ᠳᠡᠭ᠍ᠷᠢ ᠭᠡᠵᠤ ᠁
᠊᠊᠊᠊᠊᠊᠊᠊᠊᠊᠊᠊᠊᠊᠊ ᠰᠠᠯᠭᠢ ᠲᠡᠶ ᠰᠢᠭᠤᠷᠭ᠎ᠠ ᠲᠡᠶ ᠡᠳᠦᠷ ᠪᠢᠴᠢᠪᠠ

            


ᠲ᠋ᠡᠭ᠍ᠷᠢ ᠭᠡᠵᠤ

ᠳᠡᠭ᠍ᠰᠢ ᠦᠭᠡᠶ ᠶᠤᠮ ᠡ᠂   

ᠳᠠᠷᠠ ᠮᠦᠷᠳᠡᠭᠡᠨ

ᠳᠠᠩ ᠦᠭᠡᠶ ᠶᠤᠮ ᠡ︕   


ᠣᠷᠤᠨ᠎ᠠ ᠭᠡᠪᠠᠯ ᠣᠷᠤᠴᠢᠬᠠᠨ᠎ᠠ᠂   

ᠣᠷᠤᠢ ᠳᠤᠯᠤᠭᠠᠢ ᠨᠢ ᠴᠤᠭᠤᠷᠠᠴᠢᠬᠠᠨ᠎ᠠ᠂   

ᠣᠯᠠᠨ ᠪᠦᠭᠦᠳᠡ ᠶᠢ ᠭᠠᠰᠠᠯᠭᠠᠴᠢᠬᠠᠨ᠎ᠠ᠂   

ᠣᠴᠢᠬᠤ ᠭᠠᠵᠠᠷ ᠦᠭᠡᠶ ᠰᠠᠠᠳᠠᠭᠠᠴᠢᠬᠠᠨ᠎ᠠ᠃   


ᠰᠠᠯᠭᠢᠯᠠᠨ᠎ᠠ ᠭᠡᠪᠠᠯ ᠰᠠᠯᠭᠢᠯᠠᠴᠢᠬᠠᠨ᠎ᠠ᠂   

ᠰᠠᠪᠠᠵᠤ ᠭᠦᠪᠢᠭᠡᠳ ᠡᠭᠢᠯᠡᠴᠢᠭᠡᠨ᠎ᠡ᠂   

ᠰᠠᠷᠠᠪᠴᠢ᠂ ᠭᠦᠮᠦᠷᠭᠡ ᠶᠢ ᠪᠠᠯᠪᠠᠴᠢᠬᠠᠨ᠎ᠠ᠂   

ᠰᠠᠢ᠌ᠬᠠᠨ ᠪᠠᠯᠴᠢᠭᠡᠷ ᠢ ᠳᠠᠯᠭᠢᠳᠠᠴᠢᠬᠠᠨ᠎ᠠ᠃   


ᠭᠦᠡᠳᠡᠢ ᠵᠢᠯᠠᠭ᠎ᠠ ᠦᠭᠡᠶ ᠥᠯᠢᠶᠡᠴᠢᠭᠡᠨ᠎ᠡ᠂   

ᠭᠦᠭᠡᠭᠡᠵᠤ ᠪᠠᠢ᠌ᠬᠤ ᠶᠤᠮᠰᠢᠭ ᠠᠭᠠᠰᠢᠯᠠᠴᠢᠬᠠᠨ᠎ᠠ᠂   

ᠭᠦᠢ ᠪᠠᠢ᠌ᠵᠤ ᠦᠭᠡᠶ ᠠᠷᠢᠯᠴᠢᠬᠠᠨ᠎ᠠ᠂   

ᠭᠦᠰᠡᠯ ᠶᠢᠡᠨ ᠪᠠᠶᠡᠯᠡᠭᠦᠯᠴᠢᠭᠡᠭ᠍ᠰᠡᠨ ᠶᠤᠮᠰᠢᠭ ᠵᠢᠯᠢ᠌ᠴᠢᠭᠡᠨ᠎ᠡ︕     


ᠲ᠋ᠡᠭ᠍ᠷᠢ ᠭᠡᠵᠤ

ᠳᠡᠭ᠍ᠰᠢ ᠦᠭᠡᠶ ᠶᠤᠮ ᠡ᠂   

ᠳᠠᠷᠠ ᠮᠦᠷᠳᠡᠭᠡᠨ

ᠳᠠᠩ ᠦᠭᠡᠶ ᠶᠤᠮ ᠡ︕   


            2010-12-10 1519᠂ ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠳᠦᠰᠤᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠬᠠᠷᠢᠶ᠎ᠠ᠄ ᠰᠢᠯᠦᠭ
ᠳᠠᠷᠤᠮ᠄ 1832
ᠴᠠᠭ᠄ 2011 ᠤᠨ ᠤ 01 ᠰᠠᠷ᠎ᠠ ᠶᠢᠨ 25