ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠠᠩᠭ᠍ᠯᠢ ᠭᠡᠯᠡᠨ ᠤ ᠰᠤᠷᠤᠯᠴᠠᠬᠤ ᠣᠷᠮ᠎ᠠ ᠶᠢ ᠭᠦᠭ᠍ᠵᠢᠭᠡᠭᠦ ᠳᠤᠬᠠᠢ ᠥᠭᠦᠯᠡᠭᠦ ᠨᠢ

21 ᠳ᠋ᠤᠭᠡᠷ ᠵᠠᠭᠤᠨ ᠪᠣᠯ ᠰᠢᠡᠵᠢᠯᠡᠭᠦ ᠣᠬᠠᠭᠠᠨ ᠮᠡᠷᠭᠡᠵᠢᠯ ᠳᠡᠭᠡᠳᠤ ᠭᠡᠡᠮᠵᠢᠶ᠎ᠡ ᠪᠠᠷ ᠭᠦᠭ᠍ᠵᠢᠵᠤ᠂ ᠳᠡᠯᠡᠭᠡᠢ᠌ᠵᠢᠭ᠍ᠰᠡᠨ᠂ ᠰᠤᠷᠠᠭ ᠵᠠᠩᠭᠢᠴᠢᠯᠠᠭᠰᠠᠨ᠂ ᠵᠠᠬ᠎ᠠ ᠳᠡᠯᠭᠡᠭᠦᠷᠴᠢᠯᠡᠭ᠍ᠰᠡᠨ ᠴᠠᠭ ᠦᠶ᠎ᠡ ᠮᠦᠷᠳᠡᠭᠡᠨ ᠦᠷᠢᠰᠦᠯᠳᠦᠭᠡᠨ ᠤ ᠴᠠᠭ ᠦᠶ᠎ᠡ ᠪᠣᠯᠤᠨ᠎ᠠ᠃ ᠡᠨᠡ ᠭᠦ ᠴᠠᠭ ᠦᠶ᠎ᠡ ᠶᠢᠨ ᠱᠠᠭᠠᠷᠳᠠᠯᠭ᠎ᠠ ᠳᠤ ᠳᠤᠭᠢᠷᠠᠯᠴᠠᠭᠰᠠᠨ ᠭᠦᠮᠤᠨ ᠢ ᠭᠦᠮᠦᠵᠢᠭᠦᠯᠭᠦ ᠪᠣᠯ ᠣᠳᠤᠬᠠᠨ ᠤ ᠰᠤᠷᠭᠠᠨ ᠭᠦᠮᠦᠵᠢᠯ ᠤᠨ ᠴᠢᠬᠤᠯᠠ ᠬᠠᠠᠳᠤᠰᠢ ᠪᠣᠯᠤᠨ᠎ᠠ᠃ ᠦᠨᠳᠦᠰᠦᠳᠠᠨ ᠤ ᠣᠷᠤᠨ ᠤ ᠰᠤᠷᠭᠠᠨ ᠭᠦᠮᠦᠵᠢᠯ ᠨᠢ ᠴᠤ 《ᠢᠷᠡᠭᠡᠳᠦᠢ ᠳᠤ ᠬᠠᠠᠳᠤᠭᠤᠯᠬᠤ᠂ ᠣᠳᠤᠭᠢᠴᠢᠯᠠᠯᠳᠠ ᠳᠤ ᠬᠠᠠᠳᠤᠭᠤᠯᠬᠤ᠂ ᠳᠡᠯᠡᠭᠡᠢ ᠳᠤ ᠬᠠᠠᠳᠤᠭᠤᠯᠬᠤ》 ᠴᠢᠭᠯᠡᠯᠳᠡ ᠪᠠᠨ ᠳᠤᠤᠱᠯᠠᠭᠤᠯᠬᠤ ᠳᠤ ᠡᠷᠭᠡᠪᠰᠢ ᠦᠪᠡᠷ ᠤᠨ ᠳᠦᠷᠤᠯᠭᠢ ᠭᠡᠯᠡ ᠭᠢᠭᠡᠳ ᠭᠢᠳᠠᠤᠨ ᠭᠡᠯᠡᠨ ᠤ ᠭᠦᠮᠦᠵᠢᠯ ᠢ ᠰᠠᠢ᠌ᠳᠤᠷ ᠠᠳᠬᠤᠭᠰᠠᠨ ᠰᠠᠭᠤᠷᠢᠨ ᠳᠡᠭᠡᠷ᠎ᠡ ᠭᠠᠳᠠᠭᠠᠳᠤ ᠭᠡᠯᠡᠨ ᠤ ᠭᠦᠮᠦᠵᠢᠯ ᠢ ᠴᠤ ᠴᠢᠩᠭ᠎ᠠ ᠠᠳᠬᠤᠬᠤ ᠴᠢᠬᠤᠯᠠ ᠲᠡᠶ ᠶᠤᠮ᠃ ᠢᠯᠠᠩᠭ᠋ᠤᠶ᠎ᠠ ᠠᠩᠭ᠍ᠯᠢ ᠭᠡᠯᠡᠨ ᠤ ᠭᠦᠮᠦᠵᠢᠯ ᠢ ᠪᠠᠭ᠎ᠠ ᠰᠤᠷᠭᠠᠭᠤᠯᠢ ᠡᠴᠠ ᠡᠭᠢᠯᠡᠨ ᠴᠢᠩᠭ᠎ᠠ ᠠᠳᠬᠤᠵᠤ᠂ ᠭᠢᠴᠢᠶᠠᠯ ᠵᠢᠭᠠᠬᠤ ᠠᠷᠭ᠎ᠠ ᠠᠪᠴᠠᠯ ᠶᠢᠡᠨ ᠴᠠᠭ ᠢᠮᠠᠭᠳᠠ ᠳᠡᠭᠡᠭ᠍ᠰᠢᠯᠡᠭᠦᠯᠭᠦ ᠴᠢᠬᠤᠯᠠ ᠲᠡᠶ᠃ ᠡᠭᠦᠨ ᠳᠤ ᠣᠳᠤᠬᠠᠨ ᠤ ᠪᠠᠭ᠎ᠠ ᠰᠤᠷᠭᠠᠭᠤᠯᠢ ᠶᠢᠨ ᠠᠩᠭ᠍ᠯᠢ ᠭᠡᠯᠡᠨ ᠤ ᠭᠢᠴᠢᠶᠠᠯ ᠢ ᠶᠠᠮᠠᠷᠰᠢᠤ ᠠᠷᠭ᠎ᠠ ᠪᠡᠷ ᠵᠢᠭᠠᠪᠠᠯ ᠰᠤᠷᠤᠭᠴᠢᠳ ᠤᠨ ᠰᠤᠷᠬᠤ ᠣᠷᠮᠠᠰᠢᠯ ᠢ ᠨᠢ ᠭᠦᠭ᠍ᠵᠢᠭᠡᠨ ᠰᠤᠷᠭᠠᠬᠤ ᠭᠡᠰᠡᠨ ᠵᠤᠷᠢᠯᠭ᠎ᠠ ᠳᠠᠭᠠᠨ ᠭᠦᠷᠴᠤ ᠳᠡᠢ᠌ᠯᠭᠦ ᠳᠤᠬᠠᠢ ᠦᠵᠡᠯᠳᠠ ᠪᠠᠨ ᠮᠦᠴᠢᠳ ᠥᠭᠦᠯᠡᠶ᠎ᠡ ︕

ᠨᠢᠭᠡ᠂ ᠵᠢᠭᠠᠬᠤ ᠬᠠᠷᠠᠯᠳᠠ ᠪᠠᠨ ᠳᠤᠳᠤ ᠪᠣᠯᠭᠠᠵᠤ ᠰᠤᠷᠤᠭᠴᠢᠳ ᠤᠨ ᠠᠩᠭ᠍ᠯᠢ ᠭᠡᠯᠡ ᠰᠤᠷᠬᠤ ᠣᠷᠮ᠎ᠠ ᠪᠠᠬ᠎ᠠ ᠶᠢ ᠭᠦᠮᠦᠵᠢᠭᠦᠯᠭᠦ ᠭᠡᠷᠡᠭ᠍ᠳᠡᠢ᠃

ᠠᠩᠭ᠍ᠯᠢ ᠭᠡᠯᠡᠨ ᠤ ᠪᠠᠭᠰᠢ ᠪᠣᠯᠤᠭᠰᠠᠤᠨ ᠰᠤᠷᠤᠭᠴᠢᠳ ᠲᠤ ᠠᠩᠭ᠍ᠯᠢ ᠭᠡᠯᠡ ᠰᠤᠷᠬᠤ ᠶᠢᠨ ᠣᠳᠤᠭᠢᠴᠢ ᠠᠴᠢ ᠬᠤᠯᠪᠣᠭᠳᠠᠯ᠂ ᠴᠢᠬᠤᠯᠠ ᠴᠢᠨᠠᠷ ᠢ ᠳᠠᠨᠢᠭᠤᠯᠵᠤ᠂ ᠰᠤᠷᠤᠭᠴᠢ ᠶᠢ ᠵᠠᠪᠠᠯ ᠬᠠᠯᠠᠭᠤᠨ ᠣᠷᠮᠠᠰ ᠲᠡᠶ ᠪᠣᠯᠭᠠᠵᠤ᠂ ᠦᠵᠡᠯ ᠰᠠᠨᠠᠭᠠᠨ ᠤ ᠳᠠᠯ᠎ᠠ ᠪᠠᠷ 《ᠠᠩᠭ᠍ᠯᠢ ᠭᠡᠯᠡ ᠶᠢ ᠵᠠᠪᠠᠯ ᠰᠠᠢ᠌ᠨ ᠰᠤᠷᠤᠨ᠎ᠠ》 ᠭᠡᠭᠦ ᠢᠳᠡᠭᠡᠯ ᠭᠦᠰᠡᠯ ᠲᠡᠶ ᠪᠣᠯᠭᠠᠬᠤ ᠭᠡᠷᠡᠭ᠍ᠳᠡᠢ᠃ ᠰᠤᠷᠤᠭᠴᠢ ᠪᠠᠨ 《ᠨᠠᠮᠢ᠋ᠢ ᠰᠤᠷᠭᠠᠬᠤ ᠭᠡᠵᠤ ᠪᠠᠢ᠌ᠬᠤ ᠪᠢᠰᠢ᠂ ᠬᠠᠷᠢᠨ ᠪᠢ ᠰᠤᠷᠬᠤ ᠭᠡᠵᠤ ᠪᠣᠢ》 ᠭᠡᠭᠦ ᠢᠳᠠᠪᠭᠢᠳᠠᠢ᠂ ᠭᠦᠳᠡᠯᠦᠩᠭᠦᠢ ᠪᠠᠷ ᠠᠩᠭ᠍ᠯᠢ ᠭᠡᠯᠡᠨ ᠤ ᠪᠠᠭᠰᠢ ᠪᠣᠯᠤᠨ ᠭᠢᠴᠢᠶᠠᠯ ᠳᠤ ᠬᠠᠠᠳᠤᠬᠤ ᠣᠪᠣᠷ ᠲᠡᠶ ᠪᠣᠯᠭᠠᠨ᠎ᠠ᠃

ᠬᠤᠶᠠᠷ᠂ ᠰᠤᠷᠤᠭᠴᠢᠳ ᠶᠢᠡᠨ ᠣᠢ᠌ᠯᠠᠭᠠᠨ ᠰᠤᠷᠤᠯᠴᠠᠬᠤ ᠣᠷᠮ᠎ᠠ ᠶᠢ ᠨᠢ ᠳᠠᠢ᠌ᠴᠢᠯᠠᠬᠤ ᠭᠡᠷᠡᠭ᠍ᠳᠡᠢ᠃

ᠰᠤᠷᠤᠭᠴᠢ ᠪᠣᠯᠭᠠᠨ ᠤ ᠰᠡᠳᠭᠢᠭᠦᠢ ᠶᠢᠨ ᠣᠠᠴᠠᠯᠢᠭ ᠢ ᠨᠠᠷᠢᠨ ᠠᠵᠢᠭᠯᠠᠨ ᠣᠢ᠌ᠯᠠᠭᠠᠵᠤ ᠵᠠᠳᠠᠯᠤᠭᠰᠠᠨ ᠰᠠᠭᠤᠷᠢᠨ ᠳᠡᠭᠡᠷ᠎ᠡ ᠠᠳᠠᠯᠢ ᠪᠣᠰᠤ ᠶᠢᠨ ᠰᠤᠷᠤᠭᠴᠢ ᠳᠤ ᠠᠳᠠᠯᠢ ᠪᠣᠰᠤ ᠶᠢᠨ ᠵᠢᠭᠠᠨ ᠰᠤᠷᠭᠠᠬᠤ ᠠᠷᠭ᠎ᠠ ᠶᠢ ᠠᠪᠴᠤ᠂ ᠪᠠᠭᠰᠢ ᠶᠢᠨ ᠬᠠᠢ᠌ᠷ᠎ᠠ ᠬᠠᠯᠠᠮᠵᠢ ᠶᠢ ᠭᠦᠷᠳᠡᠭᠡᠨ᠂ ᠰᠤᠷᠤᠯᠴᠠᠬᠤ ᠶᠢᠨ ᠴᠢᠬᠤᠯᠠ ᠴᠢᠨᠠᠷ᠂ ᠦᠪᠡᠷ ᠢ ᠪᠠᠨ ᠪᠣᠯᠪᠠᠰᠤᠷᠠᠭᠤᠯᠬᠤ ᠶᠢᠨ ᠴᠢᠬᠤᠯᠠ ᠴᠢᠨᠠᠷ ᠢ ᠰᠤᠷᠤᠭᠴᠢ ᠪᠣᠯᠭᠠᠨ ᠳᠤ ᠳᠠᠨᠢᠭᠤᠯᠬᠤ ᠭᠡᠷᠡᠭ᠍ᠳᠡᠢ᠃ ᠭᠢᠴᠢᠶᠡᠯᠯᠡᠭᠦ ᠳᠡᠭᠡᠨ ᠪᠠᠭᠰᠢ ᠡᠴᠠ ᠱᠤᠭ ᠶᠦᠮᠦᠷᠯᠢᠭ᠌ ᠪᠦᠭᠦᠢ ᠣᠷᠮ᠎ᠠ ᠰᠡᠳᠬᠢᠯᠭᠡ ᠶᠢ ᠭᠦᠭ᠍ᠵᠢᠭᠡᠭᠦ ᠵᠤᠷᠢᠯᠭ᠎ᠠ ᠲᠡᠶ ᠥᠭᠡ ᠭᠡᠯᠡᠯᠭᠡ ᠪᠣᠶᠤ ᠣᠢ᠌ᠯᠠ ᠭᠦᠳᠡᠯᠭᠡᠭᠡᠨ ᠢ ᠴᠢᠬᠤᠯᠠᠴᠢᠯᠠᠨ᠂ ᠡᠶ᠎ᠡ ᠨᠠᠢ᠌ᠷᠠᠮᠳᠠᠭᠤ ᠭᠢᠴᠢᠶᠠᠯ ᠤᠨ ᠠᠭᠤᠷ ᠠᠮᠢᠰᠬᠤᠯ ᠢ ᠪᠣᠢ ᠪᠣᠯᠭᠠᠨ ᠰᠤᠷᠤᠭᠴᠢᠳ ᠤᠨ ᠪᠠᠴᠢᠮᠳᠠᠵᠤ ᠰᠠᠠᠳᠤᠷᠤᠭᠰᠠᠨ᠂ ᠠᠶᠤᠵᠤ ᠪᠦᠱᠦᠭᠦᠷᠭᠡᠭ᠍ᠰᠡᠨ ᠰᠡᠳᠬᠢᠯᠭᠡ ᠶᠢ ᠨᠢ ᠳᠡᠪᠴᠢᠭᠦᠯᠭᠦ ᠭᠡᠷᠡᠭ᠍ᠳᠡᠢ᠃ ᠡᠭᠦᠨ ᠤ ᠬᠠᠮᠳᠤ᠂ ᠳᠠᠳᠠᠨ ᠤ ᠦᠵᠡᠯᠳᠠ ᠪᠠᠨ ᠵᠤᠷᠢᠭᠳᠠᠢ ᠳᠤᠷᠠᠳᠴᠤ᠂ ᠠᠭᠤᠵᠢᠭᠤ ᠳᠠᠯᠪᠢᠭᠤ ᠴᠢᠯᠦᠭᠡᠳᠡᠢ ᠪᠠᠷ ᠶᠠᠷᠢᠯᠴᠠᠬᠤ ᠶᠢ ᠵᠤᠷᠢᠭᠵᠢᠭᠤᠯᠤᠨ᠂ ᠠᠩᠭᠢ ᠶᠢᠨ ᠭᠡᠷ ᠢ ᠠᠩᠭ᠍ᠯᠢ ᠭᠡᠯᠡ ᠪᠠᠷ ᠬᠠᠷᠢᠯᠴᠠᠬᠤ ᠣᠷᠴᠢᠨ ᠳᠤᠭᠤᠷᠢᠨ ᠪᠣᠯᠭᠠᠵᠤ᠂ ᠰᠤᠷᠤᠭᠴᠢᠳ ᠢ ᠰᠤᠷᠤᠯᠴᠠᠯᠭ᠎ᠠ ᠳᠠᠭᠠᠨ ᠪᠦᠭᠦ ᠰᠡᠳᠭᠢᠯ ᠪᠦᠭᠦ ᠵᠤᠷᠢᠭ ᠶᠢᠡᠷ ᠰᠢᠮᠳᠠᠬᠤ ᠪᠣᠯᠭᠠᠨ᠎ᠠ᠃

ᠭᠤᠷᠪᠠ᠂ ᠵᠢᠭᠠᠨ ᠰᠤᠷᠭᠠᠬᠤ ᠠᠷᠭ᠎ᠠ ᠭᠡᠯᠪᠠᠷᠢ ᠪᠠᠨ ᠠᠮᠢᠳᠤᠯᠢᠭ᠂ ᠣᠯᠠᠨ ᠶᠠᠩᠵᠤᠳᠤ ᠴᠢᠨᠠᠷ ᠲᠡᠶ ᠪᠣᠯᠭᠠᠵᠤ ᠰᠤᠷᠤᠭᠴᠢᠳ ᠲᠤ ᠰᠢᠨ᠎ᠡ ᠰᠤᠷᠭᠤᠭ ᠳᠦᠷᠦᠭ᠍ᠳᠡᠯ ᠣᠯᠭᠤᠬᠤ ᠭᠡᠷᠡᠭ᠍ᠳᠡᠢ᠃

ᠠᠩᠭ᠍ᠯᠢ ᠭᠡᠯᠡᠨ ᠤ ᠪᠠᠭᠰᠢ ᠵᠢᠭᠠᠬᠤ ᠮᠠᠲ᠋ᠸᠷᠢᠶᠠᠯ ᠶᠢᠡᠨ ᠨᠠᠷᠢᠯᠢᠭ ᠰᠤᠳᠤᠯᠤᠨ ᠣᠯᠠᠨ ᠵᠣᠢ᠌ᠯ ᠤᠨ ᠵᠢᠭᠠᠬᠤ ᠠᠷᠭ᠎ᠠ ᠶᠢ ᠵᠤᠭᠢᠮᠵᠢᠳᠠᠢ ᠰᠤᠩᠭ᠋ᠤᠨ ᠭᠡᠷᠡᠭᠯᠡᠵᠤ ᠰᠤᠷᠤᠭᠴᠢᠳ ᠤᠨ ᠠᠩᠭ᠍ᠯᠢ ᠭᠡᠯᠡ ᠰᠤᠷᠬᠤ ᠳᠤ ᠰᠢᠨ᠎ᠡ ᠰᠤᠷᠭᠤᠭ ᠠᠭᠤᠷ ᠠᠮᠢᠰᠬᠤᠯ ᠢ ᠪᠦᠷᠢᠯᠳᠦᠭᠦᠯᠵᠤ ᠦᠭ‍ᠭᠦᠨ᠂ ᠰᠤᠷᠬᠤ ᠣᠷᠮ᠎ᠠ ᠶᠢ ᠨᠢ ᠭᠦᠭ᠍ᠵᠢᠭᠡᠭᠦ ᠭᠡᠷᠡᠭ᠍ᠳᠡᠢ᠃ ᠡᠯ᠎ᠡ ᠭᠢᠴᠢᠶᠠᠯ ᠤᠨ ᠵᠢᠭᠠᠬᠤ ᠠᠭᠤᠯᠭ᠎ᠠ ᠭᠢᠭᠡᠳ ᠵᠢᠭᠠᠨ ᠰᠤᠷᠭᠠᠬᠤ ᠬᠠᠷᠠᠯᠳᠠ ᠪᠠᠨ ᠦᠨᠳᠦᠰᠦᠯᠠᠵᠤ ᠪᠣᠳᠠᠳᠤ ᠠᠮᠢᠳᠤᠷᠠᠯ ᠳ᠋ᠠᠭᠢ ᠵᠢᠱᠢᠶ᠎ᠠ ᠶᠢ ᠠᠮᠢᠳᠤᠯᠢᠭ ᠠᠰᠢᠭᠯᠠᠬᠤ ᠪᠠᠷ ᠳᠠᠮᠵᠢᠨ ᠠᠩᠭ᠍ᠯᠢ ᠭᠡᠯᠡᠨ ᠤ ᠶᠠᠷᠢᠯᠴᠠᠭᠠᠨ ᠤ ᠪᠣᠯᠪᠠᠰᠤᠷᠠᠯ ᠤᠨ ᠣᠷᠴᠢᠨ ᠢ ᠪᠦᠷᠢᠯᠳᠦᠭᠦᠯᠵᠤ ᠰᠤᠷᠤᠭᠴᠢᠳ ᠤᠨ ᠢᠳᠠᠪᠭᠢ ᠴᠢᠨᠠᠷ ᠢ ᠳᠠᠢ᠌ᠴᠢᠯᠠᠵᠤ ᠪᠣᠯᠤᠨ᠎ᠠ᠃ ᠵᠢᠱᠢᠶᠠᠯᠠᠪᠠᠯ᠄

1. ᠵᠢᠷᠤᠭ ᠵᠢᠷᠤᠬᠤ᠂ ᠺᠠᠷᠲ᠋ ᠵᠤᠬᠢᠶᠠᠬᠤ ᠠᠷᠭ᠎ᠠ ᠪᠠᠷ ᠵᠢᠭᠠᠨ ᠰᠤᠷᠭᠠᠬᠤ᠄ ᠳᠠᠷᠤᠢ ᠥᠩᠭᠡ ᠶᠢᠨ ᠨᠠᠷᠠᠢ᠌ᠳᠤᠯ ᠢ ᠵᠢᠭᠠᠬᠤ ᠪᠠᠷ ᠪᠣᠳᠤᠪᠠᠯ᠂ ᠨᠤᠭᠤᠭᠠᠨ ᠥᠩᠭᠡᠳᠤ ᠣᠸ᠎ᠠ ᠶᠢᠨ ᠪᠢᠷ ᠶᠢᠡᠷ 〈green〉 ᠊ᠢ᠂ ᠣᠯᠠᠭᠠᠨ ᠥᠩᠭᠡᠳᠤ ᠣᠸ᠎ᠠ ᠶᠢᠨ ᠪᠢᠷ ᠶᠢᠡᠷ 〈red〉 ᠊ᠢ᠂ ᠰᠢᠷ᠎ᠠ ᠥᠩᠭᠡᠳᠤ ᠣᠸ᠎ᠠ ᠶᠢᠨ ᠪᠢᠷ ᠶᠢᠡᠷ 〈yellow〉 ᠶ᠋ᠢ ᠳᠤᠰ ᠳᠤᠰ ᠪᠢᠴᠢᠵᠤ ᠳᠠᠨᠢᠭᠤᠯᠪᠠᠯ ᠢᠯᠡᠭᠦᠤ ᠠᠮᠢᠳᠤᠯᠢᠭ ᠪᠠᠢ᠌ᠳᠠᠭ᠃ ᠵᠢᠮᠢᠰ ᠤᠨ ᠨᠠᠷᠠᠢ᠌ᠳᠤᠯ ᠢ ᠵᠢᠭᠠᠬᠤ ᠳᠠᠭᠠᠨ ᠴᠤ 〈apple〉 ᠶ᠋ᠢᠨ ᠳᠤᠤᠷ᠎ᠠ ᠠᠯᠮᠤᠷᠠᠤᠨ ᠵᠢᠷᠤᠵᠤ᠂ 〈banana〉 ᠶ᠋ᠢᠨ ᠳᠤᠤᠷ᠎ᠠ ᠪᠠᠨᠠᠨᠠ ᠵᠢᠷᠤᠬᠤ ᠵᠡᠷᠭᠡ ᠠᠷᠭ᠎ᠠ ᠶᠢ ᠠᠪᠴᠤ ᠪᠣᠯᠤᠨ᠎ᠠ᠃ ᠠᠩᠭ᠍ᠯᠢ ᠭᠡᠯᠡᠨ ᠤ ᠴᠠᠭᠠᠨ ᠳᠤᠯᠤᠭᠠᠢ ᠶᠢᠨ ᠳᠤᠮᠤ ᠪᠢᠴᠢᠯᠭᠡ ᠶᠢᠨ ᠺᠠᠷᠲ᠋ ᠢ ᠵᠤᠬᠢᠶᠠᠨ ᠭᠡᠷᠡᠭᠯᠡᠵᠤ ᠵᠢᠭᠠᠨ ᠵᠢᠯᠤᠭᠤᠳᠪᠠᠯ ᠰᠤᠷᠤᠭᠴᠢᠳ ᠤᠨ ᠣᠷᠮ᠎ᠠ ᠪᠠᠬ᠎ᠠ ᠶᠢ ᠳᠠᠳᠠᠳᠠᠭ᠃

2. ᠦᠨᠡᠨ ᠪᠣᠳᠠᠳᠤ ᠭᠡᠷᠡᠭ᠌ ᠪᠣᠳᠠᠰ ᠢ ᠥᠵᠡᠭᠦᠯᠤᠨ ᠵᠢᠭᠠᠬᠤ ᠠᠷᠭ᠎ᠠ ᠶᠢ ᠭᠡᠷᠡᠭᠯᠡᠵᠤ ᠪᠣᠯᠤᠨ᠎ᠠ᠃ ᠳᠠᠷᠤᠢ ᠭᠢᠴᠢᠶᠠᠯ ᠤᠨ ᠭᠡᠷ ᠲᠤ ᠪᠠᠢ᠌ᠭ᠎ᠠ ᠰᠢᠷᠡᠭᠡ ᠰᠠᠠᠳᠠᠯᠢ᠂ ᠪᠢᠴᠢᠭ᠌ ᠤᠨ ᠭᠡᠷᠡᠭ᠍ᠰᠡᠯ ᠵᠡᠷᠭᠡ ᠪᠣᠳᠠᠳᠠᠢ ᠶᠠᠭᠤᠮ᠎ᠠ ᠶᠢ ᠥᠵᠡᠭᠦᠯᠤᠨ ᠵᠢᠭᠠᠪᠠᠯ ᠭᠡᠢ᠌ᠰᠪᠦᠷᠢ ᠡᠴᠠ ᠪᠣᠳᠠᠳᠠᠢ ᠪᠣᠯᠵᠤ᠂ ᠰᠤᠷᠤᠭᠴᠢᠳ ᠤᠨ ᠰᠤᠨᠢᠭᠤᠴᠢ ᠠᠩᠬᠠᠷᠤᠯ ᠢ ᠳᠠᠳᠠᠨ᠂ ᠳᠠᠳᠠᠨ ᠤ ᠴᠡᠭᠡᠵᠢᠯᠡᠨ ᠡᠵᠡᠮᠰᠢᠭᠦ ᠳᠤ ᠳᠦᠭᠦᠮ ᠪᠣᠯᠳᠠᠭ᠃ ᠮᠦᠨ ᠴᠤ 〈jump᠂ 〈run〉 ᠵᠡᠷᠭᠡ ᠥᠭᠡᠰ ᠢ ᠵᠢᠭᠠᠬᠤ ᠦᠶ᠎ᠡ ᠳᠤ ᠳᠠᠩ ᠥᠭᠡᠰ ᠤᠨ ᠤᠳᠬ᠎ᠠ ᠲᠡᠶ ᠬᠠᠷᠠᠭᠠᠯᠵᠠᠭᠰᠠᠨ ᠣᠢ᠌ᠯᠠ ᠭᠦᠳᠡᠯᠭᠡᠭᠡᠨ ᠢ ᠭᠢᠵᠤ ᠰᠤᠷᠤᠭᠴᠢᠳ ᠲᠤ ᠰᠢᠭᠤᠳ ᠰᠡᠷᠡᠭᠦᠯᠭᠦ ᠪᠠᠷ ᠳᠠᠮᠵᠢᠨ ᠭᠦᠨ ᠭᠦᠡᠵᠡᠭᠡᠢ ᠰᠠᠭᠤᠭᠳᠠᠯ ᠥᠯᠡᠳᠡᠭᠡᠵᠤ ᠪᠣᠯᠤᠨ᠎ᠠ᠃

3. ᠶᠠᠷᠢᠯᠴᠠᠭ᠎ᠠ᠂ ᠳᠠᠭᠤᠤ ᠳᠠᠭᠤᠯᠠᠬᠤ᠂ ᠳᠤᠭᠯᠠᠭᠠᠮ ᠳᠤᠭᠯᠠᠭᠤᠯᠬᠤ ᠵᠡᠷᠭᠡ ᠠᠷᠭ᠎ᠠ ᠪᠠᠷᠢᠯ ᠶᠢᠡᠷ ᠠᠩᠭ᠍ᠯᠢ ᠭᠡᠯᠡ ᠶᠢ ᠰᠤᠷᠴᠤ ᠡᠵᠡᠮᠰᠢᠭᠦ ᠬᠤᠷᠳᠤᠴᠠ ᠶᠢ ᠳᠦᠷᠭᠡᠳᠭᠡᠵᠤ ᠪᠣᠯᠤᠨ᠎ᠠ᠃ ᠭᠢᠴᠢᠶᠠᠯ ᠤᠨ ᠪᠢᠴᠢᠭ᠌ ᠳᠠᠭᠢ ᠠᠰᠠᠭᠤᠯᠳᠠ ᠬᠠᠷᠢᠭᠤᠯᠳᠠ ᠶᠢᠨ ᠥᠭᠦᠯᠡᠪᠦᠷᠢ ᠶᠢ ᠰᠤᠷᠤᠭᠴᠢᠳ ᠶᠢᠡᠷ ᠬᠠᠷᠢᠯᠴᠠᠨ ᠠᠰᠠᠭᠤᠵᠤ ᠬᠠᠷᠢᠭᠤᠯᠠᠭᠤᠯᠵᠤ ᠶᠠᠷᠢᠯᠴᠠᠭᠤᠯᠤᠨ᠎ᠠ᠃ ᠨᠠᠯᠢᠶᠠᠤᠨ ᠳᠠᠳᠬᠠᠯᠰᠢᠭᠰᠠᠨ ᠤ ᠳᠠᠷᠠᠭ᠎ᠠ ᠠᠰᠠᠭᠤᠯᠳᠠ ᠬᠠᠷᠢᠭᠤᠯᠳᠠ ᠪᠠᠨ ᠰᠤᠷᠤᠭᠴᠢᠳ ᠤᠨ ᠬᠠᠵᠠᠭᠤ ᠳ᠋ᠠᠭᠢ ᠪᠣᠳᠠᠳᠤ ᠭᠦᠮᠤᠨ ᠪᠣᠳᠠᠳᠤ ᠭᠡᠷᠡᠭ᠌ ᠤᠨ ᠳᠤᠬᠠᠢ ᠠᠰᠠᠭᠠᠤᠯᠳᠠ ᠬᠠᠷᠢᠭᠤᠯᠳᠠ ᠪᠣᠯᠭᠠᠵᠤ ᠶᠠᠷᠢᠯᠴᠠᠭᠤᠯᠪᠠᠯ ᠨᠠᠩ ᠴᠤ ᠣᠷᠮ᠎ᠠ ᠵᠤᠷᠢᠭ ᠭᠦᠭ᠍ᠵᠢᠩᠭᠦᠢ ᠪᠣᠯᠵᠤ ᠰᠠᠢ᠌ᠳᠤᠷ ᠡᠵᠡᠮᠰᠢᠵᠤ ᠳᠠᠢ᠌ᠯᠤᠨ᠎ᠡ᠃

ᠠᠩᠭ᠍ᠯᠢ ᠭᠡᠯᠡᠨ ᠤ ᠰᠤᠷᠬᠤ ᠪᠢᠴᠢᠭ᠌ ᠲᠤ ᠶᠡᠭᠡ ᠭᠡᠮᠵᠢᠶᠡᠨ ᠤ ᠳᠠᠭᠤᠤ ᠳᠤᠭᠯᠠᠭᠠᠮ ᠢ ᠳᠤᠭᠢᠷᠠᠭᠤᠯᠤᠭᠰᠠᠨ ᠪᠠᠢ᠌ᠨ᠎ᠠ᠃ ᠡᠨᠡ ᠨᠢ ᠵᠢᠭᠠᠬᠤ ᠪᠠᠭᠰᠢ ᠪᠣᠯᠤᠨ ᠰᠤᠷᠤᠭᠴᠢᠳ ᠲᠤ ᠠᠪᠴᠤ ᠭᠡᠯᠡᠪᠠᠯ ᠴᠦᠮ ᠰᠢᠨ᠎ᠡ ᠰᠡᠪᠠᠭᠦᠨ ᠵᠣᠢ᠌ᠯ ᠪᠣᠯᠬᠤ ᠶᠤᠮ᠃ ᠰᠠᠳᠭᠢᠴᠠ ᠶᠢᠨ ᠵᠦᠢ ᠡᠴᠠ ᠥᠵᠡᠭᠦ ᠳᠤ ᠳᠠᠭᠤᠤ ᠳᠠᠭᠤᠯᠠᠬᠤ ᠪᠣᠯ ᠰᠤᠨᠤᠰᠬᠤ ᠮᠠᠳᠠᠷᠠᠯ ᠶᠢᠡᠷ ᠭᠤᠤᠯᠯᠠᠭᠰᠠᠨ ᠳᠦᠷᠰᠦᠯᠢᠭ᠌ ᠴᠡᠭᠡᠵᠢᠯᠡᠭᠦᠢ ᠮᠦᠨ᠃ ᠳᠠᠭᠤᠤ ᠶᠢᠨ ᠥᠭᠡ ᠪᠣᠯᠤᠨ ᠭᠦᠭ᠌ ᠠᠢ᠌ᠵᠠᠮ ᠨᠢ ᠭᠦᠮᠦᠰ ᠤᠨ ᠬᠤᠯᠪᠤᠨ ᠪᠣᠳᠤᠯᠳᠠ ᠶᠢ ᠡᠭᠦᠰᠭᠡᠳᠡᠭ᠌ ᠣᠴᠢᠷ ᠡᠴᠠ ᠣᠷᠮᠠᠳᠤ ᠴᠡᠭᠡᠵᠢᠯᠡᠭᠦᠢ ᠳᠤ ᠠᠰᠢᠭᠳᠠᠢ ᠪᠠᠢ᠌ᠳᠠᠭ᠂ ᠬᠡᠦᠬᠡᠳ ᠦᠶ᠎ᠡ ᠶᠢᠨ ᠴᠡᠭᠡᠵᠢᠯᠡᠭᠦᠢ ᠶᠢᠨ ᠣᠠᠴᠠᠯᠢᠭ ᠪᠣᠯ ᠳᠦᠷᠰᠦᠯᠢᠭ᠌ ᠴᠡᠭᠡᠵᠢᠯᠡᠭᠦᠢ ᠪᠣᠯᠤᠨ ᠣᠷᠮᠠᠳᠤ ᠴᠡᠭᠡᠵᠢᠯᠡᠭᠦᠢ ᠶᠢᠨ ᠱᠠᠳᠤ ᠦᠶ᠎ᠡ ᠪᠠᠢ᠌ᠵᠤ ᠭᠡᠢ᠌ᠰᠪᠦᠷᠢ ᠯᠤᠭᠢᠭ ᠰᠡᠳᠭᠢᠭᠦᠢ ᠡᠴᠠ ᠪᠠᠨ ᠳᠠᠪᠠᠭᠤᠯᠢᠭ ᠪᠠᠢ᠌ᠷᠢ ᠶᠢ ᠡᠵᠡᠯᠡᠳᠡᠭ᠌᠃ ᠬᠡᠦᠬᠡᠳ ᠤᠨ ᠣᠪᠠᠢ᠌ᠨ ᠳᠤ ᠦᠭᠡᠶ ᠪᠠᠷ ᠴᠡᠭᠡᠵᠢᠯᠡᠭᠦ᠂ ᠥᠭᠡᠷ᠎ᠡ ᠪᠠᠷ ᠭᠡᠯᠡᠪᠠᠯ᠂ ᠰᠠᠨᠠᠮᠰᠠᠷ ᠦᠭᠡᠶ ᠪᠠᠷ ᠴᠡᠭᠡᠵᠢᠯᠡᠭᠦᠢ ᠨᠢ ᠴᠡᠭᠡᠵᠢᠯᠡᠭᠦᠢ ᠶᠢᠨ ᠳᠤᠩ ᠴᠢᠬᠤᠯᠠ ᠪᠠᠢ᠌ᠷᠢ ᠶᠢ ᠡᠵᠡᠯᠡᠳᠡᠭ᠌᠃ ᠰᠤᠷᠬᠤ ᠪᠢᠴᠢᠭ᠌ ᠲᠤ ᠳᠤᠭᠢᠷᠠᠭᠤᠯᠤᠭᠰᠠᠨ ᠠᠩᠭ᠍ᠯᠢ ᠭᠡᠯᠡᠨ ᠤ ᠳᠠᠭᠤᠤ ᠨᠤᠭᠤᠳ ᠣᠬᠤᠷ ᠠᠪᠰᠠᠷᠬᠠᠨ ᠮᠦᠷᠳᠡᠭᠡᠨ ᠠᠭᠤᠯᠭ᠎ᠠ ᠪᠠᠶᠠᠯᠢᠭ᠂ ᠴᠤᠭᠢᠯᠭ᠎ᠠ ᠳᠦᠷᠭᠡᠨ ᠪᠦᠭᠡᠳ ᠭᠦᠭ᠌ ᠠᠢ᠌ᠵᠠᠮ ᠣᠶᠠᠩᠭ᠋ᠠᠯᠢᠭ ᠪᠣᠯᠬᠤᠷ ᠰᠤᠷᠤᠭᠴᠢᠳ ᠳᠠᠮᠠᠢ ᠶᠡᠭᠡ ᠵᠤᠷᠢᠭ ᠭᠦᠴᠤᠨ ᠤ ᠴᠢᠷᠮᠠᠢ᠌ᠯᠭ᠎ᠠ ᠣᠷᠤᠭᠤᠯᠬᠤ ᠦᠭᠡᠶ ᠪᠠᠷ ᠠᠶᠠᠯᠠᠵᠤ ᠳᠠᠭᠤᠯᠠᠬᠤ ᠳᠤᠮᠳᠠ ᠪᠠᠨ ᠨᠠᠯᠢᠶᠠᠤᠨ ᠳᠤᠭᠠᠨ ᠤ ᠳᠠᠭᠤᠨ ᠤ ᠥᠭᠡᠰ ᠢ ᠴᠡᠭᠡᠵᠢᠯᠡᠴᠢᠭᠡᠳᠡᠭ᠌᠃ ᠡᠢ᠌ᠨ ᠭᠦ ᠳᠠᠭᠤᠤ ᠨᠤᠭᠤᠳ ᠨᠢ ᠰᠤᠷᠤᠭᠴᠢᠳ ᠤᠨ ᠰᠤᠷᠬᠤ ᠣᠷᠮ᠎ᠠ ᠶᠢ ᠠᠮᠠᠷᠬᠠᠨ ᠭᠦᠭ᠍ᠵᠢᠭᠡᠵᠤ ᠠᠩᠭ᠍ᠯᠢ ᠭᠡᠯᠡ ᠰᠤᠷᠬᠤ ᠶᠢᠨ ᠭᠦᠳᠡᠯᠭᠡᠭᠦ ᠭᠦᠴᠤᠨ ᠪᠣᠯᠳᠠᠭ᠃

ᠬᠡᠦᠬᠡᠳ ᠪᠠᠭᠠᠴᠤᠳ ᠤᠨ ᠨᠡᠢ᠌ᠳᠡᠯᠢᠭ᠌ ᠣᠠᠴᠠᠯᠢᠭ ᠪᠣᠯ ᠰᠤᠨᠤᠰᠬᠤ᠂ ᠶᠠᠷᠢᠬᠤ᠂ ᠳᠠᠭᠤᠯᠠᠬᠤ᠂ ᠳᠤᠭᠯᠠᠬᠤ᠂ ᠭᠦᠳᠡᠯᠭᠦ᠂ ᠳᠤᠷᠠᠳᠠᠢ ᠪᠠᠢ᠌ᠳᠠᠭ᠃ ᠳᠤᠷ᠎ᠠ ᠳ᠋ᠤᠨᠢ ᠵᠤᠭᠢᠴᠠᠭᠰᠠᠨ ᠠᠩᠭ᠍ᠯᠢ ᠭᠡᠯᠡᠨ ᠤ ᠳᠤᠭᠯᠠᠭᠠᠮ ᠢ ᠳᠤᠭᠯᠠᠵᠤ ᠨᠠᠭᠠᠳᠬᠤ ᠨᠢ ᠳᠠᠳᠠᠨ ᠤ ᠨᠠᠰᠤᠨ ᠤ ᠣᠠᠴᠠᠯᠢᠭ ᠲᠤ ᠶᠠᠪ ᠴᠠᠪ ᠳᠤᠭᠢᠷᠠᠬᠤ ᠪᠠᠷ ᠦᠯᠦ ᠪᠠᠷᠠᠨ ᠥᠭᠦᠮᠡᠯ ᠶᠢᠡᠷ ᠥᠭᠡ ᠴᠡᠭᠡᠵᠢᠯᠡᠭᠦ ᠮᠸᠬᠠᠨᠢᠭ ᠠᠵᠢᠯᠯᠠᠭ᠎ᠠ ᠡᠴᠠ ᠵᠠᠢ᠌ᠯᠠᠰᠭᠢᠵᠤ ᠴᠢᠳᠠᠳᠠᠭ ᠶᠢᠡᠷ ᠶᠢᠡᠨ ᠡᠨᠡ ᠭᠦ ᠠᠶᠠᠠᠳᠠᠭᠠᠨ ᠪᠣᠢ ᠪᠣᠯᠤᠭᠰᠠᠨ ᠳᠤᠷᠠᠰᠢᠯ ᠨᠢ ᠰᠤᠷᠤᠭᠴᠢᠳ ᠤᠨ ᠠᠩᠭ᠍ᠯᠢ ᠭᠡᠯᠡ ᠰᠤᠷᠬᠤ ᠣᠭ ᠰᠠᠨᠠᠭ᠎ᠠ ᠶᠢ ᠨᠢ ᠭᠦᠭ᠍ᠵᠢᠭᠡᠵᠤ ᠰᠤᠷᠤᠯᠴᠠᠬᠤ ᠢᠳᠠᠪᠭᠢᠵᠢᠯ ᠢ ᠨᠢ ᠳᠠᠢ᠌ᠴᠢᠯᠠᠳᠠᠭ᠃

ᠠᠩᠭ᠍ᠯᠢ ᠭᠡᠯᠡᠨ ᠤ ᠳᠠᠭᠤᠤ ᠶᠢᠨ ᠵᠢᠭᠠᠨ ᠰᠤᠷᠭᠠᠯᠳᠠ ᠪᠠ ᠳᠤᠭᠯᠠᠭᠠᠮ ᠢ ᠳᠤᠭᠯᠠᠭᠤᠯᠬᠤ ᠪᠠᠷ ᠳᠠᠮᠵᠢᠭᠠᠤᠨ ᠰᠤᠷᠤᠭᠴᠢᠳ ᠲᠤ ᠰᠤᠷᠤᠯᠴᠠᠬᠤ ᠵᠤᠭ᠎ᠠ ᠴᠡᠩᠭᠡᠯ ᠢ ᠡᠳ᠋ᠯᠡᠭᠦᠯᠵᠤ᠂ ᠰᠤᠷᠤᠯᠴᠠᠯᠭ᠎ᠠ ᠨᠢ ᠨᠠᠩ ᠦᠷ᠎ᠡ ᠠᠰᠢᠭ ᠲᠡᠶ ᠪᠣᠯᠬᠤ ᠶᠢ ᠠᠭᠢᠭᠤᠯᠤᠨ᠎ᠠ᠃

ᠳᠦᠷᠪᠠ᠂ ᠠᠮᠵᠢᠯᠳᠠ ᠪᠠᠨ ᠳ᠋ᠦ᠋ᠩᠨᠡᠭᠦ ᠪᠠᠷ ᠳᠠᠮᠵᠢᠵᠤ ᠰᠤᠷᠤᠭᠴᠢᠳ ᠤᠨ ᠰᠤᠷᠤᠯᠴᠠᠬᠤ ᠣᠷᠮ᠎ᠠ ᠶᠢ ᠨᠡᠮᠡᠭ᠍ᠳᠡᠭᠦᠯᠤᠨ᠎ᠡ᠃

ᠪᠠᠭᠰᠢ ᠪᠣᠯᠤᠭᠰᠠᠤᠨ ᠰᠤᠷᠤᠭᠴᠢᠳ ᠤᠨ ᠶᠢᠡᠨ ᠰᠤᠷᠤᠯᠭ᠎ᠠ ᠶᠢᠨ ᠳᠠᠪᠰᠢᠯᠳᠠ ᠪᠠ ᠳᠤᠷᠣᠢ᠌ᠳᠠᠯ ᠢ ᠴᠠᠭ ᠳᠤᠬᠠᠢ ᠳ᠋ᠤᠨᠢ ᠭᠢᠷᠠᠬᠠᠢ ᠠᠵᠢᠵᠤ ᠠᠩᠬᠠᠷᠴᠤ ᠪᠠᠢ᠌ᠳᠠᠭ᠃ ᠭᠢᠴᠢᠶᠠᠯ ᠤᠨ ᠳᠠᠩᠭᠢᠮ ᠪᠣᠯ ᠰᠤᠷᠤᠭᠴᠢ ᠶᠢ ᠮᠠᠭᠳᠠᠨ ᠰᠠᠢ᠌ᠰᠢᠶᠠᠬᠤ ᠬᠠᠮᠤᠭ ᠤᠨ ᠰᠠᠢ᠌ᠨ ᠣᠷᠴᠢᠨ ᠮᠦᠷᠳᠡᠭᠡᠨ ᠰᠤᠷᠤᠭᠴᠢᠳ ᠤᠨ ᠢᠳᠠᠪᠭᠢᠵᠢᠯ ᠭᠢᠭᠡᠳ ᠳᠠᠯᠳᠠ ᠭᠦᠴᠤᠨ ᠢ ᠬᠠᠮᠤᠭ ᠶᠡᠭᠡ ᠭᠡᠮᠵᠢᠶ᠎ᠡ ᠪᠠᠷ ᠳᠠᠢ᠌ᠴᠢᠯᠠᠬᠤ ᠠᠰᠢᠭᠳᠠᠢ ᠣᠷᠴᠢᠨ ᠪᠣᠯᠤᠨ᠎ᠠ᠃ ᠠᠯᠢ ᠰᠤᠷᠤᠭᠴᠢ ᠶᠢ ᠨᠢ ᠰᠠᠢ᠌ᠰᠢᠶᠠᠬᠤ᠂ ᠠᠯᠢ ᠰᠤᠷᠤᠭᠴᠢ ᠳᠤ ᠮᠠᠭᠳᠠᠭᠠᠯ ᠰᠠᠢ᠌ᠰᠢᠶᠠᠯ ᠬᠠᠮᠤᠭ ᠡᠴᠠ ᠢᠯᠡᠭᠦᠤ ᠳᠤᠳᠠᠭᠳᠠᠵᠤ ᠪᠠᠢ᠌ᠭ᠎ᠠ ᠶᠢ ᠪᠠᠭᠰᠢ ᠡᠴᠠ ᠳᠤᠳᠤᠷ᠎ᠠ ᠪᠠᠨ ᠳᠤᠭᠠᠳᠠᠢ ᠪᠠᠢ᠌ᠬᠤ ᠭᠡᠷᠡᠭ᠍ᠳᠡᠢ᠃ ᠰᠤᠷᠤᠭᠴᠢ ᠪᠣᠯᠭᠠᠨ ᠤ ᠬᠠᠷᠢᠭᠤᠯᠵᠤ ᠳᠡᠢ᠌ᠯᠭᠦ ᠭᠢᠷᠢ ᠭᠡᠮᠵᠢᠶ᠎ᠡ ᠶᠢ ᠨᠢ ᠦᠨᠳᠦᠰᠦᠯᠠᠨ ᠠᠳᠠᠯᠢ ᠪᠣᠰᠤ ᠭᠦᠡᠳᠦᠴᠡ ᠲᠡᠶ ᠠᠰᠠᠭᠤᠯᠳᠠ ᠠᠰᠠᠭᠤᠵᠤ᠂ ᠠᠮᠵᠢᠯᠳᠠ ᠶᠢᠨ ᠪᠠᠶᠠᠷ ᠪᠠᠬᠠᠳᠤᠯ ᠢ ᠡᠳ᠋ᠯᠡᠭᠦᠯᠭᠦ ᠪᠠᠷ ᠳᠠᠮᠵᠢᠨ ᠠᠩᠭ᠍ᠯᠢ ᠭᠡᠯᠡ ᠰᠤᠷᠤᠯᠴᠠᠬᠤ ᠢᠳᠡᠭᠡᠯ ᠵᠤᠷᠢᠭ ᠢ ᠨᠢ ᠨᠡᠮᠡᠭ᠍ᠳᠡᠭᠦᠯᠭᠦ ᠭᠡᠷᠡᠭ᠍ᠳᠡᠢ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠣᠯᠠᠭᠠᠠᠬᠤᠳᠠ ᠶᠢᠨ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠹᠦ᠋ ᠮᠸᠢ ᠯᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1624
ᠴᠠᠭ᠄ 2013 ᠤᠨ ᠤ 05 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ