ᠰᠢᠨ᠎ᠡ ᠡᠷᠡᠨ ᠥᠭᠡᠳᠡ ᠳᠠᠮᠠᠤᠯᠠᠨ᠎ᠡ

ᠳᠤᠰᠬᠤᠨ ᠪᠣᠯᠭᠠᠨ ᠳᠤ ᠳ᠋ᠢᠶᠠᠩᠬᠤᠧᠨ ᠨᠠᠪᠳᠠᠷᠠᠵᠤ᠂ ᠳᠤᠤᠷ ᠰᠦᠯᠵᠢᠶ᠎ᠠ ᠳᠦᠭᠡᠮᠡᠯᠵᠢᠭ᠍ᠰᠡᠨ ᠦᠨᠦᠳᠤᠷ ᠮᠢᠨᠤ ᠬᠠᠯᠠᠭᠤᠨ ᠵᠤᠷᠢᠭ ᠡᠷᠴᠢᠯᠡᠭ᠍ᠳᠡᠵᠤ᠂ ᠬᠤᠷᠤᠮᠬᠠᠨ ᠵᠠᠭᠤᠷ᠎ᠠ ᠺᠤᠮᠫᠢᠦ᠋ᠲ᠋ᠧᠷ ᠮᠠᠰᠢᠨ ᠨᠢᠭᠡ ᠶᠢ ᠬᠤᠳᠠᠯᠳᠤᠨ ᠠᠪᠣᠯ᠎ᠠ᠃ ᠭᠡᠳᠡᠯ᠎ᠡ ᠦᠨᠦᠭᠢ ᠡᠳ᠋ ᠴᠢᠨᠢ ᠶᠠᠭᠠᠭᠢᠵᠤ ᠣᠭᠰᠠᠷᠠᠨ ᠶᠠᠭᠠᠭᠢᠵᠤ ᠣᠷᠤᠯᠳᠤᠳᠠᠭ ᠢ ᠨᠢ ᠳᠠᠭ ᠮᠡᠳᠡᠭᠦ ᠦᠭᠡᠶ ᠨᠠᠳᠠ ᠳᠤ ᠬᠠᠷᠢᠨ ᠶᠠᠷᠰᠢᠭ ᠪᠣᠯᠤᠯ᠎ᠠ᠂ 《ᠪᠣᠰᠤᠳ ᠶᠢᠡᠷ ᠵᠢᠭᠠᠯᠭᠠᠨ᠎ᠠ ᠰᠢᠳᠠ》᠂ ᠭᠡᠳᠡᠯ᠎ᠡ ᠵᠢᠭᠠᠯᠭᠠᠭᠰᠠᠨ ᠵᠣᠢ᠌ᠯ ᠦᠪᠡᠷ ᠶᠢᠡᠨ ᠰᠤᠷᠤᠭᠰᠠᠨ ᠢ ᠭᠦᠷᠭᠦ ᠭᠡᠵᠢ ᠦᠦ︖ ᠢᠳᠡᠭᠡᠵᠤ ᠶᠠᠳᠠᠯ᠎ᠠ᠃ ᠵᠤᠷᠢᠭ ᠴᠢᠬᠤᠯᠠ ᠳ᠋ᠠ᠂ ᠴᠢᠯᠦᠭᠡ ᠪᠣᠢ ᠶᠤᠮ ᠴᠢᠨᠢ ᠣᠷᠤᠯᠳᠤᠵᠤ ᠦᠵᠡᠶ᠎ᠠ᠃ ᠰᠢᠠᠬᠤᠧᠨ ᠨᠤᠮ ᠤᠨ ᠳᠡᠯᠭᠡᠭᠦᠷ ᠡᠴᠠ ᠺᠤᠮᠫᠢᠦ᠋ᠲ᠋ᠧᠷ ᠤᠨ ᠳᠤᠬᠠᠢ ᠭᠡᠳᠤᠨ ᠨᠤᠮ ᠬᠤᠳᠠᠯᠳᠤᠨ ᠠᠪᠣᠯ᠎ᠠ᠂ ᠥᠰᠦᠭ᠌ ᠳᠠᠷᠠᠭᠠᠯᠠᠨ ᠣᠩᠰᠢᠨ ᠰᠤᠳᠤᠯᠤᠯ᠎ᠠ᠃ ᠮᠠᠷᠳᠠᠯ᠎ᠠ᠂ ᠳᠠᠭᠢᠨ ᠨᠠᠷᠢᠪᠴᠢᠯᠠᠯ᠎ᠠ᠂ ᠪᠠᠰᠠ ᠮᠠᠷᠳᠠᠯ᠎ᠠ᠂ ᠪᠠᠰᠠ ᠳᠠᠭᠢᠨ ᠨᠠᠷᠢᠪᠴᠢᠯᠠᠯ᠎ᠠ᠃ ᠬᠠᠮᠤᠭ ᠣᠷᠢᠳᠠᠪᠠᠷ ᠨᠡᠭᠡᠭᠡᠵᠤ ᠬᠠᠭᠠᠬᠤ ᠪᠣᠯᠪᠠᠰᠤᠷᠠᠯ ᠢ ᠨᠢᠭᠡ ᠭᠠᠷᠠᠭ ᠣᠷᠤᠯᠳᠤᠯ᠎ᠠ᠃ ᠭᠡᠳᠡᠯ᠎ᠡ ᠰᠠᠨᠠᠭᠠᠨ ᠳᠤ ᠦᠭᠡᠶ 《ᠭᠡᠮᠳᠦᠯ》 ᠡᠭᠦᠰᠴᠤ᠂ ᠨᠡᠭᠡᠭ᠍ᠳᠡᠭᠦ ᠪᠢᠰᠢ᠂ ᠪᠠᠰᠠ ᠬᠠᠭᠠᠭᠳᠠᠬᠤ ᠪᠢᠰᠢ᠂ ᠠᠷᠭ᠎ᠠ ᠠᠭᠠᠰᠢ ᠶᠢ ᠠᠯᠳᠠᠷᠠᠭᠤᠯᠤᠯ᠎ᠠ᠂ ᠰᠠᠠᠳᠤᠷᠤᠭᠰᠠᠨ ᠪᠢ ᠴᠢᠨᠢ ᠴᠠᠭᠢᠯᠭᠠᠨ ᠤ ᠶᠡᠷᠦᠩᠭᠡᠢ ᠰᠠᠯᠭᠠᠪᠣᠷᠢ ᠪᠠᠨ ᠣᠭᠵᠤᠮ ᠳᠠᠰᠤᠯᠤᠯ᠎ᠠ᠂ ᠳᠠᠭᠢᠨ ᠴᠠᠭᠢᠯᠭᠠᠨ ᠵᠠᠯᠭᠠᠭᠰᠠᠨ ᠴᠢᠨᠢ ᠪᠠᠰᠠ ᠭᠦᠳᠡᠯᠳᠡᠭ᠌ ᠦᠭᠡᠶ ᠪᠠᠢ᠌ᠨ᠎ᠠ᠃ ᠠᠷᠭ᠎ᠠ ᠪᠠᠨ ᠪᠠᠷᠠᠭᠰᠠᠨ ᠪᠢ ᠬᠤᠶᠠᠷ ᠡᠳᠦᠷ ᠨᠤᠮ ᠣᠷᠪᠠᠭᠤᠯᠵᠤ ᠪᠠᠢ᠌ᠭᠠᠤᠨ ᠭᠡᠮᠳᠦᠯ ᠤᠨ ᠰᠢᠯᠳᠠᠭᠠᠨ ᠢ ᠨᠢ ᠡᠷᠢᠵᠤ ᠣᠯᠪᠠ᠃ ᠡᠢ᠌ᠮᠤ ᠭᠠᠴᠢᠭᠳᠠᠭᠰᠠᠨ ᠦᠯᠢᠭᠡᠷ ᠭᠡᠪᠠᠯ᠁ ᠦᠨᠦᠳᠤᠷ ᠤᠨ ᠪᠠᠢ᠌ᠳᠠᠯ ᠬᠤᠪᠢᠨ ᠳᠠᠭᠠᠨ ᠪᠣᠯ ᠵᠠᠷᠤᠭᠠᠤᠨ ᠪᠠᠷᠠᠬᠤ ᠦᠭᠡᠶ ᠮᠡᠳᠡᠯᠭᠡ᠂ ᠭᠡᠶ᠎ᠡ ᠪᠣᠰᠤᠳ ᠲᠡᠶ ᠠᠳᠠᠯᠢᠤᠠᠬᠠᠪᠠᠯ᠂ ᠠᠨᠠᠪᠠᠤᠨ ᠳᠠᠯᠠᠢ ᠳ᠋ᠠᠭᠢ ᠨᠢᠭᠡᠨ ᠵᠢᠵᠢᠭ᠌ ᠳᠤᠰᠤᠯ ᠪᠣᠯᠠᠢ᠂ ᠣᠳᠤ ᠣᠷᠴᠢᠮ ᠬᠠᠪᠢ ᠳᠤᠰᠬᠤᠨ ᠶᠢᠡᠷ ᠺᠤᠮᠫᠢᠦ᠋ᠲ᠋ᠧᠷ ᠮᠠᠰᠢᠨ ᠬᠤᠳᠠᠯᠳᠤᠨ ᠠᠪᠣᠭᠴᠢᠳ ᠣᠯᠠᠰᠢᠷᠠᠵᠤ᠂ ᠳᠠᠪᠤᠨ ᠤ ᠨᠢᠭᠡ ᠶᠢᠨ ᠡᠷᠦᠭᠡ ᠳᠤ 《ᠮᠡᠷᠭᠡᠵᠢᠯᠳᠡᠨ ᠪᠠᠭᠰᠢ》 ᠭᠡᠭᠦ ᠴᠤᠯᠠ ᠪᠠᠷ ᠣᠷᠢᠭᠳᠠᠵᠤ᠂ ᠡᠷᠳᠡᠮ ᠭᠠᠢ᠌ᠬᠠᠭᠤᠯᠤᠨ ᠰᠠᠢ᠌ᠮᠤᠷᠬᠠᠵᠤ᠂ ᠭᠦᠡᠳᠦᠳᠤ ᠵᠤᠴᠢᠨ ᠪᠣᠯᠵᠤ ᠬᠠᠯᠠᠭᠤᠨ ᠳᠤᠭᠤᠭᠠᠨ ᠤ ᠳᠡᠭᠡᠵᠢ ᠶᠢ ᠨᠢ ᠠᠮᠰᠠᠵᠤ ᠶᠠᠪᠣᠳᠠᠭ ᠪᠠᠢ᠌ᠯ᠎ᠠ᠃

ᠬᠤᠯᠪᠣᠭ᠎ᠠ᠂ ᠪᠦᠷᠭᠦᠤᠨ ᠊᠊᠊᠊᠊᠊᠊᠊᠊᠊᠊᠊᠊᠊᠊ ᠮᠢᠨᠤ ᠡᠳᠦᠷ ᠪᠣᠯᠭᠠᠨ ᠰᠡᠳᠭᠢᠯ ᠰᠡᠷᠭᠦᠭᠡᠨ ᠠᠩᠬᠠᠷᠤᠳᠠᠭ ᠮᠤᠩᠭ᠋ᠤᠯ ᠬᠤᠶᠠᠷ ᠰᠦᠯᠵᠢᠶ᠎ᠠ ᠶᠤᠮ᠂ ᠮᠠᠰᠢ ᠣᠯᠠᠨ ᠰᠢᠯᠦᠭ᠌ ᠵᠤᠬᠢᠶᠠᠯ ᠰᠤᠨᠢᠷᠬᠠᠨ᠂ ᠮᠠᠰᠢ ᠣᠯᠠᠨ ᠨᠠᠢ᠌ᠵᠠ ᠨᠥᠭᠦᠤᠨ ᠲᠡᠶ ᠳᠠᠨᠢᠯᠴᠠᠯ᠎ᠠ᠃ ᠮᠤᠩᠭ᠋ᠤᠯ ᠰᠤᠶᠤᠯ ᠤᠨ ᠭᠦᠭ᠍ᠵᠢᠯᠳᠡ ᠡ᠊ᠨᠳᠡ ᠡᠴᠠ ᠪᠣᠰᠤᠨ᠎ᠠ᠂ ᠮᠤᠩᠭ᠋ᠤᠯ ᠭᠦᠮᠦᠰ ᠤᠨ ᠨᠥᠭᠦᠷᠯᠡᠯ ᠡ᠊ᠨᠳᠡ ᠡᠴᠠ ᠡᠭᠢᠯᠡᠨ᠎ᠡ᠂ ᠣᠷᠭᠢᠭᠳᠠᠮᠠᠷ ᠪᠣᠯᠤᠭᠰᠠᠨ ᠮᠠᠨ ᠤ ᠮᠤᠩᠭ᠋ᠤᠯ ᠰᠤᠶᠤᠯ ᠶᠢᠡᠨ ᠬᠤᠯᠪᠣᠭ᠎ᠠ ᠪᠦᠷᠭᠦᠤᠨ ᠳᠤ ᠠᠭᠤᠰᠬᠠᠨ ᠳᠡᠯᠡᠭᠡᠢ ᠶᠢᠨ ᠭᠡᠪᠴᠢᠶᠡᠨ ᠤ ᠳᠠᠪᠰᠢᠩᠭ᠋ᠤᠢ ᠰᠤᠶᠤᠯ ᠢ ᠭᠦᠭᠡᠭᠡᠵᠤ ᠭᠦᠢᠴᠡᠭᠦ ᠪᠠᠷ ᠴᠢᠷᠮᠠᠢ᠌ᠨ᠎ᠠ᠃ ᠪᠢ ᠡ᠊ᠨᠳᠡ ᠣᠯᠠᠨ ᠣᠯᠠᠨ ᠬᠤᠪᠢ ᠶᠢᠨ ᠪᠦᠳᠦᠭᠡᠯ ᠶᠢᠡᠨ ᠨᠠᠢ᠌ᠳᠠᠯᠠᠨ᠎ᠡ᠂ ᠶᠠᠭᠤ ᠪᠣᠳᠤᠪᠠᠯ ᠶᠠᠭᠤ ᠪᠠᠨ ᠪᠢᠴᠢᠨ᠎ᠠ᠃ ᠬᠤᠯᠪᠣᠭ᠎ᠠ ᠪᠦᠷᠭᠦᠤᠨ ᠶᠢᠡᠨ ᠳᠡᠯᠡᠭᠡᠢ ᠶᠢ ᠬᠠᠷᠠᠬᠤ ᠴᠤᠩᠬᠤ ᠪᠣᠯᠭᠠᠨ᠎ᠠ᠃ ᠡᠨᠡ ᠪᠣᠯ ᠮᠢᠨᠤ ᠭᠦᠰᠡᠯ᠂ ᠡᠨᠡ ᠪᠣᠯ ᠦᠶ ᠲᠦᠮᠡᠨ ᠮᠤᠩᠭ᠋ᠤᠯᠴᠤᠳ ᠶᠢᠡᠨ ᠲᠦᠯᠦᠭᠡᠯᠡᠭ᠍ᠰᠡᠨ ᠭᠦᠰᠡᠯ᠂ ᠮᠤᠩᠭ᠋ᠤᠯ ᠮᠢᠨᠢ ᠮᠠᠠᠳᠤᠭᠠᠷᠠᠢ᠂ ᠮᠠᠠᠳᠤᠭᠠᠷᠠᠢ᠃


ᠵᠤᠬᠢᠶᠠᠭᠴᠢ ᠶᠢᠨ ᠬᠠᠶ‍ᠢᠭ᠄ ᠭᠦᠷᠢᠶ᠎ᠡ ᠬᠤᠰᠢᠭᠤ ᠪᠠᠶᠠᠠᠬᠤᠧᠨ ᠪᠠᠯᠭᠠᠰᠤ ᠭᠦᠡᠳᠦᠢ ᠭᠠᠴᠠᠭ᠎ᠠ ᠭᠤᠷᠪᠠᠳᠤᠭᠠᠷ ᠳᠤᠭᠣᠢ᠌ᠯᠠᠩ

ᠵᠤᠬᠢᠶᠠᠭᠴᠢ᠄ ᠪᠦᠷᠢᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1508
ᠴᠠᠭ᠄ 2010 ᠤᠨ ᠤ 09 ᠰᠠᠷ᠎ᠠ ᠶᠢᠨ 14
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠰᠢᠨ᠎ᠡ ᠡᠷᠡᠨ ᠥᠭᠡᠳᠡ ᠳᠠᠮᠠᠤᠯᠠᠨ᠎ᠡ