ᠣᠶᠤᠨᠴᠢ ᠤᠬᠠᠮᠰᠠᠷ᠂ ᠤᠷᠠᠨ ᠰᠠᠨᠠᠭ᠎ᠠ᠂ ᠦᠪᠡᠷ ᠪᠢ
᠊᠊᠊᠊᠊᠊᠊᠊᠊᠊᠊᠊᠊᠊᠊ 《ᠬᠠᠢ᠌ᠷ᠎ᠠ ᠴᠢᠠᠳᠠᠮᠤᠨᠢᠯᠠᠬᠤ ᠰᠢᠯᠦᠭ᠌》 ᠪᠣᠶᠤ《ᠡᠴᠦᠰ ᠤᠨ ᠪᠣᠯᠵᠤᠭ᠎ᠠ》 ᠵᠢ ᠣᠩᠰᠢᠭᠠᠤᠨ᠁

ᠠᠮᠢᠳᠤᠷᠠᠯ ᠳᠤ ᠰᠢᠯᠦᠭ᠍ᠴᠢ ᠭᠦᠮᠤᠨ ᠭᠠᠭᠴᠠᠭᠠᠷᠳᠠᠨ᠎ᠠ ᠭᠡᠤᠨ ᠪᠠᠢ᠌ᠬᠤ ᠦᠭᠡᠶ᠃ ᠭᠡᠨ ᠳᠤ ᠴᠤ ᠭᠡᠤᠨ ᠭᠡᠯᠡᠵᠤ ᠬᠠᠯᠭᠠᠬᠤ (ᠴᠢᠳᠠᠬᠤ) ᠦᠭᠡᠶ ᠰᠠᠤᠠᠭᠢᠯ ᠤᠨ ᠥᠭᠡ ᠪᠠᠨ ᠰᠢᠯᠦᠭ᠌ ᠲᠡᠭᠡᠨ ᠰᠢᠪᠠᠨᠠᠵᠤ᠂ ᠭᠡᠵᠢᠶ᠎ᠡ ᠴᠤ ᠭᠠᠷᠭᠠᠵᠤ ᠴᠢᠳᠠᠳᠠᠭ ᠦᠭᠡᠶ ᠣᠴᠠᠭᠠᠷ ᠪᠣᠭᠢᠨᠢᠳᠤᠯ ᠡᠰᠡᠭᠦᠯ᠎ᠡ ᠭᠦᠰᠡᠯ ᠪᠣᠳᠤᠯ᠂ ᠳᠤᠷᠠᠯᠠᠯ ᠬᠠᠢ᠌ᠷ᠎ᠠ ᠪᠠᠨ ᠴᠠᠭᠠᠰᠤᠨ ᠳᠡᠭᠡᠷ᠎ᠡ ᠠᠰᠬᠠᠨ ᠰᠠᠤᠠᠭᠢᠯ ᠶᠢᠡᠨ ᠠᠷᠢᠭᠤᠤᠠᠬᠠᠵᠤ ᠰᠠᠭᠤᠬᠤ ᠭᠡᠭ᠍ᠴᠢ ᠰᠢᠯᠦᠭ᠍ᠴᠢ ᠭᠦᠮᠤᠨ ᠤ ᠵᠢᠷᠭᠠᠯ ᠪᠢᠯᠠ᠃ ᠣᠷᠴᠢᠮᠬᠠᠨ ᠪᠢ ᠬᠦᠬᠡ‍ᠨᠠᠭᠤᠷ ᠤᠨ 《ᠴᠡᠴᠡᠭ᠍ᠳᠤ ᠴᠠᠢ᠌ᠳᠠᠮ》 ᠰᠡᠳᠭᠦᠯ ᠤᠨ 2009 ᠣᠨ ᠤ ᠬᠤᠶᠠᠳᠤᠭᠠᠷ ᠬᠤᠭᠤᠴᠠᠭ᠎ᠠ ᠳᠡᠭᠡᠷ᠎ᠡ ᠨᠡᠢ᠌ᠳᠡᠯᠡᠭ᠍ᠳᠡᠭ᠍ᠰᠡᠨ ᠳᠡᠭᠡᠳᠤ ᠮᠤᠩᠭ᠋ᠤᠯ ᠤᠨ ᠡᠮᠡᠭ᠍ᠳᠡᠢ ᠢᠷᠠᠭᠤ ᠨᠠᠢ᠌ᠷᠠᠭᠴᠢ ᠨ·ᠴᠡᠯᠡᠭᠡᠷ ᠤᠨ 《ᠬᠠᠢ᠌ᠷ᠎ᠠ ᠴᠢᠠᠳᠠᠮᠤᠨᠢᠯᠠᠬᠤ ᠰᠢᠯᠦᠭ᠌》 ᠪᠣᠯᠤᠨ 2009 ᠣᠨ ᠤ 7 ᠰᠠᠷ᠎ᠠ ᠶᠢᠨ 4 ᠤ ᠡᠳᠦᠷ ᠤᠨ 《ᠴᠠᠢ᠌ᠳᠠᠮ ᠤᠨ ᠰᠤᠨᠢᠨ》 ᠳᠡᠭᠡᠷ᠎ᠡ ᠨᠡᠢ᠌ᠳᠡᠯᠡᠭ᠍ᠳᠡᠭ᠍ᠰᠡᠨ ᠮᠠᠯᠴᠢᠨ ᠰᠢᠯᠦᠭ᠍ᠴᠢ ᠯᠥ᠊·ᠮᠦᠩᠭᠦᠡᠬᠤᠸᠡᠷ ᠤᠨ 《ᠡᠴᠦᠰ ᠤᠨ ᠪᠣᠯᠵᠤᠭ᠎ᠠ》 ᠭᠡᠮᠡᠭᠦ ᠬᠤᠶᠠᠷ ᠰᠢᠯᠦᠭ᠌ ᠢ ᠪᠠᠷᠤᠭ ᠨᠢᠭᠡ ᠡᠳᠦᠷ ᠭᠡᠯᠳᠡᠢ ᠰᠤᠨᠢᠷᠬᠠᠨ ᠣᠩᠰᠢᠯ᠎ᠠ᠃ ᠰᠠᠢ᠌ᠬᠠᠨ ᠰᠢᠯᠦᠭ᠌ ᠳᠠᠷᠠ ᠮᠥᠷᠳᠡᠭᠡᠨ ᠥᠯᠦᠰᠭᠦ ᠳᠤ ᠦᠯ᠂ ᠥᠨᠦᠴᠢᠷᠡᠭᠦ ᠳᠤ ᠬᠠᠨᠢ ᠪᠣᠯᠤᠮᠠᠷ ᠰᠢᠯᠦᠭ᠌ ᠢ ᠣᠯᠵᠤ ᠠᠮᠳᠠᠷᠬᠠᠬᠤ ᠭᠡᠭ᠍ᠴᠢ ᠣᠩᠰᠢᠭᠴᠢ ᠪᠣᠯᠤᠭᠰᠠᠤᠨ ᠤᠨ ᠪᠠᠰᠠ ᠨᠢᠭᠡ ᠵᠤᠭ᠎ᠠ ᠴᠡᠩᠭᠡᠯ᠂ ᠬᠠᠪᠣ ᠳᠠᠭᠠᠰᠢᠶᠠᠯ ᠪᠠᠢ᠌ᠬ᠎ᠠ᠃ ᠳᠤᠤᠷ᠎ᠠ ᠪᠢ ᠡᠨᠡ ᠬᠤᠶᠠᠷ ᠰᠢᠯᠦᠭ᠌ ᠢ ᠰᠤᠨᠢᠷᠬᠠᠭᠠᠤᠨ ᠣᠯᠤᠭᠰᠠᠨ ᠦᠪᠡᠷ ᠤᠨ ᠳᠦᠷᠦᠭ᠍ᠳᠡᠯ ᠶᠢᠡᠨ ᠣᠯᠠᠨ ᠲᠡᠶ ᠪᠠᠨ ᠬᠤᠪᠢᠶᠠᠯᠴᠠᠮᠠᠷ ᠪᠠᠢ᠌ᠨ᠎ᠠ᠃

ᠨ·ᠴᠡᠯᠡᠭᠡᠷ ᠪᠣᠯ ᠣᠶᠤᠳᠠᠨ ᠪᠠᠢ᠌ᠬᠤ ᠴᠠᠭ ᠡᠴᠡ ᠪᠠᠨ ᠣᠴᠢᠷᠳᠠᠢ ᠰᠠᠢ᠌ᠬᠠᠨ ᠰᠢᠯᠦᠭ᠌ ᠪᠢᠴᠢᠵᠤ ᠣᠶᠤᠳᠠᠨ ᠠᠮᠢᠳᠤᠷᠠᠯ ᠶᠢᠡᠨ ᠳᠦᠭᠦᠷᠭᠡᠵᠤ ᠶᠠᠪᠣᠭᠰᠠᠨ ᠪᠦᠭᠡᠤᠨ ᠠᠵᠢᠯ ᠳᠤ ᠭᠠᠷᠤᠨ ᠠᠢ᠌ᠯ ᠤᠨ ᠪᠦᠰᠡᠭᠦᠢ ᠰᠠᠭᠤᠭᠰᠠᠨ ᠴᠤ ᠳᠤᠷ᠎ᠠ ᠰᠤᠨᠢᠷᠬᠠᠯ ᠶᠢᠡᠨ ᠭᠡᠭᠡᠯ ᠦᠭᠡᠶ ᠳᠤᠷᠠᠳᠠᠢ ᠣᠢ᠌ᠯᠠᠰ ᠲᠡᠭᠡᠨ ᠵᠢᠦᠡᠭᠦᠵᠤ᠂ ᠣᠶᠤᠨ ᠤ ᠭᠠᠯ ᠶᠢᠡᠷ ᠶᠢᠡᠨ ᠣᠩᠰᠢᠭᠴᠢᠳ ᠶᠢᠡᠨ ᠰᠢᠳᠠᠭᠠᠵᠤ ᠶᠠᠪᠣᠭ᠎ᠠ ᠳᠤᠳᠤᠷ ᠳᠠᠮᠢᠷᠯᠢᠭ ᠨᠠᠢ᠌ᠷᠠᠭᠴᠢ ᠪᠦᠰᠡᠭᠦᠢ ᠶᠤᠮ᠃ ᠳᠠᠷᠠ ᠠᠮᠢᠳᠤᠷᠠᠬᠤᠢ ᠶᠢᠨ ᠥᠷᠳᠡᠭ᠌ ᠶᠢᠡᠨ ᠵᠦᠪ ᠳᠠᠨᠢᠵᠤ ᠴᠢᠳᠠᠭᠰᠠᠨ ᠶᠢᠡᠷ ᠪᠠᠷᠠᠬᠤ ᠦᠭᠡᠶ ᠪᠦᠰᠡᠭᠦᠢ ᠵᠠᠶᠠᠭᠠᠨ ᠳᠠᠭᠠᠨ ᠪᠠᠷᠢᠭᠳᠠᠨ ᠭᠡᠷ ᠭᠡᠦᠭᠡᠤᠨ ᠤᠨ ᠬᠤᠭᠤᠷᠤᠠᠳᠤ ᠡᠷᠭᠢᠴᠡᠵᠤ ᠠᠮᠢ ᠨᠠᠰᠤ᠂ ᠠᠯᠳᠠᠨ ᠴᠠᠭ ᠶᠢᠡᠨ ᠠᠶᠠᠭ᠎ᠠ ᠰᠢᠨᠠᠭᠠᠨ ᠤ ᠵᠥᠯᠭᠦᠭᠦᠷ ᠪᠣᠯᠭᠠᠨ ᠬᠤᠭᠤᠰᠤᠨ ᠥᠩᠭᠡᠷᠡᠭᠦᠯᠦᠭᠡᠤᠨ ᠦᠭᠡᠶ᠃ ᠬᠠᠷᠢᠨ ᠭᠦᠮᠤᠨ ᠨᠡᠢ᠌ᠭᠡᠮ᠂ ᠠᠮᠢᠳᠤᠷᠠᠯ ᠣᠢ᠌ᠯᠠᠰ ᠤᠨ ᠳᠤᠮᠳᠠ ᠡᠴᠡ ᠦᠪᠡᠷ ᠪᠠᠶ᠎ᠠ ᠶᠢᠨ ᠦᠨ᠎ᠡ ᠴᠠᠨ᠎ᠠ ᠵᠢᠴᠢ ᠣᠷᠤᠰᠢᠬᠤᠢ ᠶᠢᠨ ᠥᠷᠳᠡᠭ᠌ ᠶᠢᠡᠨ ᠣᠶᠤᠠᠴᠢ ᠣᠬᠠᠮᠰᠠᠷ ᠶᠢᠡᠷ ᠰᠠᠷᠠᠨ ᠮᠠᠳᠠᠷᠠᠵᠤ ᠭᠦᠰᠡᠯ ᠳᠤᠷᠠᠯᠠᠯ᠂ ᠪᠣᠳᠤᠯ ᠰᠠᠤᠠᠭᠢᠯ ᠶᠢᠡᠨ ᠨᠠᠢ᠌ᠷᠠᠭ ᠤᠨ ᠬᠡ ᠲᠡᠶ ᠣᠳᠠᠰᠤ ᠪᠠᠷ ᠱᠠᠭᠯᠠᠨ ᠣᠶᠤᠳᠠᠭ ᠪᠠᠢ᠌ᠨ᠎ᠠ᠃

ᠨ·ᠴᠡᠯᠡᠭᠡᠷ ᠤᠨ 《ᠬᠠᠢ᠌ᠷ᠎ᠠ ᠴᠢᠠᠳᠠᠮᠤᠨᠢᠯᠠᠬᠤ ᠰᠢᠯᠦᠭ᠌》 (ᠪᠦᠭᠦ ᠠᠷᠪᠠᠨ ᠣᠬᠤᠷ ᠰᠢᠯᠦᠭ᠌ ᠡᠴᠡ ᠪᠦᠷᠢᠯᠳᠦᠪᠡ) ᠊ᠢ ᠰᠤᠨᠢᠷᠬᠠᠵᠤ ᠰᠠᠭᠤᠬᠤ ᠳᠤ ᠪᠦᠰᠡᠭᠦᠢ ᠣᠯᠤᠰ ᠤᠨ ᠳᠤᠳᠤᠭᠠᠳᠤ ᠶ‍ᠢᠷᠳᠢᠠᠴᠤ ᠶᠢᠨ ᠭᠦᠨ ᠳᠤ ᠬᠠᠳᠠᠭᠠᠯᠠᠭᠳᠠᠨ ᠨᠢᠭᠤᠭᠳᠠᠭ᠎ᠠ ᠭᠦᠭ᠍ᠰᠡᠯ ᠭᠡᠢ᠌ᠷᠭᠡᠯ᠂ ᠣᠢ᠌ᠤᠠᠬᠠᠷ ᠪᠣᠭᠢᠨᠢᠳᠤᠯ᠂ ᠡᠷᠢᠯ ᠰᠢᠨᠤᠯ ᠭᠢᠭᠡᠤᠨ ᠭᠦᠰᠡᠯ ᠳᠠᠮᠠᠤᠯᠠᠯ᠂ ᠭᠡᠦᠭᠡᠨ ᠬᠠᠢ᠌ᠷ᠎ᠠ ᠳᠠᠷᠠ ᠴᠢᠭ᠌ ᠶᠢᠡᠷ ᠶᠢᠡᠨ ᠰᠠᠤᠠᠭᠢᠯ ᠳᠤ ᠴᠠᠯᠭᠢᠨ ᠢᠷᠡᠭᠦ ᠶᠢ ᠶᠠᠭᠠᠭᠢᠨ᠎ᠠ ⁉ ᠳᠠᠷᠠ ᠪᠠᠷ 《ᠰᠠᠷᠠ ᠴᠢ》 ᠭᠡᠭᠦ ᠣᠬᠤᠷ ᠰᠢᠯᠦᠭ᠌ ᠲᠡᠭᠡᠨ 《ᠭᠦᠯ ᠢ ᠮᠢᠨᠢ ᠢᠯᠪᠢᠵᠤ ᠬᠤᠨᠤᠭᠰᠠᠨ ᠰᠡᠷᠡ/ᠭᠦᠡᠳᠤ ᠭᠠᠷ ᠶᠢᠡᠨ ᠭᠡᠭᠡ ᠳᠠᠳᠠᠭᠤᠯᠤᠨ ᠰᠢᠭᠦᠷᠡᠪᠡ /ᠭᠦᠮᠤᠨ ᠤ ᠭᠢ ᠪᠣᠯᠳᠠᠯ᠎ᠠ ᠨᠠᠮ᠎ᠠ ᠶᠢ ᠴᠢ / ᠭᠦᠯᠢᠶᠡᠵᠤ ᠴᠢᠳᠠᠯ ᠦᠭᠡᠶ ᠬᠠᠪᠢᠷᠭᠠᠯᠠᠪᠠ》 ᠭᠡᠮᠡᠭᠦ ᠰᠠᠨᠠᠭ᠎ᠠ ᠳᠦᠷᠢ᠂ ᠣᠷᠠᠨ ᠰᠠᠨᠠᠭ᠎ᠠ ᠬᠠᠷᠢᠯᠴᠠᠨ ᠠᠭᠤᠰᠤᠯᠴᠠᠭᠰᠠᠨ ᠰᠢᠯᠦᠭ᠌ ᠤᠨ ᠱᠠᠤᠨ ᠢ ᠪᠦᠳᠦᠭᠡᠭᠡᠤᠨ ᠭᠦᠰᠡᠯ ᠪᠣᠳᠤᠯ ᠶᠢᠡᠷ ᠪᠣᠯᠳᠠᠭ ᠦᠭᠡᠶ ᠭᠦᠮᠤᠨ ᠤ ᠠᠮᠢᠳᠤᠷᠠᠯ ᠤᠨ ᠭᠦᠩᠭᠡᠨ ᠭᠤᠨᠢᠭ ᠢ ᠣᠷᠠᠯᠢᠭ ᠤᠨ ᠦᠨᠡᠨ ᠶᠢᠡᠷ ᠥᠵᠡᠭᠦᠯᠵᠤ ᠴᠢᠳᠠᠯ᠎ᠠ᠃ ᠥᠭᠡ ᠳᠤᠳᠤᠷ᠎ᠠ ᠥᠭᠡ ᠪᠣᠭᠤᠵᠤ᠂ ᠦᠨᠡᠨ ᠳᠤᠳᠤᠷ᠎ᠠ ᠬᠤᠳᠠᠯ ᠨᠢᠭᠤᠬᠤ ᠪᠣᠯ ᠰᠢᠯᠦᠭ᠍ᠴᠢ ᠶᠢᠨ ᠪᠠᠰᠠ ᠨᠢᠭᠡ ᠰᠢᠯᠦᠭᠯᠡᠭᠦ ᠣᠷ᠎ᠠ ᠡᠷᠳᠡᠮ᠂ ᠣᠩᠰᠢᠭᠴᠢᠳ ᠲᠤ ᠣᠯᠭᠤᠬᠤ ᠣᠷᠤᠨ ᠵᠠᠢ᠂ ᠣᠢ ᠣᠬᠠᠭᠠᠨ ᠳᠤ ᠭᠦᠷᠭᠡᠭᠦ ᠭᠤᠸ᠎ᠠ ᠰᠠᠢ᠌ᠬᠠᠨ ᠠᠵᠢ᠃ ᠡ᠊ᠨᠳᠡ ᠢᠯᠠᠷᠠᠵᠤ ᠪᠠᠢ᠌ᠭ᠎ᠠ ᠰᠠᠷᠠ ᠪᠣᠯ ᠳᠡᠭ᠍ᠷᠢ ᠶᠢᠨ ᠰᠠᠷᠠ ᠪᠢᠰᠢ ᠬᠠᠷᠢᠨ ᠰᠢᠯᠦᠭ᠍ᠴᠢ ᠡᠴᠡ ᠪᠣᠳᠤᠯ ᠭᠦᠰᠡᠯ ᠳᠡᠭᠡᠨ ᠣᠷᠠᠨ ᠰᠠᠨᠠᠭ᠎ᠠ ᠣᠷᠭᠤᠭᠤᠯᠤᠨ ᠪᠦᠳᠦᠭᠡᠭ᠍ᠰᠡᠨ ᠰᠠᠨᠠᠭ᠎ᠠ ᠳᠦᠷᠢ ᠮᠦᠨ᠃

《ᠰᠠᠯᠭᠢ ᠪᠢ》 ᠭᠡᠭᠦ ᠰᠢᠯᠦᠭ᠌ ᠲᠡᠭᠡᠨ ᠰᠢᠯᠦᠭ᠍ᠴᠢ ᠡᠴᠡ 《ᠰᠠᠯᠭᠢ》 ᠪᠠᠷ 《ᠦᠪᠡᠷ ᠪᠢ》 ᠶᠢᠨ ᠰᠠᠨᠠᠭ᠎ᠠ ᠳᠦᠷᠢ ᠪᠣᠯᠭᠠᠨ ᠰᠢᠪᠠᠨᠡᠭᠦ ᠭᠡᠰᠡᠨ ᠥᠭᠡ᠂ ᠭᠠᠷᠭᠠᠬᠤ ᠭᠡᠰᠡᠨ ᠰᠠᠨᠠᠭ᠎ᠠ ᠪᠠᠨ ᠭᠦᠮᠦᠰ ᠤᠨ ᠨᠢᠳᠤᠨ ᠳᠤ ᠪᠢᠰᠢ ᠬᠠᠷᠢᠨ ᠰᠠᠤᠠᠭᠢᠯ ᠳᠤ ᠪᠠᠭᠤᠳᠠᠯ᠎ᠠ ᠣᠷᠠᠨ ᠪᠦᠰᠡᠭᠦᠢ ᠶᠢᠨ ᠣᠶᠤᠳᠠᠯ ᠶᠢᠡᠷ ᠱᠠᠭᠯᠠᠨ ᠥᠭ᠍ᠴᠤ ᠪᠠᠢ᠌ᠨ᠎ᠠ᠃ ᠵᠢᠩᠭᠢᠨᠢ ᠣᠷᠠᠨ ᠪᠦᠰᠡᠭᠦᠢ ᠣᠢ᠌ᠯᠠ ᠣᠶᠤᠬᠤ ᠳᠠᠭᠠᠨ ᠣᠳᠠᠰᠤ ᠪᠠᠨ ᠨᠢᠭᠤᠵᠤ ᠴᠢᠳᠠᠳᠠᠭ ᠲᠡᠶ ᠠᠳᠠᠯᠢ ᠰᠢᠯᠦᠭ᠍ᠴᠢ ᠡᠴᠡ ᠦᠪᠡᠷ ᠤᠨ ᠰᠠᠨᠠᠭ᠎ᠠ ᠪᠣᠳᠤᠯ ᠶᠢᠡᠨ ᠨᠠᠢ᠌ᠷᠠᠭ ᠤᠨ ᠨᠠᠪᠴᠢᠨ ᠳᠤᠤᠷ᠎ᠠ ᠡᠪᠳᠡᠢ᠌ᠭᠡᠨ ᠳᠠᠯᠳᠠᠯᠠᠵᠤ ᠴᠢᠳᠠᠭᠰᠠᠨ ᠨᠢ ᠣᠠᠴᠠᠯᠢᠭ ᠲᠡᠶ᠃ ᠡᠨᠡ ᠪᠣᠯ ᠰᠠ‍‌ᠶᠢ ᠰᠢᠯᠦᠭ᠌ ᠲᠤ ᠰᠢᠩᠭᠡᠭ᠍ᠰᠡᠨ ᠣᠷᠠᠨ ᠰᠠᠨᠠᠭ᠎ᠠ᠂ ᠭᠤᠸ᠎ᠠ ᠰᠠᠢ᠌ᠬᠠᠨ ᠮᠦᠨ᠃ ᠳᠤᠰ ᠰᠢᠯᠦᠭ᠌ ᠡᠴᠡ ᠥᠵᠡᠭᠦ ᠳᠤ ᠨ·ᠴᠡᠯᠡᠭᠡᠷ ᠰᠢᠯᠦᠭ᠌ ᠲᠡᠭᠡᠨ ᠳᠠᠰᠤᠷᠠᠯᠳᠠ ᠦᠭᠡᠶ ᠰᠢᠨᠠᠴᠢᠯᠠᠯᠳᠠ ᠭᠢᠵᠤ ᠰᠢᠨ᠎ᠠ ᠰᠡᠪᠠᠭᠦᠨ ᠥᠩᠭᠡ ᠪᠣᠳᠤᠭ᠂ ᠦᠨᠦᠷ ᠠᠮᠳᠠ᠂ ᠣᠷᠠᠨ ᠰᠠᠨᠠᠭ᠎ᠠ ᠣᠷᠤᠭᠤᠯᠬᠤ ᠪᠠᠷ ᠪᠢᠷ ᠣᠶᠤᠨ ᠶᠢᠡᠨ ᠭᠦᠴᠦᠯᠡᠵᠤ ᠪᠠᠢ᠌ᠬᠤ ᠨᠢ ᠢᠯᠡᠭᠡᠨ᠃ ᠡᠷᠢᠯᠳᠡ ᠬᠠᠢ᠌ᠯᠳᠠ ᠭᠢᠭᠦ ᠦᠭᠡᠶ ᠨᠢᠭᠡ ᠣᠷᠤᠨ ᠳᠠᠭᠠᠨ ᠵᠤᠭᠰᠤᠩᠭ᠋ᠣᠢ᠌ᠷᠠᠬᠤ ᠪᠣᠶᠤ ᠬᠣᠢ᠌ᠨ᠎ᠠ ᠪᠢᠴᠢᠭ᠍ᠰᠡᠨ ᠨᠢ ᠡᠮᠦᠨ᠎ᠡ ᠪᠢᠴᠢᠭ᠍ᠰᠡᠨ ᠶᠢᠡᠨ ᠭᠦᠷᠭᠦ ᠦᠭᠡᠶ ᠪᠠᠢ᠌ᠬᠤ ᠪᠣᠯ ᠰᠢᠯᠦᠭ᠍ᠴᠢ ᠶᠢᠨ ᠶᠠᠳᠠᠭᠤᠷᠠᠯ᠂ ᠮᠦᠨ ᠭᠡᠯᠡᠪᠠᠯ ᠰᠤᠶᠤᠯ ᠤᠨ ᠣᠬᠤᠷᠢᠯᠳᠠ ᠪᠣᠯᠤᠨ᠎ᠠ᠃ ᠨ·ᠴᠡᠯᠡᠭᠡᠷ 《ᠰᠠᠯᠭᠢ ᠪᠢ》 ᠭᠡᠭᠦ ᠰᠢᠯᠦᠭ᠌ ᠲᠡᠭᠡᠨ 《ᠭᠦᠵᠦᠭᠦᠤ ᠪᠠᠷ ᠴᠢᠨᠢ ᠡᠷᠭᠡᠯᠡᠨ ᠳᠦᠨᠢᠷᠭᠡᠵᠤ/ᠭᠦᠷᠡᠩ ᠭᠡᠵᠢᠭᠡ ᠪᠠᠨ ᠬᠣᠢ᠌ᠯᠠᠷᠠᠭᠤᠯᠤᠨ ᠢᠷᠡᠭ᠍ᠰᠡᠨ ᠶᠤᠮ /ᠭᠦᠷᠮᠡᠨ ᠤ ᠴᠢᠨᠢ ᠳᠤᠪᠴᠢᠰ ᠢ ᠠᠯᠳᠠᠷᠭᠠᠵᠤ /ᠭᠦᠯᠦᠰᠤ ᠪᠣᠯᠳᠠᠯ᠎ᠠ ᠠᠷᠭᠠᠳᠠᠭᠤᠯᠬᠤ ᠭᠡᠵᠤ ᠢᠷᠡᠭ᠍ᠰᠡᠨ ᠶᠤᠮ》 ᠭᠡᠮᠡᠭᠦ ᠰᠢᠨᠡᠷᠭᠡᠭ᠌ ᠰᠡᠪᠠᠭᠦᠨ ᠮᠥᠷᠳᠡᠭᠡᠨ ᠣᠷᠠᠨ ᠰᠠᠨᠠᠭ᠎ᠠ ᠠᠭᠤᠰᠤᠨ ᠨᠡᠪᠴᠢᠭ᠍ᠰᠡᠨ ᠪᠠᠳᠠᠭ ᠢ ᠨᠠᠢ᠌ᠷᠠᠭ ᠤᠨ ᠴᠢᠯᠠᠭᠤ ᠪᠠᠷ ᠵᠣᠢ᠌ᠨ ᠵᠡᠷᠭᠡᠯᠡᠭᠡᠤᠨ ᠭᠦᠮᠤᠨ ᠳᠤ ᠠᠮᠠᠷᠬᠠᠨ ᠥᠭ᠍ᠴᠤ ᠪᠣᠯᠳᠠᠭ ᠦᠭᠡᠶ ᠭᠡᠦᠭᠡᠨ ᠬᠠᠢ᠌ᠷ᠎ᠠ᠂ ᠭᠦᠰᠡᠯ ᠳᠤᠷᠠᠯᠠᠯ ᠶᠢᠡᠨ ᠭᠠᠭᠴᠠᠭᠠᠷ ᠶᠢᠡᠨ ᠰᠠᠤᠠᠭᠢᠯ ᠤᠨ ᠭᠦᠨ ᠳᠡᠭᠡᠨ ᠰᠢᠪᠠᠨᠠᠨ ᠥᠭ᠍ᠴᠤ ᠪᠠᠢ᠌ᠨ᠎ᠠ᠃ ᠢᠯᠠ ᠭᠡᠳᠡᠯ᠎ᠡ ᠨᠢᠭᠤᠴᠠ᠂ ᠨᠢᠭᠤᠴᠠ ᠭᠡᠳᠡᠯ᠎ᠡ ᠢᠯᠠ ᠰᠢᠯᠦᠭ᠌ ᠤᠨ ᠡᠢ᠌ᠮᠦᠷᠭᠦ ᠳᠡᠭ᠍ᠵᠢᠨ ᠰᠠᠨᠠᠭ᠎ᠠ ᠣᠤᠯ ᠰᠢᠯᠦᠭ᠌ ᠶᠢᠡᠨ ᠣᠯᠠᠮ ᠭᠤᠪᠠᠢ ᠡᠷᠭᠢᠮᠰᠦᠭ᠌᠂ ᠪᠣᠷᠤᠭᠵᠢᠭᠤᠨ ᠶᠡᠷᠦᠮᠳᠡᠭ᠌᠂ ᠭᠤᠸ᠎ᠠ ᠰᠠᠢ᠌ᠬᠠᠨ ᠤ ᠳᠠᠭᠠᠰᠢᠶᠠᠯ ᠳᠤ ᠭᠦᠷᠭᠡᠨ ᠴᠢᠳᠠᠵᠠᠢ᠃

ᠠᠮᠢᠳᠤᠷᠠᠯ ᠭᠡᠮᠡᠭ᠍ᠴᠢ ᠣᠨᠢᠰᠤ ᠴᠤ ᠮᠦᠨ᠂ ᠣᠨᠢᠰᠤᠭ᠎ᠠ ᠴᠤ ᠮᠦᠨ ᠪᠢᠯᠠ᠃ ᠭᠦᠮᠦᠰ ᠵᠠᠷᠢᠮ ᠳᠤ ᠪᠠᠨ ᠠᠮᠢᠳᠤᠷᠠᠯ ᠤᠨ ᠣᠨᠢᠰᠤᠨ ᠳᠤ ᠦᠪᠡᠷ ᠶᠢᠡᠨ ᠣᠨᠢᠰᠤᠯᠠᠭᠳᠠᠴᠢᠬᠠᠭᠠᠤᠨ ᠪᠣᠰᠤᠳ ᠲᠤ ᠣᠨᠢᠰᠤᠭ᠎ᠠ ᠪᠣᠯᠤᠨ ᠬᠤᠴᠤᠷᠳᠠᠭ ᠢ ᠠᠯᠢ ᠶᠢ ᠨᠢ ᠳᠠᠷᠠ ᠭᠡᠭᠦ ᠪᠣᠢ ⁈ ᠨ·ᠴᠡᠯᠡᠭᠡᠷ ᠡᠴᠡ 《ᠰᠠᠨᠠᠭ᠎ᠠ ᠵᠠᠶᠠᠭ᠎ᠠ》 ᠭᠡᠭᠦ ᠰᠢᠯᠦᠭ᠌ ᠲᠡᠭᠡᠨ 《ᠣᠨᠢᠰᠤᠯᠠᠭᠰᠠᠨ ᠬᠠᠷᠠᠴᠠᠨ ᠤ ᠳᠤᠳᠤᠷ᠎ᠠ ᠪᠢ ᠦᠯᠠᠳᠠᠵᠤ/ᠣᠨᠢᠰᠤᠭ᠎ᠠ ᠶᠤᠮ ᠰᠢᠭ ᠰᠠᠤᠠᠭᠢᠯ ᠳᠤ ᠴᠢᠨᠢ ᠳᠠᠷᠠ ᠣᠷᠭᠤᠵᠤ/ᠣᠳᠤᠳ ᠥᠢᠮᠡᠭᠦᠯᠦᠭ᠍ᠰᠡᠨ ᠰᠦᠨᠢ ᠨᠠᠮ᠎ᠠ ᠶᠢ ᠦᠭᠡᠶ ᠪᠠᠷ ᠶᠠᠭᠠᠷᠠᠨ/ᠣᠯᠤᠮ ᠭᠠᠳᠤᠯᠤᠨ ᠦᠳᠡᠰᠢ ᠪᠠᠷ ᠳᠡᠭᠦᠨ ᠳᠡᠭᠡᠷ᠎ᠡ ᠣᠴᠢᠬᠤ ᠶᠢ ᠴᠢᠨᠢ ᠁》 ᠭᠡᠮᠡᠭᠦ ᠣᠷᠠᠨ ᠪᠠᠳᠠᠭ ᠢ ᠰᠠᠤᠠᠭᠢᠮᠵᠢᠯᠠᠨ ᠪᠣᠳᠠᠳᠤ ᠠᠮᠢᠳᠤᠷᠠᠯ ᠳᠤᠮᠳᠠ ᠵᠠᠷᠢᠮ ᠳᠠᠭᠠᠨ ᠬᠠᠨᠢ ᠨᠥᠭᠦᠷ ᠭᠦᠷᠳᠡᠯ᠎ᠡ ᠨᠢᠭᠡ ᠪᠠᠨ ᠣᠢ᠌ᠯᠠᠭᠠᠬᠤ ᠦᠭᠡᠶ ᠪᠣᠶᠤ ᠣᠢ᠌ᠯᠠᠭᠠᠭᠳᠠᠬᠤ ᠦᠭᠡᠶ ᠭᠡᠮᠵᠢᠶᠡᠨ ᠳᠤ ᠭᠦᠷᠴᠤ ᠬᠠᠷᠠᠳᠠᠯ ᠰᠡᠵᠢᠭᠯᠡᠯ᠂ ᠬᠠᠷᠠᠮᠨᠠᠯ ᠭᠤᠮᠤᠳᠠᠯ ᠤᠨ ᠵᠥᠭᠡᠯᠡᠨ ᠳᠠᠮᠤᠨ ᠳᠤ ᠣᠨᠠᠨ ᠪᠠᠢ᠌ᠳᠠᠭ ᠠᠮᠢᠳᠤᠷᠠᠯ ᠤᠨ ᠦᠨᠡᠨ ᠢ ᠣᠷᠠᠨ ᠰᠠᠨᠠᠭ᠎ᠠ᠂ ᠣᠶᠤᠠᠴᠢ ᠣᠬᠠᠮᠰᠠᠷ ᠶᠢᠡᠷ ᠳᠡᠯᠭᠡᠨ ᠥᠵᠡᠭᠦᠯᠪᠡ᠃ ᠵᠠᠯᠭᠠᠭᠠᠤᠨ 《ᠠᠯᠴᠢᠭᠤᠷ ᠰᠢᠨᠠᠭᠠᠨ ᠳᠤ ᠣᠷᠢᠶᠠᠴᠠᠯᠳᠤᠭᠰᠠᠨ/ᠲ᠋ᠤᠭᠤᠭᠠᠨ ᠭᠡᠷ ᠤᠨ ᠠᠳᠠᠷ ᠳᠡᠭᠡᠷ᠎ᠡ/ᠠᠯᠠᠭ ᠴᠤᠬᠤᠷ ᠱᠠᠵᠠᠩ ᠰᠢᠭ ᠠᠮᠢᠳᠤᠷᠠᠯ ᠬᠠᠩᠭᠢ ᠳᠠᠳᠠᠨ ᠣᠨᠠᠪᠠ ᠁》 ᠭᠡᠮᠡᠨ ᠰᠢᠯᠦᠭ᠍ᠯᠡᠭᠡᠤᠨ ᠦᠪᠡᠷ ᠲᠤ ᠵᠠᠶᠠᠭᠠᠭᠰᠠᠨ ᠠᠮᠢᠳᠤᠷᠠᠯ ᠶᠢᠡᠨ ᠨᠠᠠᠳᠢᠩᠨᠠᠵᠤ ᠡᠰᠡ ᠮᠠᠳᠠᠪᠠᠯ ᠠᠯᠠᠭ ᠴᠤᠬᠤᠷ ᠱᠠᠵᠠᠩ ᠠᠳᠠᠯᠢ ᠭᠡᠪᠠᠷᠡᠭ᠌ ᠭᠡᠳᠡᠭ᠌ ᠢ ᠭᠦᠮᠦᠰ ᠤᠨ ᠰᠤᠨᠤᠷ ᠲᠤ ᠰᠠᠨᠠᠭᠤᠯᠤᠨ ᠭᠦᠷᠭᠡᠵᠤ ᠪᠠᠢ᠌ᠨ᠎ᠠ᠃ ᠳᠡᠭᠡᠭᠡᠤᠨ ᠶᠠᠷᠤ ᠨᠢ ᠡᠷᠡᠴᠦᠳ ᠢ ᠡᠭᠡᠨᠡᠷ ᠪᠦᠰᠡᠭᠦᠢ ᠪᠠᠨ ᠢᠯᠡᠭᠦᠭᠡᠨ ᠣᠢ᠌ᠯᠠᠭᠠᠵᠤ᠂ ᠬᠠᠯᠠᠮᠵᠢᠯᠠᠵᠤ᠂ ᠬᠠᠢ᠌ᠷᠠᠯᠠᠵᠤ ᠶᠠᠪᠣ ᠭᠡᠳᠡᠭ᠌ ᠣᠶᠤᠠᠴᠢ ᠣᠬᠠᠮᠰᠠᠷ ᠤᠨ ᠳᠠᠯᠳᠠ ᠰᠠᠨᠠᠭ᠎ᠠ ᠡᠨᠡ ᠰᠢᠯᠦᠭ᠌ ᠤᠨ ᠣᠤᠠᠬ᠎ᠠ ᠰᠠᠨᠠᠭᠠᠨ ᠳᠡᠭᠡᠷ᠎ᠡ ᠪᠦᠷᠳᠦᠯᠵᠡᠨ ᠪᠠᠢ᠌ᠭ᠎ᠠ︕

ᠨ·ᠴᠡᠯᠡᠭᠡᠷ ᠡᠴᠡ ᠪᠠᠰᠠ 《ᠡᠷᠢᠯ ᠰᠢᠨᠤᠯ》 ᠭᠡᠮᠡᠭᠦ ᠣᠬᠤᠷ ᠨᠠᠢ᠌ᠷᠠᠭ ᠲᠠᠭᠠᠨ ᠬᠤᠯᠪᠤᠨ ᠪᠣᠳᠤᠯᠳᠠ᠂ ᠬᠠᠮ ᠰᠠᠷᠠᠯ ᠤᠨ ᠪᠢᠴᠢᠯᠭᠡ ᠶᠢᠨ ᠠᠷᠭ᠎ᠠ ᠶᠢ ᠡᠪᠳᠡᠢ᠌ᠭᠡᠨ ᠭᠡᠷᠡᠭᠯᠡᠨ ᠣᠷᠠᠨ ᠰᠠᠨᠠᠭ᠎ᠠ ᠣᠷᠤᠭᠤᠯᠵᠤ᠂ 《ᠦᠪᠡᠷ ᠪᠢ》 ᠵᠢᠨ ᠪᠣᠳᠤᠯ ᠰᠠᠤᠠᠭᠢᠯ ᠤᠨ ᠭᠦᠨ ᠳᠤ ᠨᠢᠭᠤᠭᠳᠠᠨ ᠪᠠᠢ᠌ᠭ᠎ᠠ ᠡᠷᠢᠯ ᠰᠢᠨᠤᠯ᠂ ᠭᠦᠰᠡᠯ ᠳᠤᠷᠠᠯᠠᠯ ᠢ ᠨᠠᠢ᠌ᠷᠠᠭ ᠤᠨ ᠬᠡ ᠲᠡᠶ ᠣᠳᠠᠰᠤ ᠪᠠᠷ ᠣᠷᠠᠯᠠᠨ ᠣᠶᠤᠵᠤ ᠪᠠᠢ᠌ᠨ᠎ᠠ᠃ ᠵᠢᠱᠢᠶᠠᠯᠠᠪᠠᠯ 《ᠬᠠᠭᠠᠯᠭ᠎ᠠ ᠡᠭᠦᠷᠦᠭ᠍ᠰᠡᠨ ᠶᠤᠮ ᠰᠢᠭ ᠭᠤᠯᠳᠤᠮ ᠳᠦᠭᠦᠷᠭᠡᠨ ᠢᠷᠡᠭᠦ》 (ᠬᠠᠷᠠᠭᠠᠨ ᠰᠠᠷᠠᠯ)᠂ 《ᠭᠦᠩᠭᠢᠨᠡᠭ᠍ᠰᠡᠨ ᠳᠠᠭᠤᠨ ᠳᠤ ᠴᠢᠨᠢ ᠠᠭᠤᠰᠤᠨ ᠰᠢᠩᠭᠡᠶ᠎ᠡ》 (ᠰᠤᠨᠤᠰᠬᠤ ᠰᠠᠷᠠᠯ》᠂ 《ᠭᠦᠯ ᠨᠢᠴᠦᠭᠦᠯᠡᠨ ᠡᠪᠦᠷ ᠲᠤ ᠴᠢᠨᠢ ᠬᠡᠢ᠌ᠯᠵᠤ/ᠭᠦᠯᠪᠠᠷᠢᠨ ᠡᠷᠭᠡᠯᠡᠨ ᠵᠤᠪᠠᠵᠤ ᠵᠢᠷᠭᠠᠶ᠎ᠠ》 (ᠭᠦᠷᠦᠯᠴᠡᠭᠦ ᠰᠠᠷᠠᠯ) ᠭᠡᠭᠦ ᠮᠠᠳᠤ ᠭᠡᠳᠤ ᠭᠡᠳᠤᠨ ᠰᠠᠷᠠᠯ ᠳᠤ ᠮᠡᠳᠡᠷᠡᠭ᠍ᠳᠡᠵᠤ᠂ ᠰᠠᠤᠠᠭᠢᠯ ᠳᠤ ᠳᠠᠨᠢᠭᠳᠠᠬᠤ ᠪᠠᠳᠠᠭ ᠤᠳ ᠢ ᠬᠣᠢ᠌ᠨ᠎ᠠ ᠬᠣᠢ᠌ᠨ᠎ᠠ ᠡᠴᠡ ᠨᠢ ᠬᠤᠯᠪᠤᠨ ᠴᠥᠷᠭᠦᠯᠡᠭᠡᠤᠨ ᠰᠢᠯᠦᠭ᠌ ᠤᠨ ᠰᠠᠨᠠᠭ᠎ᠠ ᠪᠠᠨ ᠡᠷᠴᠢᠮᠵᠢᠭᠦᠯᠵᠤ᠂ ᠣᠩᠰᠢᠭᠴᠢᠳ ᠤᠨ ᠰᠤᠨᠢᠷᠬᠠᠯ ᠳᠠᠭᠠᠰᠢᠶᠠᠯ ᠢ ᠭᠦᠡᠳᠡᠵᠡᠢ᠃ ᠭᠦᠮᠤᠨ ᠤ ᠠᠮᠢᠳᠤᠷᠠᠯ ᠳᠤ ᠵᠤᠭᠤᠰ ᠮᠦᠩᠭᠦ᠂ ᠬᠤᠭᠤᠯᠠ ᠭᠦᠨᠡᠰᠤ᠂ ᠡᠳ᠋ᠯᠡᠯ ᠭᠡᠷᠡᠭᠯᠡᠯ ᠵᠡᠷᠭᠡ ᠪᠣᠳᠠᠰ ᠤᠨ ᠵᠣᠢ᠌ᠯ ᠱᠠᠭᠠᠷᠳᠠᠭᠳᠠᠬᠤ ᠡᠴᠡ ᠭᠠᠳᠠᠨ᠎ᠠ ᠪᠠᠰᠠ ᠭᠦᠰᠡᠯ ᠮᠥᠷᠦᠭᠡᠳᠦᠯ᠂ ᠬᠠᠢ᠌ᠷ᠎ᠠ ᠳᠤᠷᠠᠯᠠᠯ᠂ ᠵᠤᠭ᠎ᠠ ᠴᠡᠩᠭᠡᠯ ᠵᠡᠷᠭᠡ ᠪᠣᠳᠠᠰ ᠤᠨ ᠪᠣᠰᠤ ᠣᠶᠤᠨ ᠰᠠᠨᠠᠭᠠᠨ ᠤ ᠵᠣᠢ᠌ᠯ ᠴᠤ ᠳᠤᠳᠠᠭᠳᠠᠵᠤ ᠪᠣᠯᠬᠤ ᠦᠭᠡᠶ ᠪᠢᠯᠠ᠃ ᠠᠮᠢᠳᠤᠷᠠᠯ ᠤᠨ ᠡᠢ᠌ᠮᠦᠷᠭᠦ ᠪᠣᠳᠤᠯᠢᠶᠠᠠᠳᠤ ᠰᠢᠠᠵᠢ ᠶᠢ ᠰᠢᠯᠦᠭ᠍ᠴᠢ ᠡᠴᠡ ᠣᠶᠤᠠᠴᠢ ᠣᠬᠠᠮᠰᠠᠷ ᠶᠢᠡᠷ ᠵᠠᠳᠠᠯᠤᠨ ᠰᠢᠠᠵᠢᠯᠠᠵᠤ᠂ ᠣᠷᠠᠯᠢᠭ ᠤᠨ ᠦᠨᠡᠨ ᠶᠢᠡᠷ ᠭᠦᠮᠦᠰ ᠤᠨ ᠬᠠᠷᠠᠭᠠᠨ ᠳᠤ ᠳᠡᠯᠭᠡᠵᠤ ᠪᠠᠢ᠌ᠨ᠎ᠠ᠃ ᠰᠤᠶᠤᠯ ᠤᠨ ᠬᠠᠷᠠᠭᠠᠰᠤᠨ ᠡᠴᠡ ᠥᠵᠡᠭᠦ ᠳᠤ ᠡᠨᠡ ᠨᠢ ᠠᠮᠢᠳᠤᠷᠠᠯ ᠤᠨ ᠶᠤᠰᠤ ᠵᠢᠷᠤᠮ ᠡᠴᠡ ᠳᠡᠷᠰᠯᠡᠭ᠍ᠰᠡᠨ ᠮᠠᠭᠤ ᠮᠠᠭᠤᠬᠠᠢ᠂ ᠨᠢᠭᠤᠵᠤ ᠢᠴᠢᠮᠠᠷ ᠶᠠᠪᠣᠳᠠᠯ ᠪᠢᠰᠢ᠂ ᠬᠠᠷᠢᠨ ᠠᠮᠢᠳᠤᠷᠠᠯ ᠤᠨ ᠦᠨᠡᠨ ᠢ ᠣᠷᠠᠯᠢᠭ ᠤᠨ ᠦᠨᠡᠨ ᠶᠢᠡᠷ ᠥᠵᠡᠭᠦᠯᠦᠭ᠍ᠰᠡᠨ ᠰᠠᠤᠠᠭᠢᠯ ᠤᠨ ᠭᠤᠸ᠎ᠠ ᠰᠠᠢ᠌ᠬᠠᠨ ᠶᠤᠮ᠃ ᠵᠢᠩᠭᠢᠨᠢ ᠠᠮᠢᠳᠤᠷᠠᠯ ᠤᠨ ᠦᠨᠡᠨ ᠳᠤ ᠰᠠᠭᠤᠷᠢᠯᠠᠵᠤ᠂ ᠣᠷᠠᠯᠢᠭ ᠤᠨ ᠰᠢᠷᠭᠠᠭᠠᠯᠳᠠ ᠪᠠᠷ ᠰᠢᠭ᠍ᠰᠢᠭ᠍ᠳᠡᠭ᠍ᠰᠡᠨ ᠰᠢᠯᠦᠭ᠌ ᠡᠢ᠌ᠮᠤ ᠪᠠᠢ᠌ᠬᠤ ᠶᠤᠰᠤᠳᠠᠢ︕ ᠪᠣᠳᠠᠳᠤ ᠠᠮᠢᠳᠤᠷᠠᠯ ᠤᠨ ᠳᠤᠮᠳᠠ ᠵᠠᠷᠢᠮ ᠭᠦᠮᠤᠨ ᠰᠢᠯᠦᠭ᠌ ᠪᠠ ᠠᠮᠢᠳᠤᠷᠠᠯ ᠢ ᠬᠤᠭᠤᠷᠤᠠᠳᠤ ᠨᠢ ᠬᠤᠤᠠᠬᠤᠬᠤ ᠳᠤᠷᠠᠳᠠᠢ ᠪᠠᠢ᠌ᠳᠠᠭ᠃ ᠰᠢᠯᠦᠭ᠌ ᠨᠢ ᠭᠡᠳᠥᠢᠪᠠᠷ ᠠᠮᠢᠳᠤᠷᠠᠯ ᠡᠴᠡ ᠡᠰᠢ ᠲᠡᠶ ᠪᠣᠯᠪᠠᠴᠤ ᠳᠠᠷᠠ ᠴᠢᠭ᠌ ᠶᠢᠡᠷ ᠶᠢᠡᠨ ᠠᠮᠢᠳᠤᠷᠠᠯ ᠪᠢᠰᠢ ᠭᠡᠳᠡᠭ᠌ ᠢ ᠡ᠊ᠨᠳᠡ ᠰᠠᠨᠠᠭᠤᠯᠤᠮᠠᠷ ᠪᠠᠢ᠌ᠨ᠎ᠠ᠃ ᠳᠡᠭᠡᠭᠡᠤᠨ ᠰᠢᠯᠦᠭ᠌ ᠬᠤᠯᠪᠣᠬᠤ ᠳᠤ ᠵᠥᠪᠭᠡᠨ ᠥᠩᠭᠡᠨ ᠭᠠᠳᠠᠷ ᠳᠠᠯ᠎ᠠ ᠶᠢᠨ ᠳᠦᠷᠰᠦᠯᠠᠯ᠂ ᠣᠷᠠᠨ ᠥᠭᠡ ᠶᠢᠨ ᠣᠭᠰᠠᠷᠠᠭᠤᠯᠤᠯ ᠪᠠᠢ᠌ᠪᠠᠯ ᠪᠣᠯᠴᠢᠬᠠᠬᠤ ᠪᠢᠰᠢ ᠬᠠᠷᠢᠨ ᠰᠠᠤᠠᠭᠢᠯ ᠤᠨ ᠨᠠᠷᠢᠨ ᠮᠠᠳᠠᠷᠠᠮᠵᠢ ᠨᠠᠩ ᠴᠢᠬᠤᠯᠠ ᠭᠡᠳᠡᠭ᠌ ᠢ ᠡ᠊ᠨᠳᠡ ᠵᠢᠱᠢᠶᠠᠯᠠᠵᠤ ᠥᠵᠡᠭᠦᠯᠦᠯ᠎ᠡ᠃

《ᠡᠵᠡᠭᠦᠢ ᠭᠡᠢ᠌ᠷᠭᠡᠯ》 ᠭᠡᠮᠡᠭᠦ ᠣᠬᠤᠷ ᠰᠢᠯᠦᠭ᠌ ᠲᠤ ᠰᠢᠯᠦᠭ᠍ᠴᠢ ᠡᠴᠡ ᠶᠡᠭᠡ ᠬᠠᠢ᠌ᠷ᠎ᠠ ᠶᠢᠨ ᠵᠠᠬ᠎ᠠ ᠦᠭᠡᠶ ᠳᠠᠯᠠᠢ ᠪᠠᠷ ᠠᠶᠠᠯᠠᠬᠤ ᠳᠠᠭᠠᠨ ᠢᠷᠠᠭᠤ ᠨᠠᠢ᠌ᠷᠠᠭ ᠤᠨ ᠥᠩᠭᠡᠳᠤ ᠨᠠᠪᠴᠢ ᠪᠠᠷ ᠵᠠᠪᠢ ᠭᠢᠨ ᠭᠢᠯᠢ ᠦᠭᠡᠶ ᠳᠠᠷᠬᠠᠨ᠂ ᠭᠬᠢᠷ ᠦᠭᠡᠶ ᠴᠡᠪᠠᠷᠭᠡᠨ ᠬᠠᠢ᠌ᠷ᠎ᠠ ᠳᠤᠷᠠᠯᠠᠯ ᠳᠠᠭᠠᠨ ᠰᠢᠳᠠᠵᠤ ᠳᠤᠭᠳᠤᠯᠵᠤ ᠶᠠᠪᠣᠭ᠎ᠠ ᠰᠠᠤᠠᠭᠢᠯ ᠤᠨ ᠵᠥᠭᠡᠯᠡᠨ ᠬᠠᠯᠭᠢᠶ᠎ᠠ ᠴᠠᠯᠭᠢᠯᠠᠨ ᠠᠰᠬᠠᠷᠠᠵᠠᠢ᠃ ᠠᠮᠢᠳᠤᠷᠠᠯ ᠳᠤ ᠣᠯᠠᠨ ᠳᠠᠯ᠎ᠠ ᠶᠢᠨ ᠬᠤᠷᠢᠭ᠎ᠠ ᠴᠡᠭᠡᠷ ᠪᠠᠢ᠌ᠳᠠᠭ ᠴᠤ ᠬᠠᠢ᠌ᠷ᠎ᠠ ᠳᠤᠷᠠᠯᠠᠯ ᠳᠤ ᠶᠠᠷᠤ ᠬᠤᠷᠢᠭ᠎ᠠ ᠴᠡᠭᠡᠷ ᠭᠡᠵᠤ ᠪᠠᠢ᠌ᠳᠠᠭ ᠦᠭᠡᠶ ᠪᠣᠯᠬᠤᠷ 《ᠡᠭᠦᠯᠡᠨ ᠳᠤ ᠣᠢ᠌ᠷ᠎ᠠ ᠪᠦᠳᠡᠭᠢᠭᠡᠨ ᠰᠠᠷᠠᠨ ᠤ ᠭᠡᠭᠡ ᠪᠠᠷ /ᠦᠨᠡᠨ ᠶᠢᠡᠨ ᠭᠡᠯᠡᠵᠤ᠂ ᠥᠨᠦᠰᠦᠭᠦᠯᠵᠤ ᠁ /ᠡᠵᠡᠭᠦᠢ ᠬᠤᠯᠠ ᠳᠤ ᠬᠤᠶᠠᠭᠤᠯᠬᠠᠨ ᠶᠢᠡᠨ ᠢᠩᠭᠢᠵᠤ/ᠡᠷᠭᠡ ᠴᠢᠯᠦᠭᠡ ᠶᠢ ᠭᠠᠯᠪᠠ ᠨᠤᠷᠠᠳᠠᠯ᠎ᠠ ᠡᠳ᠋ᠯᠡᠭᠦ ᠰᠠᠨ》 ᠭᠡᠭᠦ ᠣᠷᠠᠨ ᠰᠠᠨᠠᠭ᠎ᠠ᠂ ᠳᠠᠯᠳᠠ ᠣᠬᠠᠮᠰᠠᠷ ᠳᠠᠪᠬᠤᠷᠯᠠᠨ ᠣᠷᠤᠭᠰᠠᠨ ᠰᠢᠯᠦᠭ᠌ ᠤᠨ ᠪᠠᠳᠠᠭ ᠢ ᠴᠤᠭᠴᠠᠯᠠᠭᠠᠤᠨ ᠪᠣᠳᠤᠯ ᠰᠠᠤᠠᠭᠢᠯ ᠤᠨ ᠭᠦᠨ ᠳᠤ ᠬᠠᠳᠠᠭᠠᠯᠠᠭᠳᠠᠨ ᠪᠠᠢ᠌ᠭ᠎ᠠ ᠬᠠᠢ᠌ᠷ᠎ᠠ ᠶᠢᠨ ᠰᠢᠪᠠᠨᠡᠭᠡ᠂ ᠬᠠᠯᠠᠭᠤᠨ ᠭᠦᠰᠡᠯ ᠶᠢᠡᠨ ᠰᠠᠯᠭᠢᠨ ᠳᠤ ᠰᠢᠪᠠᠨᠠᠵᠤ᠂ ᠰᠠᠷᠠᠨ ᠤ ᠳᠤᠤᠷ᠎ᠠ ᠳᠠᠭᠤᠯᠠᠵᠤ ᠪᠠᠢ᠌ᠨ᠎ᠠ᠃ ᠭᠡᠭᠦ ᠳᠤ ᠭᠦᠮᠤᠨ ᠭᠡᠭ᠍ᠴᠢ ᠠᠳᠤᠭᠤᠰᠤ ᠠᠮᠢᠳᠠᠨ ᠡᠴᠡ ᠢᠯᠭᠠᠭ᠎ᠠ ᠲᠡᠶ ᠪᠠᠢ᠌ᠳᠠᠭ ᠪᠣᠯᠬᠤᠷ ᠰᠤᠶᠤᠯ ᠪᠣᠯᠪᠠᠰᠤᠷᠠᠯ ᠤᠨ ᠭᠦᠷᠢᠶ᠎ᠡ ᠴᠠᠷ᠎ᠠ ᠡᠴᠡ ᠳᠤᠷ᠎ᠠ ᠪᠠᠷ ᠶᠢᠡᠨ ᠬᠠᠯᠢᠨ ᠭᠠᠷᠴᠤ ᠪᠣᠯᠳᠠᠭ ᠦᠭᠡᠶ ᠭᠡᠰᠡᠨ 《ᠦᠪᠡᠷ ᠪᠢ》 ᠵᠢᠨ ᠣᠶᠤᠠᠴᠢ ᠣᠬᠠᠮᠰᠠᠷ᠂ ᠪᠦᠳᠡᠭᠢ ᠰᠠᠨᠠᠭ᠎ᠠ ᠡ᠊ᠨᠳᠡ ᠴᠤᠬᠤᠯᠵᠠᠨ ᠪᠠᠢ᠌ᠭ᠎ᠠ᠃ ᠰᠢᠯᠦᠭ᠌ ᠤᠨ ᠴᠤᠬᠤᠮ ᠰᠠᠨᠠᠭ᠎ᠠ ᠨᠢ 《ᠦᠪᠡᠷ ᠪᠢ》 ᠡᠴᠡ ᠪᠠᠶ᠎ᠠ ᠪᠠᠨ ᠡᠷᠭᠦᠵᠤ ᠴᠠᠭᠠᠤᠠᠬᠠᠬᠤ ᠭᠡᠰᠡᠨ ᠳᠤ ᠪᠢᠰᠢ ᠬᠠᠷᠢᠨ 《ᠦᠪᠡᠷ ᠪᠢ》 ᠡᠴᠡ ᠪᠠᠶ᠎ᠠ ᠪᠠᠨ ᠭᠡᠷᠭᠢᠨ ᠣᠢ᠌ᠯᠠᠭᠠᠵᠤ ᠳᠠᠨᠢᠬᠤ ᠪᠣᠢ ᠭᠡᠳᠡᠭ᠌ ᠲᠤ ᠪᠠᠢ᠌ᠨ᠎ᠠ᠃ ᠡᠨᠡ ᠪᠣᠯ ᠰᠢᠯᠦᠭ᠍ᠴᠢ ᠡᠴᠡ ᠰᠢᠯᠦᠭ᠌ ᠤᠨ ᠮᠦᠴᠢᠷ ᠳᠤᠤᠷ᠎ᠠ ᠪᠠᠨ ᠨᠢᠭᠤᠵᠤ ᠳᠠᠯᠪᠢᠭᠰᠠᠨ ᠣᠷᠠᠨ ᠰᠠᠨᠠᠭ᠎ᠠ ᠮᠦᠨ᠃

ᠨ·ᠴᠡᠯᠡᠭᠡᠷ ᠤᠨ 《ᠡᠷᠭᠡ ᠴᠢᠯᠦᠭᠡ ᠶᠢᠨ ᠭᠤᠳᠤᠮᠵᠢ》 ᠭᠡᠮᠡᠭᠦ ᠣᠬᠤᠷ ᠨᠠᠢ᠌ᠷᠠᠭ ᠪᠣᠯ ᠳᠠᠷᠠ ᠴᠢᠭ᠌ ᠶᠢᠡᠷ ᠶᠢᠡᠨ ᠦᠪᠡᠷ ᠤᠨ ᠣᠷᠤᠰᠢᠨ ᠠᠮᠢᠳᠤᠷᠠᠭ᠎ᠠ ᠠᠮᠢᠳᠤᠷᠠᠯ ᠤᠨ ᠪᠦᠯᠢᠶᠡᠨ ᠥᠷᠦᠭᠡ ᠪᠠᠨ ᠪᠠᠬᠠᠳᠠᠨ ᠬᠠᠢ᠌ᠷᠠᠯᠠᠨ ᠣᠶᠠᠩᠭ᠋ᠠᠯᠠᠵᠤ᠂ ᠦᠪᠡᠷ ᠶᠢᠡᠨ ᠡᠨᠡ ᠵᠢᠵᠢᠭ᠍‍ᠭᠡᠨ ᠥᠷᠦᠭᠡᠨ ᠳᠤᠳᠤᠷ᠎ᠠ ᠠᠶᠠᠨ ᠤ ᠰᠢᠪᠠᠭᠤ ᠠᠳᠠᠯᠢ ᠡᠷᠭᠡ ᠳᠤᠷ᠎ᠠ ᠪᠠᠷ ᠶᠢᠡᠨ ᠪᠠᠭᠤᠵᠤ ᠨᠢᠰᠴᠤ᠂ ᠪᠠᠰᠠ ᠵᠢᠷᠭᠠᠵᠤ ᠴᠡᠩᠭᠡᠵᠤ ᠪᠠᠢ᠌ᠳᠠᠭ ᠭᠡᠰᠡᠨ ᠶᠢᠡᠨ ᠳᠤᠷᠠᠰᠤᠨ ᠳᠠᠭᠤᠯᠠᠨ ᠰᠢᠯᠦᠭ᠍ᠯᠡᠪᠡ᠃ ᠳᠠᠷᠠ ᠭᠡᠷ ᠣᠷᠤᠨ᠂ ᠠᠵᠢᠯ ᠣᠢ᠌ᠯᠠᠰ ᠤᠨ ᠬᠤᠭᠤᠷᠤᠠᠳᠤ ᠨᠠᠭᠴᠠᠢ᠌ᠳᠠᠯ᠎ᠠ ᠵᠢᠦᠡᠭᠦᠵᠤ ᠶᠠᠪᠣᠳᠠᠭ ᠪᠦᠰᠡᠭᠦᠢ ᠵᠠᠶᠠᠭᠠᠨ ᠳᠠᠭᠠᠨ ᠭᠤᠳᠤᠷᠠᠭ᠎ᠠ ᠦᠭᠡᠶ᠃ ᠠᠮᠠᠷᠠᠭ ᠬᠠᠨᠢ᠂ ᠠᠩᠭᠢᠷ ᠦᠷ᠎ᠡ ᠪᠠᠨ ᠠᠴᠢᠯᠠᠨ ᠡᠨᠡᠷᠢᠭᠦ ᠡᠷᠭᠢᠮ ᠣᠢ᠌ᠯᠠᠨ ᠡᠴᠡ ᠪᠠᠨ ᠣᠢ᠌ᠳᠤᠭ᠎ᠠ ᠦᠭᠡᠶ᠃ ᠬᠠᠷᠢᠨ ᠠᠮᠠᠷᠠᠭ ᠬᠠᠨᠢ᠂ ᠠᠴᠢᠯᠠᠯᠳᠤ ᠭᠡᠷᠭᠡᠢ᠂ ᠠᠩᠭᠢᠷ ᠦᠷ᠎ᠡ ᠭᠡᠮᠡᠭᠦ ᠭᠤᠷᠮᠤᠰᠤᠨ ᠬᠠᠢ᠌ᠷ᠎ᠠ ᠶᠢᠨ ᠶᠡᠭᠡ ᠢᠯᠴᠢᠨ ᠳᠤ ᠵᠢᠷᠦᠭᠡ ᠪᠠᠷ ᠶᠢᠡᠨ ᠳᠦᠭᠡᠨᠡᠭ᠍ᠳᠡᠵᠤ᠂ ᠰᠢᠯᠦᠭ᠌ ᠶᠢᠡᠷ ᠶᠢᠡᠨ ᠰᠢᠳᠠᠵᠤ ᠰᠠᠭᠤᠭ᠎ᠠ ᠭᠡᠯᠡᠨ ᠳᠡᠭᠡᠨ ᠨᠠᠢ᠌ᠷᠠᠭ ᠲᠡᠶ ᠭᠡᠴᠡᠭᠦᠤ ᠪᠦᠰᠡᠭᠦᠢ︕ ᠳᠡᠭᠦᠨ ᠤ ᠰᠢᠯᠦᠭ᠌ ᠢ ᠠᠪᠤᠨ ᠣᠩᠰᠢᠬᠤ ᠳᠤ ᠣᠢ᠌ᠯᠠᠭᠠᠭᠳᠠᠬᠤ ᠦᠭᠡᠶ ᠣᠨᠢᠰᠤᠭ᠎ᠠ ᠮᠠᠳᠤ ᠣᠷᠮ᠎ᠠ ᠬᠤᠭᠤᠯᠪᠠᠴᠤ ᠳᠠᠭᠢᠨ ᠳᠠᠭᠢᠨ ᠨᠠᠷᠢᠨ ᠵᠠᠳᠠᠯᠤᠨ ᠣᠩᠰᠢᠪᠠᠯ ᠣᠴᠢᠷ ᠣᠬᠠᠭᠠᠨ ᠢ ᠨᠢ ᠠᠮᠠᠷᠬᠠᠨ ᠣᠯᠵᠤ ᠪᠣᠯᠬᠤ ᠶᠤᠮ᠃ ᠳᠠᠷᠠ ᠪᠠᠷ ᠡᠩ ᠤᠨ ᠠᠮᠢᠳᠤᠷᠠᠯ ᠤᠨ ᠳᠤᠮᠳᠠᠭᠢ ᠵᠢᠵᠢᠭ᠌ ᠵᠣᠢ᠌ᠯᠠᠰ ᠡᠴᠡ ᠰᠠᠳᠤᠪ ᠠᠪᠴᠤ᠂ ᠡᠩ ᠤᠨ ᠪᠣᠰᠤ ᠠᠮᠢᠳᠤᠷᠠᠯ ᠤᠨ ᠣᠬᠠᠭᠠᠨ ᠵᠦᠢ᠌ ᠶᠢ ᠭᠦᠮᠦᠰ ᠲᠤ ᠳᠠᠨᠢᠭᠤᠯᠬᠤ ᠪᠠᠷ ᠴᠢᠷᠮᠠᠢ᠌ᠵᠤ ᠪᠠᠢ᠌ᠭ᠎ᠠ ᠨᠢ ᠢᠯᠡᠭᠡᠨ᠃ ᠨᠠᠩ ᠴᠤ ᠣᠯᠠᠮᠵᠢᠯᠠᠯᠳᠤ ᠮᠤᠩᠭ᠋ᠤᠯ ᠰᠢᠯᠦᠭ᠌ ᠤᠨ ᠭᠡᠪ ᠵᠠᠭᠪᠣᠷ ᠭᠢᠭᠡᠤᠨ ᠦᠪᠡᠷ ᠤᠨ ᠰᠡᠳᠭᠢᠭᠦ ᠪᠢᠴᠢᠭᠦ ᠭᠡᠯᠪᠠᠷᠢ ᠳᠡᠭᠡᠨ ᠵᠤᠷᠢᠭ ᠲᠡᠶ ᠡᠷᠢᠯᠳᠡ ᠬᠠᠢ᠌ᠯᠳᠠ ᠭᠢᠵᠤ ᠰᠢᠯᠦᠭ᠌ ᠲᠡᠭᠡᠨ ᠰᠢᠨ᠎ᠠ ᠥᠩᠭᠡ ᠪᠣᠳᠤᠭ᠂ ᠦᠨᠦᠷ ᠠᠮᠳᠠ᠂ ᠣᠷᠠᠨᠰᠠᠨᠠᠭ᠎ᠠ ᠣᠷᠤᠭᠤᠯᠬᠤ ᠭᠡᠮᠡᠨ ᠰᠠᠤᠠᠭᠢᠯ ᠣᠶᠤᠨ ᠶᠢᠡᠨ ᠴᠢᠯᠡᠭᠡᠵᠤ ᠪᠠᠢ᠌ᠭ᠎ᠠ ᠨᠢ ᠪᠢᠰᠢᠷᠡᠭᠦᠰᠢᠳᠡᠢ᠃

ᠪᠠᠭᠴᠠᠯᠠᠵᠤ ᠭᠡᠯᠡᠪᠠᠯ ᠨ·ᠴᠡᠯᠡᠭᠡᠷ ᠤᠨ 《ᠬᠠᠢ᠌ᠷ᠎ᠠ ᠴᠢᠠᠳᠠᠮᠤᠨᠢᠯᠠᠬᠤ ᠰᠢᠯᠦᠭ᠌》 ᠲᠤ ᠣᠷᠤᠭᠰᠠᠨ ᠠᠷᠪᠠᠭᠠᠤᠨ ᠣᠬᠤᠷ ᠰᠢᠯᠦᠭ᠌ ᠨᠢ ᠦᠪᠡᠷ ᠤᠨ ᠭᠡᠰᠡᠨ ᠣᠠᠴᠠᠯᠢᠭ ᠲᠡᠶ ᠴᠢᠨᠠᠷᠯᠢᠭ ᠪᠦᠳᠦᠭᠡᠯ ᠪᠣᠯᠵᠠᠢ᠃ ᠡ᠊ᠨᠳᠡ ᠰᠢᠯᠦᠭ᠍ᠴᠢ ᠲᠡᠶ ᠪᠠᠨ ᠵᠦᠪᠯᠠᠮᠠᠷ ᠵᠣᠢ᠌ᠯ ᠭᠡᠪᠠᠯ ᠰᠢᠯᠦᠭ᠌ ᠤᠨ ᠥᠭᠡᠨ ᠳᠡᠭᠡᠨ ᠣᠯᠠᠮ ᠨᠠᠷᠢᠨ ᠰᠠᠢ᠌ᠬᠠᠨ ᠰᠢᠷᠭᠠᠭᠠᠯᠳᠠ ᠳᠤᠩᠭ᠋ᠠᠭᠠᠯᠳᠠ ᠭᠢᠪᠠᠯ ᠨᠠᠩ ᠰᠠᠢ᠌ᠨ︕ ᠵᠢᠱᠢᠶᠡᠯᠡᠭᠦ ᠳᠤ 《ᠬᠠᠢ᠌ᠷ᠎ᠠ ᠴᠢᠠᠳᠠᠮᠤᠨᠢᠯᠠᠬᠤ ᠰᠢᠯᠦᠭ᠌》 ᠲᠤ ᠣᠷᠤᠭᠰᠠᠨ 《ᠰᠠᠨᠠᠭ᠎ᠠ ᠵᠠᠶᠠᠭ᠎ᠠ》 ᠭᠡᠭᠦ ᠣᠬᠤᠷ ᠰᠢᠯᠦᠭ᠌ ᠲᠤ 《ᠳᠤᠭᠤᠭᠠᠨ ᠭᠡᠷ ᠤᠨ ᠠᠳᠠᠷ ᠳᠡᠭᠡᠷ᠎ᠡ/ᠠᠯᠠᠭ ᠴᠤᠬᠤᠷ ᠱᠠᠵᠠᠩ ᠰᠢᠭ ᠠᠮᠢᠳᠤᠷᠠᠯ ᠬᠠᠩᠭᠢ ᠳᠠᠳᠠᠨ ᠣᠨᠠᠪᠠ ᠁》 ᠭᠡᠮᠡᠭᠦ ᠮᠦᠷ ᠪᠣᠢ᠃ ᠣᠯᠠᠨ ᠤ ᠮᠡᠳᠡᠭᠡᠵᠢ ᠪᠠᠷ 《ᠠᠳᠠᠷ》 ᠭᠡᠳᠡᠭ᠌ ᠥᠭᠡ ᠪᠣᠯ ᠪᠢᠴᠢᠯᠭᠡ ᠢᠵᠢᠯ᠂ ᠳᠠᠭᠤᠳᠠᠯᠭ᠎ᠠ ᠣᠤᠠᠬ᠎ᠠ ᠣᠠᠳᠤᠤ ᠥᠭᠡ ᠶᠤᠮ᠃ ᠡ᠊ᠨᠳᠡ ᠰᠢᠯᠦᠭ᠍ᠴᠢ ᠡᠴᠡ ᠪᠠᠢ᠌ᠰᠢᠩ ᠤᠨ ᠳᠤᠳᠤᠷ ᠳᠡᠭᠡᠪᠦᠷ ᠢ ᠵᠢᠭᠠᠭᠰᠠᠨ ᠣᠤᠠᠬ᠎ᠠ ᠪᠠᠷ ᠭᠡᠷᠡᠭᠯᠡᠵᠡᠢ᠃ ᠪᠣᠳᠠᠳᠤ ᠠᠮᠢᠳᠤᠷᠠᠯ ᠤᠨ ᠳᠤᠮᠳᠠ ᠱᠠᠵᠠᠩ ᠶᠢᠡᠨ ᠭᠡᠷ ᠤᠨ ᠱᠠᠯᠠᠨ ᠳᠡᠭᠡᠷ᠎ᠡ ᠠᠯᠳᠠᠨ ᠬᠠᠭᠠᠯᠬᠤ ᠡᠴᠡ ᠪᠢᠰᠢ ᠭᠡᠷ ᠤᠨ ᠶᠢᠡᠨ ᠠᠳᠠᠷ ᠥᠭᠡᠳᠡ ᠴᠢᠯᠠᠭᠤᠳᠠᠨ ᠬᠠᠭᠠᠯᠬᠤ ᠣᠴᠢᠷ ᠪᠠᠷᠤᠭ ᠪᠠᠢ᠌ᠬᠤ ᠦᠭᠡᠶ᠃ ᠡᠢ᠌ᠮᠤ ᠡᠴᠡ 《ᠠᠳᠠᠷ》 ᠭᠡᠭᠦ ᠥᠭᠡ ᠪᠠᠨ 《ᠱᠠᠯᠠ》 ᠭᠡᠮᠡᠨ ᠰᠤᠯᠢᠪᠠᠯ ᠨᠠᠩ ᠣᠨᠤᠪᠴᠢᠳᠠᠢ ᠪᠣᠯᠬᠤ ᠰᠢᠭ᠃ ᠪᠠᠰᠠ 《ᠡᠷᠢᠯ ᠰᠢᠨᠤᠯ》 ᠭᠡᠭᠦ ᠣᠬᠤᠷ ᠰᠢᠯᠦᠭ᠌ ᠲᠤ 《ᠰᠢᠳᠤᠨ ᠤ ᠴᠢᠨᠢ ᠰᠠᠢ᠌ᠬᠠᠨ ᠢ ᠰᠢᠮᠠᠵᠤ/ᠨᠢᠳᠤᠨ ᠤ ᠴᠢᠨᠢ ᠣᠶᠠᠬᠠᠨ ᠳᠤ ᠬᠤᠷᠭᠤᠳᠠᠵᠤ》 ᠭᠡᠮᠡᠭᠦ ᠮᠦᠷ ᠭᠠᠷᠴᠤ ᠪᠣᠢ᠃ ᠡᠭᠦᠨ ᠳᠤ 《ᠰᠢᠳᠤᠨ ᠤ ᠴᠢᠨᠢ ᠰᠠᠢ᠌ᠬᠠᠨ ᠢ ᠰᠢᠮᠠᠵᠤ》 ᠭᠡᠳᠡᠭ᠌ ᠨᠢ ᠪᠣᠳᠠᠳᠤ ᠠᠮᠢᠳᠤᠷᠠᠯ ᠡᠴᠡ ᠪᠠᠬᠠᠨ ᠵᠠᠢ᠌ᠳᠠᠭ᠎ᠠ ᠭᠡᠮᠡᠷ᠃ ᠶᠠᠷᠤ ᠨᠢ ᠠᠮᠢᠳᠤᠷᠠᠯ ᠳᠤ ᠢᠨᠠᠭ ᠵᠠᠯᠠᠭᠤᠰ ᠣᠷᠤᠭᠤᠯ ᠭᠡᠯᠡ ᠪᠠᠨ ᠭᠦᠭᠦᠵᠤ ᠰᠢᠮᠡᠯᠴᠡᠭᠦ ᠣᠴᠢᠷ ᠭᠠᠷᠬᠤ ᠡᠴᠡ ᠪᠢᠰᠢ ᠰᠢᠳᠤ ᠪᠣᠢ᠌ᠯᠠ ᠪᠠᠨ ᠰᠢᠮᠡᠯᠴᠡᠭᠦ ᠣᠴᠢᠷ ᠠᠷᠠᠢ ᠭᠠᠷᠬᠤ ᠦᠭᠡᠶ ᠪᠣᠯᠪᠠ ᠦᠦ︖

ᠬᠠᠮᠤᠭ ᠰᠡᠭᠦᠯ ᠳᠤ ᠨ·ᠴᠡᠯᠡᠭᠡᠷ ᠤᠨ ᠭᠠᠷ ᠡᠴᠡ ᠨᠠᠩ ᠣᠯᠠᠨ ᠳᠤᠷᠪᠢᠯᠢᠭ ᠴᠢᠨᠠᠷᠯᠢᠭ ᠪᠦᠳᠦᠭᠡᠯ ᠣᠠᠳᠤᠷᠤᠨ ᠭᠠᠷᠬᠤ ᠶᠢ ᠪᠠᠯᠭᠡᠳᠡᠶ᠎ᠡ︕

ᠮᠠᠯᠴᠢᠨ ᠰᠢᠯᠦᠭ᠍ᠴᠢ ᠯᠥ᠊·ᠮᠦᠩᠭᠦᠡᠬᠤᠸᠡᠷ ᠭᠡᠵᠤ ᠪᠠᠰᠠ ᠴᠤ ᠠᠤᠠᠬᠤᠭᠰᠠᠨ ᠪᠢᠷ ᠶᠢᠡᠨ ᠰᠤᠯᠠᠤᠠᠬᠠᠯ ᠦᠭᠡᠶ ᠰᠥᠷᠦᠭ᠌ ᠤᠨ ᠶᠢᠡᠨ ᠳᠡᠷᠭᠡᠳᠡ ᠰᠢᠯᠦᠭ᠌ ᠨᠠᠢ᠌ᠷᠠᠭ ᠳᠠᠳᠠᠯᠠᠵᠤ ᠰᠠᠭᠤᠭ᠎ᠠ ᠣᠷᠤᠯᠳᠤᠯᠭ᠎ᠠ ᠴᠢᠷᠮᠠᠢ᠌ᠯᠭ᠎ᠠ ᠰᠠᠢ᠌ᠳᠠᠢ ᠣᠬᠠᠭᠠᠠᠳᠤ ᠪᠦᠰᠡᠭᠦᠢ ᠶᠤᠮ᠃ ᠳᠡᠭᠦᠨ ᠤ ᠰᠢᠯᠦᠭ᠌ ᠢ ᠠᠵᠢᠬᠤ ᠳᠤ ᠠᠯᠢ ᠴᠢᠳᠠᠬᠤ ᠪᠠᠷ ᠰᠠᠨᠠᠭ᠎ᠠ ᠪᠠᠨ ᠢᠯᠠ ᠭᠠᠷᠭᠠᠳᠠᠭ ᠢᠷᠦᠭᠡᠯ ᠮᠠᠭᠳᠠᠭᠠᠯ ᠤᠨ ᠰᠢᠠᠵᠢ ᠲᠡᠶ ᠣᠯᠠᠮᠵᠢᠯᠠᠯᠳᠤ ᠰᠢᠯᠦᠭ᠌ ᠤᠨ ᠭᠡᠪ ᠵᠠᠭᠪᠣᠷ ᠲᠤ ᠪᠠᠷᠢᠭᠳᠠᠬᠤ ᠡᠴᠡ ᠵᠡᠢ᠌ᠯᠡᠰᠭᠢᠵᠤ᠂ ᠰᠠᠨᠠᠭᠠᠴᠢᠯᠭ᠎ᠠ ᠲᠡᠶ ᠪᠠᠷ ᠰᠢᠨ᠎ᠠ ᠳᠤᠷᠰᠢᠴᠠ ᠭᠢᠵᠤ ᠪᠠᠢ᠌ᠭ᠎ᠠ ᠨᠢ ᠢᠯᠡᠭᠡᠨ᠃ ᠳᠡᠭᠦᠨ ᠤ 2009 ᠣᠨ ᠤ 7 ᠰᠠᠷ᠎ᠠ ᠶᠢᠨ 4 ᠊ᠤ 《ᠴᠠᠢ᠌ᠳᠠᠮ ᠤᠨ ᠰᠤᠨᠢᠨ》 ᠳᠡᠭᠡᠷ᠎ᠡ ᠨᠡᠢ᠌ᠳᠡᠯᠡᠭ᠍ᠳᠡᠭ᠍ᠰᠡᠨ 《ᠡᠴᠦᠰ ᠤᠨ ᠪᠣᠯᠵᠤᠭ᠎ᠠ》 ᠭᠡᠭᠦ ᠰᠢᠯᠦᠭ᠌ ᠨᠠᠯᠢᠶᠠᠤᠨ ᠠᠮᠵᠢᠯᠳᠠ ᠲᠡᠶ ᠪᠢᠴᠢᠭ᠍ᠳᠡᠯ᠎ᠡ ᠭᠡᠵᠤ ᠪᠣᠯᠤᠨ᠎ᠠ᠃ ᠡᠨᠡ ᠰᠢᠯᠦᠭ᠌ ᠤᠨ ᠠᠮᠵᠢᠯᠳᠠ ᠲᠡᠶ ᠪᠣᠯᠤᠭᠰᠠᠨ ᠭᠠᠵᠠᠷ ᠭᠡᠪᠠᠯ ᠶᠠᠮᠠᠷ ᠨᠢᠭᠡᠨ ᠪᠢᠴᠢᠭ᠍ᠳᠡᠭᠡ ᠦᠭᠡᠶ ᠰᠢᠨ᠎ᠠ ᠰᠠᠳᠤᠪ ᠢ ᠭᠦᠡᠳᠡᠵᠤ᠂ ᠰᠢᠨᠡᠷᠭᠡᠭ᠌ ᠪᠢᠴᠢᠯᠭᠡ ᠶᠢᠨ ᠠᠷᠭ᠎ᠠ ᠭᠡᠯᠪᠠᠷᠢ ᠶᠢ ᠵᠠᠷᠤᠵᠤ ᠭᠡᠷᠡᠭᠯᠡᠭ᠍ᠰᠡᠨ ᠳᠤ ᠪᠠᠢ᠌ᠬᠤ ᠪᠢᠰᠢ᠂ ᠬᠠᠷᠢᠨ ᠰᠢᠯᠦᠭ᠌ ᠲᠡᠭᠡᠨ ᠰᠢᠨ᠎ᠠ ᠥᠩᠭᠡ ᠪᠣᠳᠤᠭ᠂ ᠦᠨᠦᠷ ᠠᠮᠳᠠ᠂ ᠣᠷᠠᠨ ᠰᠠᠨᠠᠭ᠎ᠠ ᠣᠷᠤᠭᠤᠯᠵᠤ 《ᠦᠪᠡᠷ ᠪᠢ》 ᠶᠢᠨ ᠳᠤᠳᠤᠭᠠᠳᠤ ᠶ‍ᠢᠷᠳᠢᠠᠴᠤ ᠶᠢ ᠭᠦᠮᠦᠰ ᠤᠨ ᠨᠢᠳᠤᠨ ᠳᠤ ᠳᠡᠯᠭᠡᠨ ᠥᠵᠡᠭᠦᠯᠦᠭᠡᠤᠨ ᠣᠰᠤᠯ ᠠᠯᠳᠠᠭᠳᠠᠯ ᠶᠢᠡᠨ ᠣᠶᠤᠠᠴᠢ ᠣᠬᠠᠮᠰᠠᠷ ᠶᠢᠡᠷ ᠳᠠᠨᠢᠨ ᠴᠠᠭᠠᠤᠠᠬᠠᠬᠤ ᠭᠡᠰᠡᠨ ᠳᠤ ᠪᠣᠢ᠃

ᠠᠮᠢᠳᠤᠷᠠᠯ ᠳᠤ ᠪᠦᠳᠦᠷᠢᠭᠦ ᠦᠭᠡᠶ ᠭᠦᠮᠤᠨ ᠭᠡᠵᠤ ᠪᠠᠢ᠌ᠳᠠᠭ ᠦᠭᠡᠶ᠂ ᠪᠣᠳᠠᠷᠠᠬᠤ ᠦᠭᠡᠶ ᠬᠠᠢ᠌ᠷ᠎ᠠ ᠰᠠᠤᠠᠭᠢᠯ ᠭᠡᠵᠤ ᠴᠤ ᠪᠠᠢ᠌ᠳᠠᠭ ᠦᠭᠡᠶ︕ 《ᠡᠴᠦᠰ ᠤᠨ ᠪᠣᠯᠵᠤᠭ᠎ᠠ》 ᠭᠡᠭᠦ ᠰᠢᠯᠦᠭ᠌ ᠲᠡᠭᠡᠨ ᠰᠢᠯᠦᠭ᠍ᠴᠢ ᠡᠴᠡ ᠰᠠᠨᠠᠭ᠎ᠠ ᠵᠠᠶᠠᠭ᠎ᠠ ᠬᠤᠶᠠᠷ ᠶᠢᠡᠷ ᠪᠣᠯᠳᠠᠭ ᠦᠭᠡᠶ ᠠᠮᠢᠳᠤᠷᠠᠯ ᠳᠠᠭᠠᠨ ᠰᠠᠨᠠᠭᠠᠰᠢᠷᠠᠨ ᠵᠤᠪᠠᠨᠢᠵᠤ᠂ ᠬᠤᠵᠢᠭᠳᠠᠭᠰᠠᠨ ᠬᠠᠢ᠌ᠷ᠎ᠠ ᠶᠢᠨ ᠪᠣᠯᠵᠤᠭᠠᠨ ᠳᠤ ᠣᠴᠢᠭᠠᠤᠨ ᠰᠠᠤᠠᠭᠢᠯ ᠳᠤ ᠨᠢ ᠴᠠᠯᠭᠢᠵᠤ᠂ ᠰᠠᠷᠠᠯ ᠳᠤ ᠨᠢ ᠣᠠᠳᠤᠷᠴᠤ ᠢᠷᠡᠭ᠍ᠰᠡᠨ ᠵᠣᠢ᠌ᠯ ᠶᠢᠡᠨ ᠨᠠᠢ᠌ᠷᠠᠭ ᠤᠨ ᠨᠠᠪᠴᠢᠨ ᠳᠤ ᠪᠣᠭᠤᠨ ᠣᠶᠠᠩᠭ᠋ᠠᠯᠠᠵᠠᠢ᠃ 《ᠵᠡᠭᠡᠯᠢ ᠭᠤᠳᠤᠮᠵᠢ ᠳᠤ ᠴᠢ ᠵᠤᠭᠰᠦᠨ᠎ᠡ/ᠵᠡᠷᠭᠡᠯᠭᠡᠨ ᠳᠤᠮᠳᠠ ᠪᠢ ᠬᠤᠵᠢᠭᠳᠠᠨ᠎ᠠ》 ᠪᠣᠶᠤ 《ᠣᠷᠢᠬᠠᠨ ᠰᠠᠯᠭᠢᠨ ᠤ ᠢᠰᠭᠡᠷᠦᠯ ᠳ᠋ᠤ/ᠦᠭ‍ᠭᠢᠶᠡᠮᠦᠷ ᠴᠡᠴᠡᠭᠡᠰ ᠵᠤᠯᠭᠠᠷᠠᠨ᠎ᠠ》 ᠭᠡᠮᠡᠭᠦ ᠮᠦᠷ ᠤᠳ ᠲᠤ ᠨᠢᠭᠡᠨᠲᠡ ᠡᠪᠯᠡᠷᠡᠭᠦ ᠪᠠᠨ ᠪᠠᠢ᠌ᠭᠰᠠᠨ ᠬᠠᠢ᠌ᠷ᠎ᠠ ᠰᠠᠤᠠᠭᠢᠯ ᠢ ᠭᠦᠴᠦᠯᠡᠵᠤ ᠪᠣᠯᠳᠠᠭ ᠦᠭᠡᠶ ᠭᠡᠰᠡᠨ ᠳᠠᠯᠳᠠ ᠰᠠᠨᠠᠭ᠎ᠠ ᠨᠢᠭᠤᠭᠳᠠᠨ ᠪᠠᠢ᠌ᠨ᠎ᠠ᠃ ᠭᠡᠯᠡᠭᠦ ᠭᠡᠰᠡᠨ ᠥᠭᠡ᠂ ᠭᠠᠷᠭᠠᠬᠤ ᠭᠡᠰᠡᠨ ᠰᠠᠨᠠᠭ᠎ᠠ ᠪᠠᠨ ᠥᠭᠡ ᠶᠢᠨ ᠣᠷᠠᠨ ᠶᠢᠡᠷ ᠣᠪᠣᠭᠠᠯᠠᠬᠤ ᠪᠢᠰᠢ ᠬᠠᠷᠢᠨ ᠰᠠᠨᠠᠭᠠᠨ ᠤ ᠣᠷᠠᠨ ᠶᠢᠡᠷ ᠱᠠᠭᠯᠠᠬᠤ ᠨᠢ ᠰᠠ‍‌ᠶᠢ ᠡᠷᠳᠡᠮ ᠪᠣᠶᠤ︕ ᠵᠠᠯᠭᠠᠭᠠᠤᠨ 《ᠬᠠᠯᠭᠢᠯᠠᠨ ᠴᠠᠯᠭᠢᠬᠤ ᠣᠷᠤᠰᠬᠠᠯ ᠤᠨ ᠳᠤᠯᠭᠢᠶᠠᠨ ᠰᠢᠭ/ᠬᠠᠨᠢᠰᠬᠤ ᠶᠢᠨ ᠵᠠᠳᠠᠭᠠᠢ ᠴᠡᠭᠡᠯ ᠳ᠋ᠤ/ ᠬᠤᠯᠠ ᠰᠠᠯᠤᠯᠴᠠᠬᠤ ᠶᠢ ᠮᠡᠳᠡᠭ᠍ᠰᠡᠨ ᠪᠣᠯ /ᠬᠤᠶᠠᠭᠤᠯᠠ ᠶᠠᠭ ᠳᠠᠨᠢᠯᠴᠠᠭᠠᠳᠤᠢ ᠪᠣᠯ᠁》 ᠭᠡᠮᠡᠭᠦ ᠪᠠᠳᠠᠭ ᠢ ᠰᠡᠳᠭᠢᠮᠵᠢᠯᠡᠭᠡᠤᠨ ᠥᠩᠭᠡᠷᠡᠭ᠍ᠰᠡᠨ ᠵᠠᠶᠠᠭᠠᠨ ᠳᠠᠭᠠᠨ ᠬᠠᠷᠠᠮᠰᠠᠨ ᠬᠠᠢ᠌ᠯᠵᠤ᠂ ᠣᠳᠤᠭᠢ ᠵᠠᠶᠠᠭᠠᠨ ᠳᠠᠭᠠᠨ ᠭᠠᠴᠢᠭᠳᠠᠨ ᠭᠤᠨᠢᠵᠤ ᠰᠠᠭᠤᠭ᠎ᠠ ᠪᠠᠨ ᠣᠶᠠᠷᠠᠨ ᠡᠪᠭᠡᠷᠡᠨ ᠪᠢᠴᠢᠪᠠ᠃ ᠭᠡᠮ ᠨᠢ ᠡᠮᠦᠨ᠎ᠡ ᠪᠠᠨ᠂ ᠭᠡᠮᠰᠢᠯ ᠨᠢ ᠬᠣᠢ᠌ᠨ᠎ᠠ ᠪᠠᠨ ᠭᠡᠳᠡᠭ ᠤᠷᠡᠨ ᠰᠠᠨᠠᠭ᠎ᠠ ᠡ᠊ᠨᠳᠡ ᠠᠭᠤᠰᠤᠨ ᠪᠠᠢ᠌ᠭ᠎ᠠ︕ 《ᠬᠤᠵᠢᠭᠳᠠᠭᠰᠠᠨ ᠬᠠᠢ᠌ᠷ᠎ᠠ ᠶᠢᠨ ᠪᠣᠯᠵᠤᠭᠠᠨ ᠳ᠋ᠤ/ᠲ᠋ᠡᠭᠦᠰᠭᠡᠯ ᠶᠠᠷᠤ ᠡᠴᠡ ᠴᠢᠬᠤᠯᠠ ᠪᠣᠰᠤ ᠪᠠᠢ᠌ᠭᠰᠠᠨ/ᠬᠤᠷᠢᠭᠳᠠᠠᠰᠠᠨ ᠰᠠᠤᠠᠭᠢᠯ ᠤᠨ ᠡᠭᠦᠳᠡᠨ ᠡᠴᠡ /ᠲ᠋ᠠᠪᠠᠷᠢᠵᠤ ᠨᠠᠮ᠎ᠠ ᠶᠢ ᠪᠣᠤ ᠠᠷᠭᠠᠳᠠᠭᠠᠴᠢ︕ ᠪᠣᠤ ᠠᠷᠭᠠᠳᠠᠭᠠᠴᠢ︕》 ᠭᠡᠭᠦ ᠪᠠᠳᠠᠭ ᠶᠢᠡᠷ ᠡᠮᠦᠨᠡᠭᠢ ᠰᠠᠨᠠᠭ᠎ᠠ ᠪᠠᠨ ᠣᠯᠠᠮ ᠯᠠᠪᠰᠢᠷᠠᠭᠤᠯᠵᠤ᠂ ᠡᠷᠭᠢᠯᠳᠡ ᠦᠭᠡᠶ ᠪᠣᠴᠠᠭᠰᠠᠨ ᠬᠠᠢ᠌ᠷ᠎ᠠ ᠶᠢᠨ ᠬᠣᠢ᠌ᠨ᠎ᠠ ᠡᠴᠡ ᠡᠷᠭᠢᠵᠤ ᠨᠠᠮ᠎ᠠ ᠶᠢ ᠳᠡᠪᠠᠷᠢᠭᠡᠤᠨ ᠳᠤᠰᠠ ᠦᠭᠡᠶ ᠭᠡᠳᠡᠭ᠌ ᠶᠢᠡᠨ ᠣᠶᠤᠠᠴᠢ ᠣᠬᠠᠮᠰᠠᠷ ᠶᠢᠡᠷ ᠰᠠᠨᠠᠭᠤᠯᠤᠨ ᠵᠠᠭᠢᠵᠠᠢ᠃ ᠳᠠᠷᠠᠭ᠎ᠠ ᠨᠢ ᠣᠷᠤᠭᠰᠠᠨ 《ᠡᠴᠦᠰ ᠤᠨ ᠳᠠᠷᠠ ᠪᠣᠯᠵᠤᠭᠠᠨ ᠳᠤ /ᠠᠩᠬᠠᠨ ᠤ ᠠᠭᠤᠯᠵᠠᠯᠳᠠ ᠡᠷᠢᠭ᠍ᠳᠡᠨ᠎ᠡ/ᠢᠷᠡᠭᠦ ᠲᠦᠷᠦᠯ ᠭᠡᠵᠤ ᠪᠠᠢ᠌ᠳᠠᠭ ᠰᠠᠨ ᠪᠣᠯ /ᠡᠷᠭᠢᠵᠤ ᠬᠤᠶᠠᠭᠤᠯᠠ ᠪᠠᠨ ᠵᠤᠯᠭᠠᠶ᠎ᠠ ᠳ᠋ᠠ︕》 ᠭᠡᠭᠦ ᠪᠠᠳᠠᠭ ᠲᠤ 《ᠦᠪᠡᠷ ᠪᠢ》 ᠶᠢᠨ ᠭᠡᠮᠰᠢᠯ ᠬᠠᠷᠭᠤᠰᠠᠯ᠂ ᠭᠦᠰᠡᠯ ᠳᠠᠮᠠᠤᠯᠠᠯ ᠵᠢᠴᠢ ᠭᠡᠢ ᠪᠣᠳᠤᠯ ᠬᠠᠳᠠᠭᠠᠯᠠᠭᠳᠠᠵᠤ ᠪᠠᠢ᠌ᠬᠤ ᠮᠥᠷᠳᠡᠭᠡᠨ ᠪᠦᠳᠦᠷᠢᠭᠡᠤᠨ ᠣᠬᠠᠭᠠᠷᠠᠳᠠᠭ ᠠᠮᠢᠳᠤᠷᠠᠯ ᠤᠨ ᠦᠨᠡᠨ ᠴᠤ ᠳᠠᠯᠳᠠᠯᠠᠭᠳᠠᠵᠤ ᠪᠠᠢ᠌ᠨ᠎ᠠ᠃ ᠰᠢᠯᠦᠭ᠌ ᠤᠨ ᠰᠡᠭᠦᠯ ᠳᠤ ᠰᠢᠯᠦᠭ᠍ᠴᠢ ᠡᠴᠡ 《ᠬᠤᠷᠤᠮᠬᠠᠨ ᠣᠴᠠᠷᠠᠭᠠᠤᠨ ᠰᠠᠯᠤᠯᠳᠠ ᠳᠤ ᠳᠡᠪᠳᠦᠭᠦ /ᠬᠤᠷᠤ ᠎ᠡ ᠶᠢᠨ ᠬᠤᠭᠤᠰᠤᠨ ᠢ ᠶᠠᠭᠠᠭᠢᠨ᠎ᠠ ⁉ ᠬᠤᠪᠬᠤᠷᠠᠵᠤ ᠪᠠᠯᠠᠷᠠᠳᠠᠯ᠎ᠠ ᠪᠠᠨ ᠰᠠᠯᠵᠤ ᠴᠢᠳᠠᠳᠠᠭ ᠦᠭᠡᠶ /ᠬᠤᠪᠳᠤᠯ ᠵᠢᠷᠦᠭᠡᠨ ᠤ ᠬᠠᠢ᠌ᠷ᠎ᠠ ᠶᠢ ᠶᠠᠭᠠᠭᠢᠨ᠎ᠠ ⁉》 ᠭᠡᠮᠡᠭᠦ ᠰᠢᠯᠦᠭ᠌ ᠤᠨ ᠨᠢᠳᠤ ᠪᠣᠯᠬᠤ ᠪᠠᠳᠠᠭ ᠢ ᠴᠤᠭᠴᠠᠯᠠᠵᠤ ᠳᠡᠭᠦᠨ ᠳᠡᠭᠡᠨ ᠰᠢᠨ᠎ᠠ ᠥᠩᠭᠡ ᠪᠣᠳᠤᠭ ᠨᠠᠮᠠᠨ ᠪᠦᠭᠦ ᠰᠠᠨᠠᠭ᠎ᠠ ᠪᠠᠨ ᠳ᠋ᠦ᠋ᠩᠨᠠᠵᠠᠢ᠃ ᠡ᠊ᠨᠳᠡ ᠪᠢᠴᠢᠭ᠍ᠳᠡᠭ᠍ᠰᠡᠨ ᠠᠭᠤᠯᠭ᠎ᠠ ᠡᠴᠡ ᠥᠵᠡᠭᠦ ᠳᠤ ᠪᠣᠯᠵᠤᠭ᠎ᠠ ᠨᠢ ᠭᠡᠳᠥᠢᠪᠠᠷ ᠡᠴᠦᠰ ᠤᠨ ᠪᠣᠯᠪᠠᠴᠤ ᠬᠤᠪᠳᠤᠯ ᠵᠢᠷᠦᠭᠡᠨ ᠡᠴᠡ ᠬᠤᠪᠬᠤᠷᠠᠵᠤ ᠪᠠᠯᠠᠷᠠᠳᠠᠭ ᠦᠭᠡᠶ ᠬᠠᠢ᠌ᠷ᠎ᠠ ᠨᠢ ᠭᠡᠵᠢᠶᠡᠳᠡ ᠮᠥᠩᠭᠡ ᠭᠡᠳᠡᠭ᠌ ᠣᠷᠠᠨ ᠰᠠᠨᠠᠭ᠎ᠠ ᠶᠠᠰᠤ ᠴᠢᠮᠦᠭᠡᠨ ᠳᠤ ᠨᠢ ᠭᠦᠷᠳᠡᠯ᠎ᠡ ᠨᠠᠪᠴᠢᠵᠤ᠂ ᠰᠢᠯᠦᠭ᠌ ᠶᠢᠡᠨ ᠡᠷᠴᠢᠮᠵᠢᠭᠦᠯᠵᠤ ᠴᠢᠳᠠᠪᠠ᠃

ᠶᠡᠷᠦᠩᠭᠡᠢ ᠳᠤ ᠨᠢ ᠠᠪᠴᠤ ᠭᠡᠯᠡᠪᠠᠯ ᠯᠥ᠊·ᠮᠦᠩᠭᠦᠡᠬᠤᠸᠡᠷ ᠤᠨ 《ᠡᠴᠦᠰ ᠤᠨ ᠪᠣᠯᠵᠤᠭ᠎ᠠ》 ᠭᠡᠭᠦ ᠰᠢᠯᠦᠭ᠌ ᠵᠥᠭᠡᠷ ᠠᠮᠵᠢᠯᠳᠠ ᠲᠡᠶ ᠪᠣᠯᠤᠯ᠎ᠠ ᠭᠡᠵᠤ ᠦᠵᠡᠨ᠎ᠠ᠃ ᠭᠠᠭᠴᠠᠬᠦ ᠰᠢᠯᠦᠭ᠍ᠴᠢ ᠮᠠᠨᠢ ᠥᠴᠦᠭᠡᠨ ᠠᠮᠵᠢᠯᠳᠠ ᠳᠠᠭᠠᠨ ᠰᠠᠤᠠᠭᠢᠯ ᠬᠠᠨᠤᠯ ᠦᠭᠡᠶ᠂ ᠠᠤᠠᠬᠤᠭᠰᠠᠨ ᠪᠢᠷ ᠶᠢᠡᠨ ᠳᠠᠯᠪᠢᠯ ᠦᠭᠡᠶ ᠨᠠᠢ᠌ᠷᠠᠭ ᠤᠨ ᠵᠢᠯᠤᠭᠤ ᠪᠠᠷ ᠠᠮᠢᠳᠤᠷᠠᠯ ᠶᠢᠡᠨ ᠵᠠᠯᠠᠵᠤ ᠴᠢᠳᠠᠳᠠᠭ ᠶᠤᠮ ᠪᠣᠯ ᠭᠠᠷ ᠡᠴᠡ ᠨᠢ ᠨᠠᠩ ᠭᠤᠶᠤ ᠰᠢᠯᠦᠭ᠌ ᠤᠳ ᠭᠠᠷᠤᠨ᠎ᠠ ᠭᠡᠳᠡᠭ᠌ ᠲᠤ ᠪᠢ ᠢᠳᠡᠭᠡᠵᠤ ᠪᠠᠢ᠌ᠨ᠎ᠠ᠃

ᠵᠤᠬᠢᠶᠠᠭᠴᠢ ᠶᠢᠨ ᠬᠠᠶ‍ᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ


ᠵᠤᠬᠢᠶᠠᠭᠴᠢ᠄ ᠯ·ᠤᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 10571
ᠴᠠᠭ᠄ 2010 ᠤᠨ ᠤ 10 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ