᠩᠬᠠᠨ ᠤ ᠦᠶ᠎ᠡ ᠶᠢᠨ ᠭᠢ ᠰᠢᠭ᠌ ᠶᠢᠡᠨ ᠳᠤᠳᠤᠨᠤ ᠰᠠᠢ᠌ᠬᠠᠨ ᠪᠣᠯᠵᠤ ᠪᠠᠢ᠌ᠯ᠎ᠠ᠃ ᠪᠢ ᠶᠦᠩᠷᠤᠮ᠎ᠠ ᠳᠤ᠄

《ᠪᠦᠰᠡᠭᠦᠢ ᠮᠢᠨᠢ ᠪᠣᠯᠴᠢᠬ᠎ᠠ》 ᠭᠡᠪᠠᠯ ᠳᠠᠷᠠ᠄

《ᠶᠠᠭᠤ ᠴᠤ ᠭᠡᠰᠡᠨ ᠶᠠᠪᠣᠴᠠ ᠭᠡᠷᠡᠭ᠌ ᠲᠡᠶ ᠰᠢᠳᠠ︕ ᠴᠢ ᠴᠤ ᠬᠠᠷᠢᠴᠠᠭ᠎ᠠ ᠪᠠᠨ ᠨᠢᠭᠡᠯᠡ ᠳᠡᠭᠡᠷ᠎ᠡ ᠬᠤᠪᠢᠷᠠᠭᠠᠴᠢᠬᠠᠶ᠎ᠠ ᠭᠡᠵᠤ ᠪᠣᠳᠤᠭ᠎ᠠ ᠦᠭᠡᠶ ᠪᠢᠵᠠ︖》 ᠭᠡᠭᠦ ᠶᠤᠮ ᠪᠢᠯᠠ᠃ ᠪᠢ ᠶᠠᠮᠠᠷ ᠨᠢᠭᠡᠨ ᠰᠠᠢ᠌ᠨ ᠰᠠᠢ᠌ᠬᠠᠨ ᠤ ᠳᠤᠭᠢᠶ᠎ᠠ ᠶᠢ ᠰᠠᠷᠠᠵᠤ ᠮᠠᠳᠠᠷᠠᠵᠤ ᠳᠡᠭᠦᠨ ᠢ ᠣᠯᠠᠮ ᠶᠡᠭᠡ ᠰᠠᠨᠠᠵᠤ᠂ ᠬᠠᠢ᠌ᠷᠯᠠᠬᠤ ᠪᠣᠯᠤᠭᠰᠠᠨ ᠶᠤᠮ᠃ ᠶᠦᠩᠷᠤᠮ᠎ᠠ ᠲᠡᠶ ᠪᠠᠨ ᠴᠤᠭ ᠬᠠᠮᠳᠤ ᠶᠢᠨ ᠠᠮᠢᠳᠤᠷᠠᠯ ᠶᠢᠡᠨ ᠵᠤᠬᠢᠶᠠᠬᠤ ᠭᠡᠵᠤ ᠪᠣᠳᠤᠬᠤ ᠡᠴᠡ ᠭᠢᠵᠠᠭᠠᠷ ᠦᠭᠡᠶ ᠶᠡᠭᠡ ᠠᠵᠠ ᠵᠢᠷᠭᠠᠯ ᠨᠠᠳᠠ ᠪᠠᠭᠤᠭᠰᠠᠨ ᠰᠢᠭ ᠪᠣᠯᠵᠤ᠂ ᠪᠠᠭ᠎ᠠ ᠯᠠ ᠵᠠᠪ ᠲᠡᠶ ᠪᠣᠯ ᠰᠢᠨ᠎ᠠ ᠠᠮᠢᠳᠤᠷᠠᠯ ᠶᠢᠡᠨ ᠪᠣᠳᠤᠵᠤ᠂ ᠪᠢᠴᠢᠵᠤ᠂ ᠵᠢᠷᠤᠭᠯᠠᠵᠤ ᠰᠠᠭᠤᠨ᠎ᠠ᠃

ᠨᠢᠭᠡ ᠤᠳᠠᠭ᠎ᠠ ᠨᠠᠢ᠌ᠵᠠ ᠨᠠᠰᠤᠨ ᠨᠠᠮ᠎ᠠ ᠶᠢ ᠰᠢᠷᠠᠮᠠᠯ ᠱᠤᠷᠤᠯᠠᠭ ᠶᠢᠡᠷ ᠳᠠᠢ᠌ᠯᠠᠵᠤ ᠰᠦᠨᠢᠵᠢᠨ ᠨᠠᠭᠠᠳᠴᠤ ᠴᠡᠩᠭᠡᠵᠤ ᠥᠩᠭᠡᠷᠡᠪᠡ᠃ ᠥᠷᠯᠦᠭᠡ ᠪᠠᠢ᠌ᠷᠢᠨ ᠳᠠᠭᠠᠨ ᠪᠣᠴᠠᠵᠤ ᠢᠷᠡᠭᠦ ᠳᠤ ᠨᠢᠭᠡ ᠪᠢᠴᠢᠭᠡᠰᠤ ᠬᠠᠭᠠᠯᠭᠠᠨ ᠳᠤ ᠬᠠᠪᠴᠢᠭᠤᠯᠤᠭᠠᠰᠤᠳᠠᠢ ᠪᠠᠢ᠌ᠨ᠎ᠠ᠃ 《ᠦᠳᠠᠰᠢ ᠶᠢᠨ ᠶ‍ᠢᠰᠤᠨ ᠴᠠᠭ ᠭᠦᠷᠳᠡᠯ᠎ᠡ ᠭᠡᠷ ᠤᠨ ᠴᠢᠨᠢ ᠭᠠᠳᠠᠨ᠎ᠠ ᠭᠦᠯᠢᠶᠡᠯ᠎ᠡ᠃ ᠭᠡᠷᠪᠡ ᠵᠤᠯᠭᠠᠬᠤ ᠪᠣᠯ ᠮᠠᠷᠭᠠᠰᠢ ᠰᠢᠨ᠎ᠠ ᠣᠯᠠᠭᠠᠨ ᠪᠠᠭᠤᠳᠠᠯ ᠳᠤ ᠭᠦᠷᠦᠭᠡᠳ ᠢᠷᠡᠭᠦ ᠦᠭᠡᠶ ᠦᠦ︖ ᠶᠦᠩᠷᠤᠮ᠎ᠠ》 ᠭᠡᠰᠡᠨ ᠪᠠᠢ᠌ᠯ᠎ᠠ᠃

ᠪᠢ ᠪᠠᠭᠤᠳᠠᠯ ᠳ᠋ᠤᠨᠢ ᠭᠦᠷᠪᠠᠯ᠄

《ᠥᠴᠦᠭᠡᠳᠦᠷ ᠦᠳᠡᠰᠢ ᠴᠢ ᠶᠠᠭᠤ ᠭᠢᠭᠡᠳ ᠶᠠᠪᠣᠴᠢᠬᠠᠳᠠᠭ ᠭᠦᠮᠤᠨ ᠪᠣᠢ︖ ᠪᠢ ᠴᠢᠮᠢ᠋ᠢ ᠪᠦᠷ ᠶ‍ᠢᠰᠤᠨ ᠴᠠᠭ ᠪᠣᠯᠳᠠᠯ᠎ᠠ ᠭᠦᠯᠢᠶᠡᠭ᠍ᠰᠡᠨ ᠰᠢᠤ︕》 ᠭᠡᠵᠤ ᠶᠦᠩᠷᠤᠮ᠎ᠠ ᠭᠡᠯᠡᠯ᠎ᠡ᠃

《ᠨᠠᠰᠤᠨ ᠪᠢᠳᠠ ᠬᠤᠶᠠᠷ ᠰᠦᠨᠢ ᠳᠤᠮᠳᠠ ᠪᠣᠯᠳᠠᠯ᠎ᠠ ᠨᠠᠭᠠᠳᠤᠭᠠᠤᠨ ᠭᠦᠶ‍ᠦᠴᠢᠭᠡᠭ᠍ᠰᠡᠨ ᠰᠢᠳᠠ᠃ ᠥᠭᠡᠷ᠎ᠡ ᠶᠠᠭᠤ ᠭᠢᠭᠦᠪ︖》 ᠭᠡᠪᠠᠯ ᠳᠠᠷᠠ ᠮᠠᠰᠢ ᠴᠢᠷᠠᠢ ᠮᠠᠭᠤ ᠲᠡᠶ ᠪᠠᠢ᠌ᠵᠤ ᠪᠣᠴᠠᠯ᠎ᠠ᠃ ᠪᠢ ᠶᠠᠭᠤ ᠪᠣᠯᠤᠭᠰᠠᠨ ᠢ ᠮᠡᠳᠡᠭᠡ ᠦᠭᠡᠶ ᠦᠯᠠᠳᠠᠪᠠ᠃

ᠪᠠᠢ᠌ᠳᠠᠯ ᠳᠠᠭᠢᠨ ᠬᠤᠪᠢᠷᠠᠵᠤ ᠶᠦᠩᠷᠤᠮ᠎ᠠ ᠨᠠᠮᠢ᠋ᠢ ᠬᠠᠯᠠᠭᠠᠬᠤ ᠪᠠᠨ ᠪᠣᠯᠢᠯ᠎ᠠ᠃

ᠭᠤᠷᠪᠠᠨ ᠰᠠᠷ᠎ᠠ ᠶᠢᠨ ᠳᠠᠷᠠᠭ᠎ᠠ ᠡᠨᠡ ᠣᠴᠢᠷ ᠢ ᠨᠠᠰᠤᠨ ᠨᠠᠳᠠᠳᠤ ᠴᠠᠭᠠᠷᠠᠭᠤᠯᠵᠤ ᠭᠡᠯᠡᠯ᠎ᠡ᠃ ᠳᠠᠷᠠ ᠡᠳᠦᠷ ᠶᠦᠩᠷᠤᠮ᠎ᠠ ᠭᠡᠷ ᠤᠨ ᠮᠢᠨᠢ ᠡᠭᠦᠳᠡᠨ ᠳᠤ ᠢᠷᠡᠭᠡᠳ ᠨᠠᠮᠢ᠋ᠢ ᠭᠦᠯᠢᠶᠡᠵᠤ ᠪᠠᠢ᠌ᠭᠰᠠᠨ ᠶᠤᠮ ᠪᠠᠢ᠌ᠨ᠎ᠠ᠃ ᠨᠠᠰᠤᠨ ᠣᠯᠵᠤ ᠬᠠᠷᠠᠭᠠᠤᠨ᠄

《ᠲᠦᠪᠰᠢᠨ ᠴᠢᠨᠢ ᠮᠠᠨ ᠤ ᠭᠡᠷ ᠲᠤ ᠪᠠᠢ᠌ᠨ᠎ᠠ᠃ ᠪᠢ ᠴᠢᠮ᠎ᠠ ᠳᠤ ᠳᠠᠭᠤᠳᠠᠵᠤ ᠦᠭ‍ᠭᠦᠶ᠎ᠡ》 ᠭᠡᠵᠤ ᠭᠡᠯᠡᠴᠢᠭᠡᠭᠡᠳ ᠨᠠᠮᠢ᠋ᠢ ᠪᠦᠳᠤᠨ ᠰᠦᠨᠢᠵᠢᠨ ᠳᠠᠭᠠᠭᠤᠯᠵᠤ ᠨᠠᠭᠠᠳᠤᠭᠰᠠᠨ ᠶᠤᠮ ᠪᠠᠢ᠌ᠵᠠᠢ᠃ ᠨᠠᠮᠢ᠋ᠢ ᠶᠦᠩᠷᠤᠮ᠎ᠠ ᠲᠡᠶ ᠰᠠᠢ᠌ᠳᠠᠴᠢᠬᠠᠪᠠᠯ ᠪᠠᠢ᠌ᠳᠠᠭ ᠭᠦᠰᠡᠯᠡᠩ᠂ ᠭᠦᠭᠡᠭᠡᠴᠡᠯᠳᠦᠯ ᠶᠢᠡᠨ ᠬᠠᠶᠠᠭᠠᠤᠨ ᠣᠷᠳᠤᠰ ᠲᠤ ᠬᠠᠷᠢᠵᠤ ᠠᠢ᠌ᠯ ᠭᠡᠷ ᠪᠣᠰᠬᠠᠭᠠᠤᠨ ᠰᠠᠭᠤᠴᠢᠬᠠᠬᠤ ᠡᠴᠡ ᠨᠢ ᠠᠶᠤᠭᠰᠠᠨ ᠶᠤᠮ ᠭᠡᠨ᠎ᠡ᠃ ᠳᠡᠭᠡᠭᠡᠳ ᠨᠠᠰᠤᠨ ᠭᠤᠸᠠᠢ᠂ ᠶᠦᠩᠷᠤᠮ᠎ᠠ ᠪᠢᠳᠠ ᠬᠤᠶᠠᠷ ᠲᠤ ᠬᠤᠳᠠᠯ ᠭᠡᠯᠡᠵᠤ ᠣᠷᠭᠢᠵᠠᠢ᠃ ᠪᠢ ᠨᠠᠢ᠌ᠵᠠ ᠶᠢᠨ ᠶᠢᠡᠨ ᠰᠠᠢ᠌ᠬᠠᠨ ᠰᠡᠳᠭᠢᠯ ᠳᠤ ᠪᠠᠶᠠᠷᠯᠠᠵᠤ ᠴᠢᠳᠠᠠᠠᠰᠠᠨ ᠦᠭᠡᠶ᠂ ᠡᠨᠡ ᠪᠦᠭᠦᠢ ᠤᠴᠢᠷ ᠶᠢᠡᠨ ᠶᠦᠩᠷᠤᠮ᠎ᠠ ᠳᠤ ᠳᠠᠢ᠌ᠯᠪᠣᠷᠢᠯᠠᠬᠤ ᠭᠡᠵᠤ ᠭᠡᠷ ᠳᠤᠨᠢ ᠣᠴᠢᠪᠠᠯ ᠳᠠᠷᠠ ᠮᠢᠨᠢ ᠨᠢᠭᠡᠨᠲᠡ ᠶᠠᠫᠣᠨ ᠳᠤ ᠶᠠᠪᠣᠬᠤ ᠪᠠᠷ ᠪᠦᠭᠦ ᠭᠠᠷ ᠭᠦᠢᠴᠡᠳᠭᠡᠯ ᠶᠢᠡᠨ ᠭᠢᠴᠢᠭᠡᠭ᠍ᠰᠡᠨ ᠶᠤᠮ ᠪᠠᠢ᠌ᠨ᠎ᠠ᠃ ᠶᠦᠩᠷᠤᠮ᠎ᠠ ᠭᠡᠷ ᠤᠨ ᠭᠢᠨᠢ ᠡᠭᠦᠳᠡᠨ ᠳᠤ ᠭᠦᠯᠢᠶᠡᠵᠤ ᠵᠤᠭᠰᠤᠭ᠎ᠠ ᠭᠦᠮᠤᠨ ᠢ ᠮᠠᠳᠠᠨ ᠪᠠᠢ᠌ᠵᠤ ᠨᠠᠰᠤᠨ ᠲᠡᠶ ᠭᠠᠷᠴᠤ ᠨᠠᠭᠠᠳᠬᠤ ᠪᠠᠷ ᠶᠠᠪᠣᠭᠰᠠᠨ ᠨᠠᠳᠠ ᠳᠤ ᠭᠠᠢ᠌ᠬᠠᠵᠤ ᠭᠤᠮᠤᠳᠠᠭᠰᠠᠨ ᠪᠣᠯ ᠣᠳᠤ ᠭᠦᠷᠦᠩᠭᠡ ᠪᠠᠨ ᠳᠤᠠᠳᠠᠯᠠᠵᠤ ᠶᠠᠫᠣᠨ ᠳᠤ ᠭᠠᠷᠬᠤ ᠵᠠᠷᠤᠳᠠᠯ ᠰᠥᠢᠦᠡᠭᠡᠯ ᠳᠦᠯᠦᠭ᠍ᠰᠡᠨ ᠶᠡᠭᠡᠰ ᠠᠬᠠᠰ ᠤᠨ ᠶᠢᠡᠨ ᠡᠮᠦᠨ᠎ᠡ ᠪᠣᠴᠠᠬᠤ ᠵᠠᠮ ᠦᠭᠡᠶ ᠪᠠᠢ᠌ᠷᠢᠨ ᠳᠤ ᠣᠷᠤᠭᠰᠠᠨ ᠪᠠᠢ᠌ᠯ᠎ᠠ᠃

ᠨᠢᠭᠡ ᠶᠡᠭᠡ ᠪᠣᠷᠤᠭᠠᠨ ᠲᠡᠶ ᠡᠳᠦᠷ ᠪᠠᠢ᠌ᠠᠠᠰᠠᠨ ᠶᠤᠮ ᠳ᠋ᠠ︕ ᠶᠦᠩᠷᠤᠮ᠎ᠠ ᠨᠠᠳᠠ ᠳᠤ᠄

《ᠭᠡᠷ ᠡᠴᠡ ᠮᠢᠨᠢ ᠶᠠᠪᠣᠵᠤ ᠦᠭ‍ᠭᠦᠭᠡᠴᠢ︕》 ᠭᠡᠵᠤ ᠭᠤᠶᠤᠪᠠ᠃

《ᠳᠠᠭᠢᠭᠠᠤᠨ ᠪᠢᠳᠡᠭᠡᠢ ᠮᠢᠨᠤ ᠭᠡᠷ ᠲᠤ ᠢᠷ᠎ᠡ》 ᠭᠡᠵᠤ ᠴᠤ ᠵᠠᠩᠨᠠᠪᠠ᠁ ᠵᠢᠷᠦᠭᠡᠨ ᠳᠡᠭᠡᠷ᠎ᠡ ᠮᠢᠨᠢ ᠨᠢᠭᠡ ᠯᠠ ᠭᠦᠡᠳᠤ ᠨᠦᠰᠠᠷ ᠶᠠᠭᠤᠮ᠎ᠠ ᠳᠠᠷᠤᠴᠢᠬᠠᠠᠠᠰᠠᠨ ᠰᠢᠭ ᠪᠣᠯᠪᠠ᠁ ᠳᠠᠷᠠ ᠮᠦᠷᠳᠠᠯ᠎ᠠ ᠪᠠᠨ ᠪᠦᠭᠦ ᠳᠠᠷᠤᠯᠳᠠ ᠨᠢ ᠨᠠᠳᠠ ᠬᠠᠷᠢᠨ ᠪᠣᠴᠠᠭᠠᠤᠨ ᠪᠠᠭᠠᠠᠳᠠᠭᠠᠤᠨ ᠪᠠᠢ᠌ᠬᠤ ᠴᠤ ᠰᠢᠭ ᠰᠠᠨᠠᠠᠠᠳᠠᠨ᠎ᠠ᠁ ᠪᠢ ᠳᠤᠭᠤᠢ ᠪᠠᠨ ᠮᠦᠷᠤᠯᠠᠵᠤ ᠡᠭᠦᠷᠦᠭᠡᠳ ᠪᠣᠷᠤᠭᠠᠨ ᠳᠤᠮᠳᠠᠭᠤᠷ ᠠᠯᠬᠤᠯ᠎ᠠ᠁ ᠨᠠᠳᠠ ᠬᠠᠮᠢᠭᠠᠰᠢ ᠶᠠᠪᠣᠨ᠎ᠠ ᠭᠡᠰᠡᠨ ᠳᠤᠳᠤᠷᠬᠠᠢ ᠴᠢᠭ᠍ᠯᠡᠯ ᠪᠠᠢ᠌ᠭᠰᠠᠨ ᠦᠭᠡᠶ᠃ ᠪᠢ ᠶᠦᠩᠷᠤᠮ᠎ᠠ ᠡᠴᠡ ᠪᠠᠨ᠂ ᠵᠠᠯᠠᠭᠤ ᠨᠠᠰᠤ ᠡᠴᠡ ᠪᠠᠨ᠂ ᠭᠦᠮᠤᠨ ᠢ ᠬᠠᠢ᠌ᠷᠠᠯᠠᠵᠤ ᠭᠦᠮᠤᠨ ᠶᠢᠡᠷ ᠬᠠᠢ᠌ᠷᠠᠯᠠᠭᠤᠯᠬᠤ ᠭᠡᠰᠡᠨ ᠰᠠᠢ᠌ᠬᠠᠨ ᠭᠦᠰᠡᠯ ᠡᠴᠡ ᠪᠠᠨ ᠪᠣᠷᠤᠭᠠᠨ ᠤ ᠳᠤᠮᠳᠠᠭᠤᠷ ᠳᠤᠭᠤᠢ ᠡᠭᠦᠷᠴᠤ ᠰᠠᠯᠤᠠᠠᠰᠠᠨ ᠶᠤᠮ᠃ ᠪᠢ ᠮᠠᠷᠭᠠᠰᠢ ᠨᠢ ᠳ᠋ᠦ᠋ᠩᠱᠸᠩ ᠬᠤᠳᠠ ᠳᠤ ᠨᠢᠭᠡ ᠳᠠᠨᠢᠳᠠᠭ ᠦᠬᠢᠨ ᠳᠡᠭᠡᠨ᠄

《ᠬᠤᠶᠠᠭᠤᠯᠠ ᠰᠠᠢ᠌ᠳᠠᠴᠢᠬᠠᠶ᠎ᠠ》 ᠭᠡᠪᠠᠯ ᠪᠣᠯᠳᠠᠭ ᠦᠭᠡᠶ ᠭᠡᠨ᠎ᠡ᠃ ᠬᠦᠬᠡᠬᠤᠲᠠ ᠳᠤ ᠢᠷᠡᠭᠡᠳ ᠪᠠᠰᠠ ᠨᠢᠭᠡ ᠳᠠᠨᠢᠳᠠᠭ ᠮᠤᠩᠭ᠋ᠤᠯ ᠦᠬᠢᠨ ᠲᠡᠶ ᠪᠠᠨ 《ᠰᠠᠢ᠌ᠳᠠᠴᠢᠬᠠᠶ᠎ᠠ》 ᠭᠡᠭᠦᠯᠡᠷ ᠪᠠᠰᠠ ᠪᠣᠯᠬᠤ ᠦᠭᠡᠶ ᠭᠡᠵᠤ ᠪᠠᠢ᠌ᠨ᠎ᠠ᠃ ᠳᠠᠭᠢᠭᠠᠤᠨ ᠵᠢᠯ ᠤᠨ ᠡᠮᠦᠨ᠎ᠡ ᠳᠠᠨᠢᠯᠴᠠᠠᠠᠰᠠᠨ ᠨᠢᠭᠡ ᠢᠷᠭᠡᠨ ᠦᠬᠢᠨ ᠳᠡᠭᠡᠨ᠄

《ᠴᠢᠮ᠎ᠠ ᠲᠡᠶ ᠰᠠᠢ᠌ᠳᠠᠶ᠎ᠠ ᠪᠣᠯᠬᠤ ᠦᠦ︖》 ᠭᠡᠪᠠᠯ᠄

《ᠪᠢ ᠥᠴᠦᠭᠡᠳᠦᠷᠭᠡᠨ ᠨᠠᠢ᠌ᠵᠠ ᠵᠠᠯᠠᠭᠤ ᠡᠴᠡ ᠪᠠᠨ ᠰᠠᠯᠤᠭᠰᠠᠨ ᠶᠤᠮ᠃ ᠴᠢ ᠮᠢᠨᠤ ᠨᠠᠢ᠌ᠵᠠ ᠶᠤᠮ ᠰᠢᠭ ᠵᠥᠴᠦᠭᠡᠯᠡᠭᠡᠳ ᠠᠯᠢ︕ ᠪᠢ ᠳᠡᠭᠦᠨ ᠳᠤ ᠨᠢᠭᠡ ᠵᠠᠯᠠᠭᠤ ᠲᠡᠶ ᠶᠠᠪᠣᠵᠤ ᠬᠠᠷᠠᠠᠠᠳᠠᠮᠠᠷ ᠪᠠᠢ᠌ᠨ᠎ᠠ》 ᠭᠡᠭᠦ ᠶᠤᠮ᠃ ᠰᠡᠭᠦᠯᠡᠷ ᠨᠢ ᠪᠢᠳᠠ ᠬᠤᠶᠠᠷ ᠳᠠᠩᠳᠠ ᠴᠤᠭ ᠶᠠᠪᠣᠳᠠᠭ ᠪᠣᠯᠪᠠ᠃ ᠠᠷᠪᠢᠨ ᠭᠦᠮᠤᠨ ᠳᠤ ᠠᠪᠠᠭᠠᠢ ᠮᠢᠨᠢ ᠭᠡᠵᠤ ᠳᠠᠨᠢᠯᠴᠠᠭᠤᠯᠤᠨ᠎ᠠ᠃ ᠵᠠᠷᠢᠮ ᠳᠠᠭᠠᠨ ᠳᠡᠭᠦᠨ ᠤ ᠭᠠᠷ ᠢ ᠨᠢ ᠪᠠᠷᠢᠬᠤ ᠭᠡᠵᠤ ᠠᠶᠤᠯᠭᠠᠳᠠᠭ᠂ ᠳᠡᠪᠠᠷᠢᠭᠦ ᠭᠡᠵᠤ ᠠᠶᠤᠯᠭᠠᠳᠠᠭ᠂ ᠬᠠᠷᠢᠭᠤ ᠳ᠋ᠤᠨᠢ ᠭᠦᠴᠦᠳᠡᠢ ᠡᠰᠡᠷᠭᠦᠴᠡᠵᠤ ᠭᠦᠩᠭᠡᠨ ᠴᠤᠭᠢᠳᠠᠭ ᠪᠠᠢ᠌ᠭᠰᠠᠨ ᠳ᠋ᠠ᠃ ᠳᠡᠭᠡᠭᠡᠳ ᠨᠠᠯᠢᠶᠠᠤᠨ ᠭᠡᠳᠤᠨ ᠵᠢᠯ ᠥᠩᠭᠡᠷᠡᠪᠡ᠃ ᠨᠢᠭᠡ ᠤᠳᠠᠭ᠎ᠠ ᠳᠡᠭᠦᠨ ᠲᠡᠶ ᠨᠠᠭᠠᠳᠴᠤ ᠪᠠᠢ᠌ᠭᠠᠤᠨ ᠳᠠᠪᠠᠷᠢᠵᠤ ᠠᠪᠬᠤ ᠳᠤ ᠳᠠᠷᠠ ᠡᠰᠡᠷᠭᠦᠴᠡᠭ᠍ᠰᠡᠨ ᠦᠭᠡᠶ᠂ ᠴᠤᠭᠢᠠᠠᠰᠠᠨ ᠴᠤ ᠦᠭᠡᠶ᠂ ᠪᠢ ᠬᠠᠷᠢᠨ ᠭᠦᠮᠤᠨ ᠤ ᠦᠬᠢᠨ ᠢ ᠳᠠᠪᠠᠷᠢᠵᠤ ᠵᠤᠠᠠᠰᠤᠭᠠᠤᠨ ᠪᠠᠢ᠌ᠬᠤ ᠴᠤ ᠪᠢᠰᠢ ᠬᠠᠶᠠᠭᠠᠤᠨ ᠳᠤᠳᠠᠭᠠᠬᠤ ᠴᠤ ᠪᠢᠰᠢ ᠬᠠᠴᠢᠨ ᠡᠪ ᠥᠭᠡᠢ᠌ᠷᠡᠭ᠍ᠰᠡᠨ ᠶᠢᠡᠨ ᠰᠠᠨᠠᠵᠤ ᠪᠠᠢ᠌ᠨ᠎ᠠ᠃

ᠭᠡᠨᠡᠳᠲᠡ ᠶᠦᠩᠷᠤᠮ᠎ᠠ ᠶᠠᠫᠣᠨ ᠡᠴᠡ ᠨᠢᠭᠡ ᠵᠠᠯᠠᠭᠤ ᠳᠠᠭᠠᠭᠤᠯᠵᠤ ᠪᠣᠴᠠᠵᠤ ᠢᠷᠡᠭᠡᠳ ᠬᠤᠷᠢᠮᠯᠠᠬᠤ ᠭᠡᠵᠤ ᠪᠠᠢ᠌ᠨ᠎ᠠ ᠭᠡᠰᠡᠨ ᠴᠢᠮᠡᠭᠡ ᠭᠠᠷᠤᠯ᠎ᠠ᠃ ᠬᠠᠮᠳᠤᠯᠢᠭ ᠤᠨ ᠮᠢᠨᠢ ᠭᠡᠳᠤᠨ ᠨᠥᠭᠦᠤᠨ ᠨᠠᠳᠠ ᠲᠡᠶ ᠠᠳᠠᠯᠢ ᠰᠠᠠᠳᠤᠷᠴᠤ᠂ ᠪᠢ ᠬᠤᠷᠢᠮ ᠳ᠋ᠤᠨᠢ ᠡᠮᠦᠰᠭᠦ ᠪᠠᠷ ᠨᠢᠭᠡ ᠰᠠᠷ᠎ᠠ ᠭᠡᠳᠤ ᠭᠡᠳᠤᠨ ᠵᠠᠬ᠎ᠠ ᠬᠤᠪᠴᠠᠰᠤ ᠪᠡᠯᠡᠳᠭᠡᠯ᠎ᠡ᠃ ᠬᠤᠷᠢᠮ ᠳᠡᠭᠡᠷ᠎ᠡ ᠨᠢ ᠶᠡᠭᠡ ᠯᠠ ᠶᠤᠰᠤ ᠨᠤᠮ ᠲᠡᠶ ᠪᠠᠢ᠌ᠬᠤ ᠪᠠᠷ ᠪᠣᠳᠤᠵᠤ ᠪᠢᠯᠠ᠃ ᠭᠡᠳᠡᠯ᠎ᠡ ᠳᠠᠷᠠ ᠬᠤᠷᠢᠮ ᠶᠢᠡᠨ ᠨᠠᠳᠠ ᠭᠡᠯᠡᠭ᠍ᠰᠡᠨ ᠦᠭᠡᠶ︕

ᠭᠤᠷᠪᠠᠨ ᠰᠠᠷ᠎ᠠ ᠶᠢᠨ ᠭᠢᠨᠢ ᠳᠠᠷᠠᠭ᠎ᠠ ᠪᠢ ᠬᠤᠷᠢᠮ ᠶᠢᠡᠨ ᠭᠢᠯ᠎ᠠ᠃ ᠮᠡᠳᠡᠭᠡᠵᠢ ᠮᠢᠨᠤ ᠪᠦᠰᠡᠭᠦᠢ ᠪᠣᠯ ᠳᠠᠨᠤᠰ ᠤᠨ ᠳᠠᠨᠢᠯ᠂ ᠮᠢᠨᠤ ᠳᠠᠪᠠᠷᠢᠵᠤ ᠵᠤᠭᠰᠤᠭᠠᠤᠨ ᠡᠪ ᠥᠭᠡᠢ᠌ᠷᠡᠵᠤ ᠪᠠᠢ᠌ᠭᠰᠠᠨ ᠳᠠᠷᠠ ᠢᠷᠭᠡᠨ ᠦᠬᠢᠨ ᠪᠣᠯᠤᠨ᠎ᠠ᠃ ᠪᠦᠰᠡᠭᠦᠢ ᠮᠢᠨᠢ ᠭᠡᠵᠤ ᠰᠠᠢ᠌ᠨ ᠴᠤ ᠭᠡᠦᠭᠡᠨ ᠰᠠᠢ᠌ᠬᠠᠨ ᠴᠤ ᠭᠡᠦᠭᠡᠨ ᠪᠠᠢ᠌ᠪᠠ︕ ᠪᠢ ᠬᠠᠢ᠌ᠷᠠᠯᠠᠵᠤ ᠴᠢᠳᠠᠠᠠᠰᠠᠨ ᠦᠭᠡᠶ ᠶᠢ ᠭᠠᠷᠭᠠᠪᠠᠯ ᠬᠠᠵᠠᠭᠠᠢ ᠠᠮᠠᠯᠠᠮᠠᠷ ᠶᠠᠭᠤᠮ᠎ᠠ ᠠᠯᠠᠭ᠎ᠠ᠃ ᠪᠢ ᠪᠦᠰᠡᠭᠦᠢ ᠪᠠᠨ ᠳᠠᠩᠳᠠ ᠡ᠊ᠨᠳᠡᠭᠦᠷᠡᠭᠡᠳ 《ᠶᠦᠩᠷᠤᠮ᠎ᠠ》 ᠭᠡᠵᠤ ᠳᠠᠭᠤᠳᠠᠳᠠᠭ᠃ ᠬᠠᠷᠢᠭᠤ ᠳ᠋ᠤᠨᠢ ᠡᠮᠡᠭ᠍ᠳᠡᠢ ᠭᠦᠮᠤᠨ ᠳᠤ ᠯᠠ ᠪᠠᠢ᠌ᠳᠠᠭ ᠠᠷᠭ᠎ᠠ ᠪᠠᠷ ᠪᠠᠶ᠎ᠠ ᠳᠤ ᠮᠢᠨᠢ ᠵᠢᠵᠢᠭ᠌ ᠤᠷᠦᠮ ᠭᠠᠷᠭᠠᠵᠤ ᠶᠠᠯᠠᠳᠠᠳᠠᠭ᠃ ᠶᠦᠩᠷᠤᠮ᠎ᠠ ᠶᠢᠨ ᠨᠠᠷ᠎ᠠ ᠶᠢ ᠳᠠᠭᠤᠳᠠᠠᠠᠰᠠᠨ ᠳᠤᠭ᠎ᠠ ᠪᠠᠷ ᠳᠠᠮᠠᠭᠠᠯᠠᠭᠰᠠᠨ ᠰᠤᠷᠪᠢ ᠨᠠᠳᠠ ᠴᠥᠭᠡᠭᠡᠨ ᠰᠠᠨᠠᠭᠳᠠᠳᠠᠭ ᠶᠤᠮ᠃ ᠪᠦᠰᠡᠭᠦᠢ ᠳᠤ ᠮᠢᠨᠢ ᠬᠠᠷᠢᠨ ᠠᠷᠪᠢᠨ ᠰᠠᠨᠠᠠᠠᠳᠠᠳᠠᠭ ᠪᠣᠯᠤᠯᠳᠠᠢ᠂ ᠶᠠᠯᠠᠳᠠᠬᠤ ᠨᠢ ᠤᠯᠡᠮ ᠡᠴᠡ ᠤᠯᠡᠮ ᠴᠥᠭᠡᠭᠡᠷᠡᠵᠤ ᠪᠠᠢ᠌ᠨ᠎ᠠ᠃ ᠪᠦᠰᠡᠭᠦᠢ ᠮᠢᠨᠢ ᠵᠠᠪᠠᠯ ᠨᠠᠳᠠ ᠤᠷᠤᠭᠤ ᠬᠠᠠᠳᠤᠵᠤ ᠤᠨᠳᠠᠳᠠᠭ᠃ ᠵᠦᠪ ᠳᠠᠯ᠎ᠠ ᠪᠠᠷ ᠮᠢᠨᠢ ᠤᠨᠳᠡᠪᠠᠯ ᠵᠢᠷᠦᠭᠡ ᠪᠠᠨ ᠳᠠᠷᠤᠴᠢᠬᠠᠬᠤ ᠪᠣᠢ ᠭᠡᠮᠡᠨ ᠪᠢ ᠪᠦᠰᠡᠭᠦᠢ ᠪᠠᠨ ᠪᠣᠷᠤᠭᠤ ᠳᠠᠯ᠎ᠠ ᠳᠠᠭᠠᠨ ᠤᠨᠳᠠᠭᠤᠯᠳᠠᠭ᠃ ᠳᠡᠭᠦᠨ ᠤ ᠮᠢᠨᠢ ᠥᠯᠡᠳᠡᠭᠡᠭ᠍ᠰᠡᠨ ᠵᠢᠵᠢᠭ᠌ ᠰᠤᠷᠪᠢ ᠪᠦᠷ ᠪᠣᠷᠤᠭᠤ ᠳᠠᠯ᠎ᠠ ᠳᠤ ᠮᠢᠨᠢ ᠪᠠᠢ᠌ᠳᠠᠭ ᠶᠤᠮ᠃


ᠬᠠᠶᠠᠭ᠄ ᠬᠦᠬᠡᠬᠤᠲᠠ᠂ ᠳᠠᠷᠬᠠᠨ ᠬᠠᠮᠳᠤᠯᠢᠭ᠂ ᠵᠤᠤᠵᠠᠢ ᠬᠠᠮᠳᠤᠯᠢᠭ

ᠵᠤᠬᠢᠶᠠᠭᠴᠢ᠄ ᠳᠦᠪᠰᠢᠠᠵᠠᠶᠠᠭ᠎ᠠ
ᠬᠠᠷᠢᠶ᠎ᠠ᠄ ᠥᠭᠥᠯᠡᠯᠭᠡ
ᠳᠠᠷᠤᠮ᠄ 12324
ᠴᠠᠭ᠄ 2009 ᠤᠨ ᠤ 03 ᠰᠠᠷ᠎ᠠ ᠶᠢᠨ 06