ᠣᠨᠢᠰᠤᠭ᠎ᠠ (ᠬᠤᠶᠠᠷ)

ᠥᠷᠭᠡᠨ ᠮᠡᠳᠡᠯᠭᠡ ᠲᠡᠶ ᠪᠠᠭᠰᠢ

ᠥᠭᠡ ᠳᠠᠭᠤ ᠦᠭᠡᠶ ᠰᠠᠭᠤᠨ᠎ᠠ

ᠳᠤᠳᠤᠷᠬᠠᠢ ᠦᠭᠡᠶ ᠪᠠᠨ ᠠᠰᠠᠭᠤᠪᠠᠯ

ᠳᠤᠪ ᠳᠤᠳᠤᠬᠠᠨ ᠬᠠᠷᠢᠭᠤᠯᠤᠨ᠎ᠠ

(ᠲ᠋ᠤᠯᠢ ᠪᠢᠴᠢᠭ᠌)


ᠳᠡᠭᠡᠷ᠎ᠡ ᠨᠢ ᠪᠠᠷᠴᠢᠭᠡᠷ ᠴᠠᠭᠠᠨ

ᠳᠤᠮᠳᠠ ᠨᠢ ᠵᠥᠭᠡᠭᠡᠢ ᠴᠠᠭᠠᠨ

ᠳᠤᠤᠷ᠎ᠠ ᠨᠢ ᠠᠷᠵᠠᠭᠠᠷ ᠪᠣᠭᠤᠷᠤᠯ

(ᠭᠦᠭᠡᠷᠦᠭᠦᠯᠦᠭ᠍ᠰᠡᠨ ᠰᠥ᠋)


ᠬᠤᠭᠤᠯᠠᠢ ᠦᠭᠡᠶ ᠪᠠᠢ᠌ᠵᠤ ᠳᠠᠭᠤ ᠲᠡᠶ

ᠰᠤᠨᠤᠰᠬᠤ ᠦᠭᠡᠶ ᠪᠠᠢ᠌ᠵᠤ ᠴᠢᠭᠢ ᠲᠡᠶ

ᠬᠠᠷᠠᠭ᠎ᠠ ᠦᠭᠡᠶ ᠪᠠᠢ᠌ᠵᠤ ᠨᠢᠳᠤ ᠲᠡᠶ

ᠰᠤᠮᠤ ᠦᠭᠡᠶ ᠪᠠᠢ᠌ᠵᠤ ᠨᠤᠮᠤ ᠲᠡᠶ

(ᠮᠤᠷᠢᠨ ᠬᠤᠭᠤᠷ)


ᠭᠡᠨᠡᠨ ᠪᠣᠯᠠᠭ ᠤᠨ ᠣᠰᠤ

ᠭᠡᠳᠡᠷᠭᠦ ᠪᠠᠨ ᠣᠷᠤᠰᠤᠨ᠎ᠠ

(ᠭᠡᠵᠢᠭᠡ )


ᠬᠤᠷᠢᠨ ᠬᠤᠨᠢ ᠬᠤᠯᠪᠣᠭ᠎ᠠ ᠲᠡᠶ

ᠬᠤᠩᠭ᠋ᠤᠷ ᠠᠵᠢᠷᠭ᠎ᠠ ᠣᠶᠠᠭ᠎ᠠ ᠲᠡᠶ

(ᠭᠡᠯᠡ ᠰᠢᠳᠤ)


ᠬᠤᠯᠤᠭᠠᠨ᠎ᠠ ᠶᠢᠨ ᠴᠢᠭᠢ ᠲᠡᠶ

ᠥᠭᠡᠷ ᠤᠨ ᠦᠰᠦ ᠲᠡᠶ

ᠪᠠᠷᠰ ᠤᠨ ᠳᠠᠪᠠᠭ ᠲᠡᠶ

ᠳᠠᠤᠯᠠᠢ ᠶᠢᠨ ᠬᠠᠮᠠᠷ ᠲᠡᠶ

ᠯᠤᠤ ᠶᠢᠨ ᠨᠢᠳᠤ ᠲᠡᠶ

ᠮᠤᠭᠠᠢ ᠶᠢᠨ ᠭᠦᠵᠦᠭᠦᠤ ᠲᠡᠶ

ᠮᠤᠷᠢᠨ ᠤ ᠳᠠᠯ ᠲᠡᠶ

ᠬᠤᠨᠢᠨ ᠤ ᠳᠤᠯᠤᠭᠠᠢ ᠲᠡᠶ

ᠪᠡᠴᠢᠨ ᠤ ᠪᠦᠭ᠍ᠰᠡ ᠲᠡᠶ

ᠳᠠᠭᠢᠶ᠎ᠠ ᠶᠢᠨ ᠮᠠᠠᠳᠠᠯ ᠲᠡᠶ

ᠨᠤᠬᠠᠢ ᠶᠢᠨ ᠭᠡᠳᠡᠰᠤ ᠲᠡᠶ

ᠭᠠᠬᠠᠢ ᠶᠢᠨ ᠰᠡᠭᠦᠯ ᠲᠡᠶ

(ᠲ᠋ᠡᠮᠡᠭᠡ)


ᠣᠤᠬᠠᠢ ᠳᠤᠤᠬᠠᠢ ᠪᠠᠭᠠᠳᠤᠷ

ᠣᠭᠤᠴᠠᠨ ᠳᠤᠮᠳᠠᠭᠤᠷ ᠶᠢᠡᠨ ᠳᠠᠰᠤᠷᠬᠠᠢ ᠪᠠᠭᠠᠳᠤᠷ

ᠬᠠᠳᠠᠨ ᠳᠤ ᠬᠠᠯᠳᠤᠷᠢᠳᠠᠭ ᠦᠭᠡᠶ ᠪᠠᠭᠠᠳᠤᠷ

ᠬᠠᠭᠠᠨ ᠳᠤ ᠵᠠᠭᠢᠷᠤᠭᠳᠠᠳᠠᠭ ᠦᠭᠡᠶ ᠪᠠᠭᠠᠳᠤᠷ

(ᠰᠢᠷᠭᠤᠯᠵᠢ)


ᠨᠢ᠋ᠮᠠᠨ ᠨᠥᠭᠡ ᠲᠡᠶ ᠨᠠᠷᠢᠨ ᠰᠢᠷᠭ᠎ᠠ

ᠨᠠᠢ᠌ᠷ ᠬᠤᠷᠢᠮ ᠳᠤ ᠭᠦᠡᠳᠤ ᠲᠡᠶ ᠰᠢᠷᠭ᠎ᠠ

ᠰᠠᠯᠭᠢ ᠦᠵᠡᠪᠠᠯ ᠰᠤᠴᠢᠵᠤ ᠰᠡᠷᠡᠭᠡᠳ

ᠰᠠᠢ᠌ᠬᠠᠨ ᠡᠭᠡᠰᠢᠭ᠌ ᠶᠢᠡᠷ ᠭᠦᠮᠦᠰ ᠢ ᠪᠠᠶᠠᠰᠬᠠᠨ᠎ᠠ

(ᠯᠢᠩᠪᠣ )


ᠠᠷᠪᠠᠨ ᠵᠢᠷᠭᠤᠭᠠᠨ ᠳᠠᠭᠠᠭᠤᠯᠢ ᠲᠡᠶ

ᠠᠮᠪᠠᠨ ᠬᠤᠶᠠᠷ ᠵᠠᠩᠵᠤᠨ ᠲᠡᠶ

ᠣᠨᠤᠯᠭ᠎ᠠ ᠶᠢᠨ ᠳᠦᠷᠪᠡᠨ ᠮᠤᠷᠢ ᠲᠡᠶ

ᠭᠦᠯᠯᠡᠭᠦ ᠳᠦᠷᠪᠡᠨ ᠳᠡᠮᠡᠭᠡ ᠲᠡᠶ

ᠠᠴᠢᠬᠤ ᠳᠦᠷᠪᠡᠨ ᠳᠡᠷᠭᠡ ᠲᠡᠶ

ᠬᠤᠳᠠᠨ ᠳᠠᠭᠠᠨ ᠬᠤᠴᠠᠬᠤ ᠬᠤᠶᠠᠷ ᠨᠤᠬᠠᠢ ᠲᠡᠶ

(ᠰᠢᠳᠠᠷ᠎ᠠ)


ᠡᠭᠡ ᠡᠴᠡ ᠳᠦᠷᠦᠭ᠍ᠰᠡᠨ ᠪᠠᠶ᠎ᠠ ᠪᠠᠨ

ᠣᠷᠠᠨ ᠳᠠᠷᠬᠠᠨ ᠶᠢᠡᠷ ᠵᠠᠰᠠᠭᠤᠯᠵᠤ

ᠡᠴᠢᠭᠡ ᠡᠴᠡ ᠣᠯᠤᠭᠰᠠᠨ ᠭᠡᠳᠡᠰᠤ ᠪᠠᠨ

ᠡᠮᠳᠤ ᠵᠠᠭᠠᠷ ᠶᠢᠡᠷ ᠳᠦᠭᠦᠷᠭᠡᠭᠡᠳ

ᠡᠷᠳᠡᠨᠢ ᠶᠢᠨ ᠣᠯᠠᠭᠠᠨ ᠵᠢᠩᠰᠠ ᠪᠠᠨ

ᠣᠷᠤᠢ ᠳᠡᠭᠡᠷ᠎ᠡ ᠪᠠᠨ ᠵᠡᠭᠦᠵᠤ

ᠡᠯᠳᠡᠪ ᠬᠤᠶᠠᠷ ᠤᠨ ᠭᠦᠮᠤᠨ ᠢ

ᠡᠩᠭᠡ ᠮᠠᠠᠳᠤ ᠪᠠᠷ ᠳᠠᠨᠢᠯᠴᠠᠭᠤᠯᠤᠨ᠎ᠠ

(ᠭᠦᠭᠦᠷ )

ᠵᠤᠬᠢᠶᠠᠭᠴᠢ᠄ ᠤᠶᠤᠨᠭᠡᠷᠡᠯ ᠡᠮᠭᠢᠦᠡᠭᠡᠪᠡ
ᠬᠠᠷᠢᠶ᠎ᠠ᠄ ᠰᠤᠶᠤᠯ ᠣᠷᠠᠯᠢᠭ
ᠳᠠᠷᠤᠮ᠄ 4363
ᠴᠠᠭ᠄ 2009 ᠤᠨ ᠤ 12 ᠰᠠᠷ᠎ᠠ ᠶᠢᠨ 27