ᠮᠤᠩᠭ᠋ᠤᠯ ᠳᠤᠭᠤᠰᠤ ᠳᠠᠭᠢᠨ ᠪᠣᠰᠤᠨ᠎ᠠ

ᠳᠡᠭ᠍ᠷᠢ ᠮᠡᠭᠦᠢᠭᠦ ᠭᠦᠭᠡ ᠦᠨᠳᠦᠷ ᠤᠨ

ᠳᠦᠷᠦᠭᠡᠨ ᠳᠤᠤᠷ᠎ᠠ ᠡᠴᠡ ᠲᠦᠩᠭᠢᠨᠠᠨ ᠪᠣᠰᠴᠤ

ᠳᠡᠯᠡᠭᠡᠢ ᠮᠥᠯᠥᠢᠭᠦ ᠴᠠᠭᠠᠨ ᠰᠤᠳᠤᠷ ᠤᠨ

ᠳᠠᠷᠠ ᠵᠠᠢ ᠪᠠᠨ ᠱᠦᠩᠭᠢᠨᠠᠨ ᠨᠥᠭᠦᠭᠦ

ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ

ᠮᠤᠩᠭ᠋ᠤᠯ ᠳᠤᠭᠤᠰᠤ ᠳᠠᠭᠢᠨ ᠪᠣᠰᠤᠨ᠎ᠠ

ᠳᠠᠬᠤ ᠰᠡᠭᠯᠡᠭᠡᠷ ᠦᠵᠡᠯ ᠪᠣᠳᠤᠯ ᠤᠨ

ᠳᠠᠯᠤ ᠵᠡᠮᠳᠡᠭ᠌ ᠬᠠᠪᠣᠷ ᠨᠠᠮᠤᠷ

ᠨᠢᠷᠤᠭᠤ ᠪᠦᠭ᠍ᠳᠥᠢᠨ ᠳᠤᠰᠤᠨ ᠠᠪᠴᠤ

ᠨᠢᠰᠤᠨ ᠳᠤᠪᠳᠤᠯᠬᠤ ᠠᠭᠤᠯᠠ ᠪᠣᠯᠭᠠᠨ᠎ᠠ

ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ

ᠮᠤᠩᠭ᠋ᠤᠯ ᠳᠤᠭᠤᠰᠤ ᠳᠠᠭᠢᠨ ᠪᠣᠰᠤᠨ᠎ᠠ

ᠴᠢᠭᠢᠨ ᠳᠤ ᠰᠢᠷᠭ᠎ᠠ ᠶᠢᠨ ᠳᠠᠯ ᠨᠠᠮᠢᠷᠠᠵᠤ

ᠴᠡᠭᠡᠵᠢᠨ ᠳᠤ ᠪᠢᠯᠢᠭ᠌ ᠤᠨ ᠣᠳᠤ ᠱᠤᠤᠭᠢᠵᠤ

ᠨᠠᠷᠠᠨ ᠤ ᠳᠠᠭᠤᠭ᠎ᠠ ᠣᠨ ᠰᠠᠷ᠎ᠠ ᠶᠢ

ᠨᠠᠮᠤᠷ ᠤᠨ ᠳᠠᠷᠭᠤ ᠪᠠᠷ ᠬᠤᠷᠢᠶᠠᠵᠤ ᠢᠷᠡᠭᠦ

ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ

ᠮᠤᠩᠭ᠋ᠤᠯ ᠳᠤᠭᠤᠰᠤ ᠳᠠᠭᠢᠨ ᠪᠣᠰᠤᠨ᠎ᠠ

ᠭᠦᠭᠯᠡᠭᠡᠨ ᠳᠤᠤᠷ᠎ᠠ ᠪᠠᠨ ᠳᠤᠱᠠ ᠳᠠᠰᠤᠳᠠᠨ

ᠭᠦᠡᠳᠦᠷᠭᠡᠨ ᠳᠡᠭᠡᠷ᠎ᠡ ᠪᠠᠨ ᠬᠠᠰᠢᠶ᠎ᠠ ᠬᠠᠪᠢᠯᠤᠨ

ᠶ‍ᠢᠰᠤᠨ ᠭᠦᠭᠦᠯᠳᠤ ᠳᠤᠭ ᠡᠷᠭᠦᠭ᠍ᠰᠡᠨ

ᠶᠡᠭᠡ ᠮᠤᠩᠭ᠋ᠤᠯ ᠤᠨ ᠶᠢᠡᠨ ᠵᠠᠮ ᠢ ᠡᠯᠭᠦᠵᠤ

ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ

ᠮᠤᠩᠭ᠋ᠤᠯ ᠳᠤᠭᠤᠰᠤ ᠳᠠᠭᠢᠨ ᠪᠣᠰᠤᠨ᠎ᠠ

ᠳᠢᠭ ᠭᠡᠭᠦ ᠶᠢᠨ ᠬᠤᠷᠤᠮ ᠳᠤ ᠴᠣᠢ᠌ᠯᠠᠵᠤ

ᠳᠢᠪ ᠭᠦᠡᠳᠡᠯᠢᠰᠦᠮ᠎ᠡ ᠤᠷᠤᠭ᠎ᠠ ᠰᠣᠢ᠌ᠯᠵᠤ

ᠳᠡᠭ᠍ᠰᠢ ᠡᠴᠡ ᠭᠦᠳᠡᠯᠭᠦ ᠶᠢᠨ ᠥᠵᠦᠭᠦᠷ ᠵᠢᠷᠤᠭ᠎ᠠ ᠪᠠᠷ

ᠳᠡᠭ᠌ ᠡᠴᠡ ᠡᠭᠢᠯᠡᠭ᠍ᠰᠡᠨ ᠬᠠᠷᠠᠭ᠎ᠠ ᠨᠠᠷᠢᠰᠬᠠᠨ

ᠮᠤᠷᠢ ᠪᠦᠳᠦᠷᠢᠭᠦ ᠦᠭᠡᠶ ᠡᠷ᠎ᠡ ᠮᠤᠬᠤᠬᠤ ᠦᠭᠡᠶ

ᠮᠤᠩᠭ᠋ᠤᠯ ᠳᠤᠭᠤᠰᠤ ᠳᠠᠭᠢᠨ ᠪᠣᠰᠤᠨ᠎ᠠ

ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2415
ᠴᠠᠭ᠄ 2009 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁