ᠰᠤᠷᠤᠭᠴᠢᠳ ᠤᠨ ᠵᠤᠬᠢᠶᠠᠯ

ᠨᠤᠳᠤᠭ ᠤᠨ ᠮᠢᠨᠢ ᠡᠪᠦᠯ


4.3 ᠫᠢᠩ᠌ ᠫᠢᠩ᠌


ᠰᠢᠨ᠎ᠡ ᠵᠢᠯ ᠪᠣᠯᠬᠤ ᠦᠶ᠎ᠡ ᠪᠠᠷ ᠪᠢ ᠠᠪᠣ ᠡᠵᠢ ᠲᠡᠶ ᠪᠠᠨ ᠨᠤᠳᠤᠭ ᠣᠷᠤᠭᠤ ᠪᠣᠴᠠᠭᠰᠠᠨ ᠪᠢᠯᠠ᠃ ᠳᠠᠷᠠᠭ᠎ᠠ ᠥᠷᠯᠦᠭᠡ ᠡᠴᠠ ᠨᠢ ᠡᠭᠢᠯᠡᠵᠤ ᠬᠠᠭᠠᠰ ᠡᠳᠦᠷ ᠴᠠᠰᠤ ᠣᠷᠤᠭᠰᠠᠨ ᠶᠤᠮ᠃ ᠡᠪᠦᠯ ᠤᠨ ᠴᠠᠰᠤ ᠭᠡᠵᠤ ᠶᠤᠰᠤᠳᠠᠢ ᠭᠤᠶᠤ᠂ ᠊ᠭ᠍ᠱᠡᠨ ᠵᠠᠭᠤᠷ᠎ᠠ ᠦᠪᠴᠢ ᠳᠡᠯᠡᠭᠡᠢ ᠶᠢ ᠮᠥᠩᠭᠦᠨ ᠴᠠᠭᠠᠨ ᠶ‍ᠢᠷᠳᠢᠠᠴᠤ ᠪᠣᠯᠭᠠᠯ᠎ᠠ᠃

ᠬᠤᠷᠴᠢᠨ ᠨᠤᠳᠤᠭ ᠮᠢᠨᠢ ᠮᠥᠩᠭᠦᠨ ᠴᠠᠭᠠᠨ ᠬᠤᠪᠴᠠᠰᠤ ᠨᠥᠮᠦᠷᠦᠭ᠍ᠰᠡᠨ ᠰᠢᠭ᠌ ᠴᠠᠪ ᠴᠠᠭᠠᠨ ᠬᠠᠷᠠᠭᠳᠠᠵᠤ ᠮᠠᠯᠴᠢᠨ ᠠᠪᠠᠭ᠎ᠠ ᠨᠡᠷ ᠡᠨᠡ ᠭᠦ ᠳᠠᠰᠭᠢᠮ᠎ᠠ ᠭᠦᠢᠳᠡᠨ ᠴᠠᠰᠤᠨ ᠳᠤ ᠮᠠᠯᠠᠭᠠᠢ ᠶᠢᠨ ᠴᠢᠭᠢ ᠪᠠᠨ ᠴᠤ ᠪᠠᠭᠤᠯᠭᠠᠬᠤ ᠦᠭᠡᠶ ᠥᠭᠡᠷ ᠮᠠᠯ ᠶᠢᠡᠨ ᠬᠠᠷᠢᠭᠤᠯᠵᠤ ᠶᠠᠪᠣᠬᠤ ᠨᠢ ᠮᠠᠯᠴᠢᠨ ᠲᠦᠮᠡᠨ ᠤ ᠮᠢᠨᠢ ᠶᠠᠭᠤ ᠪᠦᠭᠦᠨ ᠡᠴᠠ ᠬᠠᠯᠠᠰᠢᠷᠠᠳᠠᠭ ᠦᠭᠡᠶ᠂ ᠠᠵᠢᠯᠴᠢ ᠭᠦᠳᠡᠯᠮᠦᠷᠢᠴᠢ ᠵᠠᠩ ᠴᠢᠨᠠᠷ ᠢ ᠥᠵᠡᠭᠦᠯᠤᠨ᠎ᠡ᠃ ᠳᠡᠭᠡᠭ᠍ᠰᠢ ᠬᠠᠷᠠᠭᠰᠠᠨ ᠴᠢᠨᠢ ᠭᠦᠪᠦᠩ ᠴᠠᠭᠠᠨ ᠡᠭᠦᠯᠡ ᠨᠠᠭᠠᠰᠢ ᠴᠠᠭᠠᠰᠢ ᠭᠦᠪᠦᠨ ᠨᠡᠭᠦᠵᠤ᠂ ᠠᠢ᠌ᠯ ᠤᠳ ᠤᠨ ᠬᠤᠯᠠᠩ ᠡᠴᠠ ᠰᠢᠩᠭᠡᠨ ᠴᠡᠩᠭᠡᠷ ᠣᠳᠤᠭ᠎ᠠ ᠪᠣᠷ ᠪᠣᠷ ᠳᠡᠭ᠍ᠳᠡᠨ᠎ᠡ᠃ ᠮᠤᠳᠤᠨ ᠤ ᠰᠠᠯᠠᠭ᠎ᠠ ᠨᠠᠮᠠᠭ᠎ᠠ ᠶᠢ ᠴᠠᠰᠤ ᠳᠠᠷᠤᠵᠤ᠂ ᠬᠤᠯᠠ ᠡᠴᠠ ᠬᠠᠷᠠᠬᠤ ᠳᠤ ᠨᠠᠷᠠᠨ ᠤ ᠭᠡᠷᠡᠯ ᠳᠤ ᠭᠢᠯᠠᠯᠵᠠᠨ ᠮᠥᠩᠭᠦᠨ ᠵᠤᠭᠤᠰ ᠰᠢᠭ ᠭᠢᠯᠳᠠᠭᠠᠨᠠᠨ᠎ᠠ᠃ ᠡᠨᠡ ᠭᠦ ᠰᠠᠢ᠌ᠬᠠᠨ ᠮᠤᠩᠭ᠋ᠤᠯ ᠣᠷᠤᠨ ᠤ ᠡᠪᠦᠯ ᠤᠨ ᠦᠵᠡᠮᠵᠢ ᠶᠢ ᠳᠦᠷᠦᠭᠦᠤ ᠣᠳᠠᠭ᠎ᠠ ᠦᠵᠡᠵᠤ ᠪᠠᠢ᠌ᠭ᠎ᠠ ᠪᠢᠯᠠ᠃

ᠨᠤᠳᠤᠭ ᠤᠨ ᠮᠢᠨᠢ ᠡᠪᠦᠯ ᠤᠨ ᠦᠵᠡᠮᠵᠢ ᠊᠊᠊᠊᠊᠊᠊᠊᠊᠊᠊᠊᠊᠊᠊ ᠰᠡᠳᠭᠢᠯ ᠵᠢᠷᠦᠭᠡᠨ ᠳᠤ ᠠᠭᠤᠰᠤᠨ ᠰᠢᠩᠭᠡᠵᠤ ᠪᠣᠳᠤᠯ ᠳᠤ ᠮᠢᠨᠢ ᠣᠶᠠᠭᠳᠠᠨ᠎ᠠ᠃ ᠡᠨᠡ ᠨᠤᠳᠤᠭ ᠣᠰᠤᠨ ᠳᠤ ᠳᠦᠷᠦᠭ᠍ᠰᠡᠨ ᠳᠤ ᠪᠠᠨ ᠰᠡᠳᠭᠢᠯ ᠦᠪᠡᠷ ᠤᠨ ᠡᠷᠭᠡ ᠦᠭᠡᠶ ᠳᠤᠭᠳᠤᠯᠳᠠᠭ ᠪᠦᠭᠡᠳ ᠪᠢᠷ ᠴᠠᠭᠠᠰᠤ ᠪᠠᠨ ᠳᠡᠯᠭᠡᠨ ᠮᠠᠭᠳᠠᠨ ᠣᠶᠠᠩᠭ᠋ᠠᠯᠠᠶ᠎ᠠ ᠭᠡᠵᠤ ᠭᠦᠭ᠍ᠰᠡᠳᠡᠭ᠌ ᠶᠤᠮ ᠰᠠᠨ᠃


ᠮᠢᠨᠤ ᠥᠯᠦᠭᠡᠢ ᠨᠤᠳᠤᠭ


4.3 ᠬᠠᠰᠳᠤᠶᠠᠭ᠎ᠠ


ᠠᠭᠤᠳᠠᠮ ᠳᠠᠮᠤᠴᠢ ᠶᠢᠨ ᠵᠠᠬ᠎ᠠ ᠪᠠᠷ ᠪᠠᠢ᠌ᠳᠠᠭ ᠡᠩᠭᠡᠷ ᠤᠨ ᠭᠤᠤᠯ ᠪᠣᠯ ᠮᠢᠨᠤ ᠳᠦᠷᠦᠭ᠍ᠰᠡᠨ ᠨᠤᠳᠤᠭ ᠶᠤᠮ᠃

ᠮᠢᠨᠤ ᠨᠤᠳᠤᠭ ᠲᠤ ᠡᠩᠭᠡᠷ ᠤᠨ ᠭᠤᠤᠯ ᠭᠡᠵᠤ ᠨᠠᠮᠵᠢᠭᠤᠨ ᠣᠷᠤᠰᠬᠠᠯ ᠲᠡᠶ᠂ ᠮᠤᠷᠤᠯᠵᠠᠨ ᠳᠠᠭᠢᠷᠯᠠᠭᠰᠠᠨ ᠰᠠᠢ᠌ᠬᠠᠨ ᠦᠵᠡᠮᠵᠢ ᠲᠡᠶ ᠭᠤᠤᠯ ᠪᠣᠯᠤᠨ᠎ᠠ᠃ ᠳᠡᠭᠦᠨ ᠤ ᠬᠣᠢ᠌ᠳᠤ ᠳᠠᠯ᠎ᠠ ᠪᠠᠷ ᠨᠢ ᠴᠠᠩᠳᠤ ᠶᠢᠨ ᠣᠪᠣᠭ᠎ᠠ ᠣᠠᠴᠠ ᠰᠥᠷᠯᠢᠭ᠌ ᠰᠡᠭᠦᠢᠨ ᠬᠠᠷᠠᠭᠳᠠᠬᠤ ᠮᠥᠷᠳᠡᠭᠡᠨ ᠮᠠᠯᠴᠢᠨ ᠮᠤᠩᠭ᠋ᠤᠯᠴᠤᠳ ᠤᠨ ᠰᠢᠳᠤᠨ ᠪᠢᠰᠢᠷᠠᠵᠤ ᠳᠠᠭᠢᠵᠤ ᠢᠷᠡᠭ᠍ᠰᠡᠨ ᠣᠪᠣᠭ᠎ᠠ ᠪᠣᠯᠤᠨ᠎ᠠ᠃ ᠪᠢ ᠪᠠᠭ᠎ᠠ ᠡᠴᠠ ᠪᠠᠨ ᠡᠨᠡ ᠬᠤᠶᠠᠷ ᠭᠠᠵᠠᠷ ᠬᠤᠷᠠᠭ᠎ᠠ ᠳᠤᠭᠤᠯ ᠶᠢᠡᠨ ᠬᠠᠷᠢᠭᠤᠯᠵᠤ ᠭᠤᠤᠯ ᠤᠨ ᠭᠦᠪᠠᠭᠡᠨ ᠳᠤ ᠨᠢ ᠨᠠᠭᠠᠳᠴᠤ ᠥᠰᠦᠭ᠍ᠰᠡᠨ ᠶᠤᠮ᠃ ᠨᠤᠳᠤᠭ ᠤᠨ ᠪᠣᠭᠤᠷᠤᠯᠴᠤᠳ ᠡᠨᠡ ᠣᠪᠣᠭ᠎ᠠᠢ᠌ ᠬᠠᠳᠠᠭᠤ ᠭᠠᠵᠠᠷ ᠭᠡᠵᠤ ᠭᠡᠯᠡᠯᠴᠡᠳᠡᠭ᠌ ᠪᠢᠯᠠ᠃ ᠡᠮᠡᠭ᠍ᠳᠡᠢ᠌ᠴᠦᠳ ᠢ ᠣᠪᠣᠭᠠᠨ ᠭᠠᠷᠭᠠᠳᠠᠭ ᠦᠭᠡᠶ ᠶᠢᠨ ᠰᠢᠯᠳᠠᠭᠠᠨ ᠨᠢ ᠨᠤᠳᠤᠭ ᠣᠰᠤᠨ ᠤ ᠪᠠᠨ ᠰᠢᠳᠦᠭᠡᠨ ᠢ ᠡᠷᠭᠢᠮᠨᠡᠨ ᠭᠦᠡᠳᠦᠳᠭᠡᠵᠤ ᠪᠠᠢ᠌ᠭ᠎ᠠ ᠶᠢᠨ ᠰᠢᠯᠳᠠᠭᠠᠨ ᠪᠢᠯᠢᠤ︕

ᠡᠩᠭᠡᠷ ᠤᠨ ᠭᠤᠤᠯ ᠭᠡᠪᠠᠯ ᠨᠠᠷ᠎ᠠ ᠠᠯᠳᠠᠷᠰᠢᠭᠰᠠᠨ ᠵᠢᠭᠤᠴᠢᠯᠠᠯ ᠤᠨ ᠭᠠᠵᠠᠷ ᠶᠤᠮ᠃ ᠡᠩᠭᠡᠷ ᠤᠨ ᠭᠤᠤᠯ ᠤᠨ ᠭᠦᠪᠠᠭᠡ ᠪᠠᠷ ᠨᠢ ᠠᠳᠤᠭᠤ ᠮᠠᠯ ᠪᠠᠯᠴᠢᠵᠤ ᠨᠠᠭᠤᠷ ᠲᠤ ᠨᠢ ᠵᠢᠭᠠᠰᠤ ᠵᠢᠷᠠᠭᠠᠬᠠᠢ ᠵᠢᠷᠭᠠᠯᠳᠠᠢ ᠳᠤᠭᠯᠠᠵᠤ ᠨᠠᠭᠤᠷ ᠤᠨ ᠭᠦᠪᠠᠭᠡ ᠪᠠᠷ ᠨᠢ ᠭᠠᠯᠠᠭᠤ ᠰᠢᠪᠠᠭᠤᠳ ᠤᠨ ᠳᠡᠭ᠍ᠳᠡᠭᠡᠭᠡᠢ ᠣᠮᠪᠠᠯᠳᠤᠨ ᠨᠠᠭᠠᠳᠴᠤ ᠮᠠᠰᠢ ᠭᠤᠶᠤ ᠦᠵᠡᠮᠵᠢ ᠲᠡᠶ ᠪᠠᠢ᠌ᠳᠠᠭ ᠣᠴᠢᠷ ᠡᠴᠠ ᠨᠠᠷ᠎ᠠ ᠠᠯᠳᠠᠷᠰᠢᠭᠰᠠᠨ ᠶᠤᠮ᠃ ᠨᠠᠩ ᠴᠤ ᠴᠠᠩᠳᠤ ᠶᠢᠨ ᠣᠪᠣᠭ᠎ᠠ ᠶᠢᠨ ᠳᠠᠭᠢᠯᠭ᠎ᠠ ᠶᠢᠨ ᠨᠠᠢ᠌ᠷ ᠪᠣᠯᠤᠭᠰᠠᠭᠠᠷ ᠮᠠᠰᠢ ᠭᠦᠭ᠍ᠵᠢᠶᠡᠨ ᠲᠡᠶ ᠪᠠᠢ᠌ᠳᠠᠭ᠃ ᠬᠡᠦᠬᠡᠳ ᠤᠳ ᠤᠨ ᠭᠦᠯ ᠨᠢ ᠭᠠᠵᠠᠷ ᠭᠦᠷᠭᠦ ᠦᠭᠡᠶ ᠪᠠᠶᠠᠷᠯᠠᠵᠤ᠂ ᠬᠤᠯᠠ ᠣᠢ᠌ᠷ᠎ᠠ ᠶᠢᠨ ᠪᠦᠭᠡᠴᠢᠳ ᠭᠡᠢ᠌ᠮᠤᠷᠢ ᠪᠠᠨ ᠰᠡᠷᠭᠦᠭᠡᠭᠦ ᠪᠠᠷ ᠣᠪᠣᠭᠠᠨ ᠳᠤ ᠮᠥᠷᠭᠦᠵᠤ ᠴᠢᠯᠠᠭᠤ ᠨᠡᠮᠡᠭᠦ ᠪᠠᠷ ᠢᠷᠡᠳᠡᠭ᠌ ᠰᠠᠨ ᠪᠢᠯᠠ᠃ ᠮᠤᠷᠢ ᠣᠷᠤᠯᠳᠤᠬᠤ᠂ ᠰᠤᠷ ᠬᠠᠷᠪᠣᠬᠤ ᠣᠷᠤᠯᠳᠤᠭᠠᠨ ᠭᠦᠮᠤᠨ ᠪᠦᠭᠦᠨ ᠤ ᠳᠤᠷ᠎ᠠ ᠪᠠᠬ᠎ᠠ ᠶᠢ ᠳᠠᠳᠠᠵᠤ ᠮᠤᠩᠭ᠋ᠤᠯᠴᠤᠳ ᠤᠨ ᠣᠯᠠᠮᠵᠢᠯᠠᠯᠳᠤ ᠡᠷ᠎ᠡ ᠶᠢᠨ ᠭᠤᠷᠪᠠᠨ ᠨᠠᠭᠠᠳᠤᠮ ᠢ ᠵᠢᠷᠤᠭᠯᠠᠨ᠎ᠠ᠃

ᠡᠨᠡ ᠪᠣᠯ ᠮᠢᠨᠤ ᠦᠰᠴᠦ ᠳᠦᠷᠦᠭ᠍ᠰᠡᠨ ᠥᠯᠦᠭᠡᠢ ᠨᠤᠳᠤᠭ᠂ ᠦᠵᠡᠮᠵᠢᠳᠤ ᠶᠢᠨ ᠰᠠᠢ᠌ᠬᠠᠨ ᠡᠩᠭᠡᠷ ᠤᠨ ᠭᠤᠤᠯ ᠪᠢᠯᠠ᠃


ᠠᠪᠣᠷᠭᠤ ᠭᠦᠷᠪᠠᠯ ᠤᠨ ᠨᠤᠳᠤᠭ ᠊᠊᠊᠊᠊᠊᠊᠊᠊᠊᠊᠊᠊᠊᠊ ᠡᠷᠢᠶᠡᠨ ᠬᠤᠳᠠ


4.3 ᠵᠤᠨ᠎ᠠ


ᠮᠢᠨᠤ ᠳᠦᠷᠦᠭ᠍ᠰᠡᠨ ᠨᠤᠳᠤᠭ ᠊᠊᠊᠊᠊᠊᠊᠊᠊᠊᠊᠊᠊᠊᠊ ᠡᠷᠢᠶᠡᠨ ᠬᠤᠳᠠ ᠪᠣᠯ ᠳᠤᠮᠳᠠᠳᠤ ᠣᠯᠤᠰ ᠤᠨ ᠬᠣᠢ᠌ᠨ᠎ᠠ ᠵᠠᠬ᠎ᠠ ᠳᠤ ᠮᠤᠩᠭ᠋ᠤᠯ ᠣᠯᠤᠰ ᠲᠡᠶ ᠭᠢᠯᠢ ᠨᠠᠢ᠌ᠯᠠᠵᠤ ᠪᠠᠢ᠌ᠷᠢᠯᠠᠭᠰᠠᠨ ᠠᠷᠠᠯᠵᠢᠶ᠎ᠠ ᠮᠠᠢ᠌ᠮᠠᠢ ᠪᠠᠷ ᠭᠦᠭ᠍ᠵᠢᠭ᠍ᠰᠡᠨ ᠮᠥᠷᠳᠡᠭᠡᠨ ᠡᠷᠳᠡ ᠭᠠᠯᠪᠠ ᠶᠢᠨ ᠴᠠᠭ ᠲᠤ ᠣᠯᠠᠨ ᠠᠪᠣᠷᠭᠤ ᠭᠦᠷᠪᠠᠯ ᠠᠮᠢᠳᠤᠷᠠᠵᠤ ᠪᠠᠢ᠌ᠭᠰᠠᠨ ᠲᠤᠩ ᠰᠠᠢ᠌ᠬᠠᠨ ᠵᠢᠭᠤᠯᠴᠢᠯᠠᠯ ᠤᠨ ᠣᠷᠤᠨ ᠪᠣᠯᠬᠤ ᠪᠠᠷ ᠪᠠᠷᠠᠬᠤ ᠦᠭᠡᠶ ᠬᠠᠪᠣᠷ᠂ ᠵᠤᠨ᠂ ᠨᠠᠮᠤᠷ᠂ ᠡᠪᠦᠯ ᠳᠡᠭᠡᠨ ᠴᠤ ᠭᠤᠶᠤ ᠰᠠᠢ᠌ᠬᠠᠨ ᠦᠵᠡᠮᠵᠢ ᠲᠡᠶ ᠪᠠᠢ᠌ᠳᠠᠭ ᠡ︕

ᠣᠷᠢᠬᠠᠨ ᠬᠠᠪᠣᠷ ᠮᠤᠳᠤᠳ ᠰᠤᠶᠤᠭ᠎ᠠ ᠪᠠᠨ ᠪᠣᠯᠳᠠᠢ᠌ᠯᠭᠠᠨ᠂ ᠬᠤᠷᠸ᠎ᠠ ᠶᠢᠨ ᠲᠦᠮᠡᠨ ᠪᠣᠳᠠᠰ ᠠᠮᠢᠯᠠᠬᠤ ᠳᠤ ᠰᠤᠷᠤᠭᠴᠢᠳ ᠭᠠᠳᠠᠨ᠎ᠠ ᠪᠠᠶᠠᠷ ᠭᠦᠷ ᠲᠡᠶ ᠳᠤᠭᠯᠠᠵᠤ ᠰᠢᠨ᠎ᠡ ᠠᠭᠤᠷ ᠠᠮᠢᠰᠬᠤᠯ ᠶᠢᠡᠷ ᠪᠢᠯᠬᠠᠨ᠎ᠠ᠃

ᠵᠤᠨ ᠨᠢ ᠥᠩᠭᠡ ᠪᠦᠷᠢ ᠶᠢᠨ ᠴᠡᠴᠡᠭ᠌ ᠳᠡᠯᠭᠡᠷᠡᠵᠤ ᠬᠡᠦᠬᠡᠳ ᠪᠢᠳᠠᠨ ᠤ ᠪᠠᠬᠠᠷᠬᠠᠯ ᠢ ᠳᠠᠳᠠᠨ᠎ᠠ᠃ ᠨᠠᠩ ᠴᠤ ᠵᠤᠨ ᠤ ᠣᠷᠤᠢ ᠬᠡᠦᠬᠡᠳ ᠤᠨ ᠳᠤᠭᠯᠠᠭᠠᠮ ᠤᠨ ᠭᠠᠵᠠᠷ ᠲᠤ ᠶᠠᠩᠵᠤ ᠪᠦᠷᠢ ᠶᠢᠨ ᠳ᠋ᠸᠩ ᠳᠤᠸᠠᠯᠠᠨ ᠭᠢᠯᠠᠯᠵᠠᠵᠤ ᠮᠠᠰᠢ ᠰᠠᠢ᠌ᠬᠠᠨ ᠬᠠᠷᠠᠭᠳᠠᠨ᠎ᠠ᠃ ᠵᠤᠨ ᠤ ᠠᠮᠠᠷᠠᠯᠳᠠ ᠳᠤ ᠭᠠᠳᠠᠭᠠᠳᠤ ᠳᠤᠳᠤᠭᠠᠳᠤ ᠶᠢᠨ ᠣᠯᠠᠨ ᠭᠠᠵᠠᠷ ᠤᠨ ᠵᠤᠴᠢᠳ ᠢᠷᠠᠵᠤ ᠮᠠᠨ ᠤ ᠡᠷᠢᠶᠡᠨ ᠬᠤᠳᠠ ᠶᠢᠨ ᠥᠩᠭᠡ ᠦᠵᠡᠮᠵᠢ ᠶᠢ ᠰᠤᠨᠢᠷᠬᠠᠨ ᠳᠠᠭᠠᠰᠢᠶᠠᠨ᠎ᠠ᠃

ᠨᠠᠮᠤᠷ ᠨᠢ ᠠᠭᠤᠷ ᠠᠮᠢᠰᠬᠤᠯ ᠰᠡᠷᠢᠭᠦᠨ ᠪᠣᠯᠵᠤ ᠮᠤᠳᠤᠨ ᠤ ᠨᠠᠪᠴᠢ ᠰᠢᠷᠠᠯᠠᠵᠤ᠂ ᠬᠤᠸᠠᠷ ᠴᠡᠴᠡᠭ᠌ ᠨᠢᠭᠡ ᠵᠢᠯ ᠤᠨ ᠡᠭᠦᠷᠭᠡ ᠪᠠᠨ ᠭᠦᠢᠴᠡᠳᠭᠡᠨ᠂ ᠵᠡᠭᠡᠯᠢ ᠳᠦᠭᠦᠷᠡᠩ ᠨᠠᠮᠤᠷ ᠤᠨ ᠡᠯᠪᠠᠭ᠌ ᠬᠤᠷᠢᠶᠠᠯᠳᠠ ᠶᠢ ᠪᠠᠯᠭᠡᠳᠡᠨ ᠭᠦᠮᠦᠰ ᠪᠠᠶᠠᠷᠯᠠᠯᠳᠤᠨ ᠭᠦᠭᠡᠷᠦᠯᠳᠦᠨ᠎ᠡ᠃

ᠡᠪᠦᠯ ᠨᠢ ᠴᠠᠰᠤ ᠯᠠᠪᠰᠠᠯᠠᠵᠤ ᠮᠤᠳᠤᠨ ᠤ ᠨᠠᠪᠴᠢ ᠮᠦᠴᠢᠷ ᠢ ᠳᠠᠷᠤᠨ᠎ᠠ᠃ ᠭᠠᠵᠠᠷ ᠪᠦᠭᠦᠨ ᠴᠠᠰᠤᠨ ᠳᠤ ᠬᠤᠴᠢᠭᠳᠠᠵᠤ ᠶᠤᠰᠤᠳᠠᠢ ᠴᠠᠪ ᠴᠠᠭᠠᠨ ᠶ‍ᠢᠷᠳᠢᠠᠴᠤ ᠪᠣᠯᠳᠠᠭ ᠰᠠᠨ᠃ ᠭᠦᠭᠡᠷᠦᠭᠦᠢ ᠪᠢᠴᠢᠬᠠᠨ ᠠᠮᠢᠳᠠᠤᠨ ᠳᠠᠭᠵᠢᠨ ᠴᠠᠴᠠᠷᠠᠵᠤ ᠡᠭᠦᠷ ᠲᠤ ᠪᠠᠨ ᠰᠢᠷᠭᠤᠨ᠎ᠠ᠃ ᠬᠡᠦᠬᠡᠳ ᠪᠢᠳᠠ ᠴᠠᠰᠤᠨ ᠭᠦᠮᠤᠨ ᠪᠠᠷᠢᠵᠤ ᠭᠦᠭᠡᠷᠦᠯᠳᠤᠨ ᠳᠤᠭᠯᠠᠨ᠎ᠠ᠃

ᠪᠢ ᠡᠢ᠌ᠮᠤ ᠰᠠᠢ᠌ᠬᠠᠨ ᠥᠯᠦᠭᠡᠢ ᠨᠤᠳᠤᠭ ᠲᠤ ᠲᠦᠷᠦᠵᠤ ᠥᠰᠦᠭ᠍ᠰᠡᠨ ᠳᠡᠭᠡᠨ ᠣᠮᠤᠭᠰᠢᠨ᠎ᠠ᠃ ᠪᠢ ᠬᠤᠵᠢᠮ ᠴᠠᠷᠮᠠᠢ᠌ᠨ ᠰᠤᠷᠤᠯᠴᠠᠵᠤ ᠳᠤᠮᠤ ᠪᠣᠯᠪᠠᠯ ᠥᠯᠦᠭᠡᠢ ᠨᠤᠳᠤᠭ ᠶᠢᠡᠨ ᠴᠤᠭᠴᠠᠯᠠᠨ ᠪᠠᠢ᠌ᠭᠤᠯᠵᠤ᠂ ᠭᠢᠯᠢ ᠶᠢᠨ ᠬᠤᠳᠠ ᠪᠠᠨ ᠣᠯᠠᠮ ᠪᠠᠭᠢᠵᠢᠭᠦᠯᠤᠨ ᠭᠦᠭ᠍ᠵᠢᠭᠦᠯᠤᠨ᠎ᠡ᠃


ᠬᠠᠢ᠌ᠷᠠᠳᠤ ᠨᠤᠳᠤᠭ ᠮᠢᠨᠢ


ᠭᠦᠭ᠍ᠵᠢᠨ ᠪᠠᠳᠠᠷᠠᠵᠤ ᠪᠠᠢ᠌ᠭ᠎ᠠ ᠮᠢᠨᠤ ᠨᠤᠳᠤᠭ ᠭᠡᠴᠢᠨᠡᠨ ᠭᠤᠶᠤ᠂ ᠭᠡᠴᠢᠨᠡᠨ ᠰᠠᠢ᠌ᠬᠠᠨ ᠥᠩᠭᠡ ᠦᠵᠡᠮᠵᠢ ᠲᠡᠶ ᠪᠠᠶᠠᠨ ᠴᠢᠨᠡᠭᠡᠯᠢᠭ᠌ ᠪᠣᠯᠤᠭᠰᠠᠨ ᠢ ᠪᠣᠤ ᠮᠠᠳᠠ︕

ᠮᠢᠨᠤ ᠨᠤᠳᠤᠭ ᠤᠨ ᠠᠢ᠌ᠯ ᠤᠨ ᠡᠮᠤᠨ᠎ᠡ ᠳᠠᠯ᠎ᠠ ᠳᠤ ᠭᠡᠳᠤᠨ ᠵᠠᠭᠤᠨ ᠮᠤ ᠳᠠᠷᠢᠶᠠᠨ ᠭᠠᠵᠠᠷ ᠲᠡᠶ᠂ ᠵᠠᠰᠠᠮᠠᠯ ᠵᠠᠮ ᠢ ᠳᠠᠭᠠᠭᠠᠤᠨ ᠣᠳᠠ ᠮᠤᠳᠤ ᠵᠢᠭ᠍ᠳᠡᠷᠡᠨ ᠣᠷᠭᠤᠵᠤ᠂ ᠵᠠᠮ ᠤᠨ ᠬᠣᠢ᠌ᠨ᠎ᠠ ᠵᠡᠭᠦᠡᠰᠢ ᠪᠠᠷᠠᠭᠤᠠᠰᠢ ᠰᠦᠨᠳᠠᠷᠯᠠᠨ ᠵᠢᠭ᠍ᠳᠡᠷᠡᠭ᠍ᠰᠡᠨ ᠣᠯᠠᠭᠠᠨ ᠳᠤᠭᠤᠰᠬᠠᠨ ᠪᠠᠢ᠌ᠰᠢᠩ ᠤᠳ ᠴᠣᠢ᠌ᠳᠠᠩ ᠤᠨ ᠬᠠᠢ᠌ᠷᠴᠠᠭ ᠰᠢᠭ ᠵᠢᠭ᠍ᠳᠡᠷᠡᠨ ᠬᠠᠷᠠᠭᠳᠠᠨ᠎ᠠ᠃ ᠠᠢ᠌ᠯ ᠤᠨ ᠠᠷᠤ ᠳᠤ ᠮᠠᠯ ᠣᠨᠤᠭ᠎ᠠ ᠨᠢ ᠪᠦᠭᠡᠮᠨᠡᠷᠡᠨ ᠢᠳᠠᠰᠢᠯᠠᠵᠤ ᠭᠦᠮᠤᠨ ᠤ ᠪᠠᠬᠠᠷᠤᠯ ᠢ ᠳᠠᠳᠠᠳᠠᠭ ᠪᠠᠢ᠌ᠯ᠎ᠠ᠃ ᠪᠢ ᠡᠨᠡ ᠰᠠᠢ᠌ᠬᠠᠨ ᠨᠤᠳᠤᠭ ᠶᠢᠡᠨ ᠭᠡᠴᠢᠨᠡᠨ ᠰᠠᠨᠠᠨ ᠮᠥᠷᠦᠭᠡᠳᠴᠤ ᠪᠠᠢ᠌ᠬᠤ ᠶᠢ ᠵᠣᠢ᠌ᠷᠯᠠᠵᠤ ᠪᠠᠷᠠᠰᠢ ᠦᠭᠡᠶ ᠠᠵᠠᠢ᠃ ᠨᠠᠳᠠ ᠶᠢ ᠨᠤᠳᠤᠭ ᠲᠤ ᠪᠠᠨ ᠪᠠᠢ᠌ᠬᠤ ᠦᠶ᠎ᠡ ᠳᠤ ᠬᠠᠮᠳᠤ ᠨᠥᠭᠦᠤᠨ ᠲᠡᠶ ᠪᠠᠨ ᠠᠢ᠌ᠯ ᠤᠨ ᠡᠭᠦᠳᠡᠨ ᠤ ᠵᠠᠰᠠᠮᠠᠯ ᠵᠠᠮ ᠶᠢᠡᠷ ᠳᠤᠭᠤᠢ ᠣᠨᠤᠨ ᠣᠷᠤᠯᠳᠤᠨ ᠨᠠᠭᠠᠳᠳᠠᠭ ᠪᠠᠢ᠌ᠯ᠎ᠠ᠃ ᠡᠮᠡᠭᠡ ᠪᠠᠨ ᠳᠠᠭᠠᠵᠤ ᠠᠢ᠌ᠯ ᠠᠢ᠌ᠮᠠᠭ ᠶᠢᠡᠷ ᠳᠤᠭᠤᠷᠢᠨ ᠶᠠᠪᠣᠳᠠᠭ ᠴᠤ ᠪᠠᠢ᠌ᠯ᠎ᠠ᠃ ᠠᠤᠭ᠎ᠠ ᠰᠥᠷᠯᠢᠭ᠌ ᠠᠭᠤᠯᠠ ᠲᠡᠶ᠂ ᠭᠡᠭᠡᠮᠰᠦᠭ᠌ ᠭᠠᠩᠭ᠋ᠠᠩ ᠮᠢᠨᠤ ᠨᠤᠳᠤᠭ ᠶᠠᠭᠠᠭᠢᠨ ᠳᠠᠢ᠌ᠮᠤ ᠰᠠᠢ᠌ᠬᠠᠨ ᠭᠤᠶᠤ ᠪᠣᠢ︖

ᠪᠢ ᠣᠳᠤ ᠣᠳᠠᠯ ᠦᠭᠡᠶ ᠦᠵᠡᠮᠵᠢᠳᠤ ᠰᠠᠢ᠌ᠬᠠᠨ ᠳᠦᠷᠦᠭ᠍ᠰᠡᠨ ᠨᠤᠳᠤᠭ ᠲᠤ ᠪᠠᠨ ᠶᠠᠪᠣᠵᠤ᠂ ᠨᠤᠳᠤᠭ ᠤᠨ ᠶᠢᠡᠨ ᠥᠩᠭᠡ ᠦᠵᠡᠮᠵᠢ ᠶᠢ ᠪᠠᠬᠠᠷᠬᠠᠨ ᠰᠢᠷᠳᠠᠵᠤ᠂ ᠬᠠᠮᠳᠤ ᠨᠥᠭᠦᠤᠨ ᠲᠡᠶ ᠪᠠᠨ ᠳᠤᠭᠯᠠᠨ ᠨᠠᠭᠠᠳᠴᠤ ᠰᠡᠳᠭᠢᠯ ᠶᠢᠡᠨ ᠪᠠᠶᠠᠰᠬᠠᠵᠤ᠂ ᠳᠠᠭᠢᠨ ᠡᠷᠢᠶᠡᠨ ᠬᠤᠳᠠ ᠶᠢᠨ ᠮᠤᠩᠭ᠋ᠤᠯ ᠰᠤᠷᠭᠠᠭᠤᠯᠢ ᠳᠤ ᠪᠠᠨ ᠢᠷᠠᠵᠤ᠂ ᠭᠦᠡᠳᠦᠳᠤ ᠪᠠᠭᠰᠢ᠂ ᠬᠠᠮᠳᠤ ᠰᠤᠷᠤᠭᠴᠢ ᠲᠡᠶ ᠪᠠᠨ ᠪᠠᠶᠠᠷ ᠭᠦᠷ ᠲᠡᠶ ᠠᠭᠤᠯᠵᠠᠬᠤ ᠭᠡᠵᠤ ᠪᠣᠳᠤᠬᠤ ᠳᠤ ᠰᠡᠳᠭᠢᠯ ᠬᠠᠩᠬᠠᠯᠤᠭᠤᠨ ᠪᠠᠢ᠌ᠨ᠎ᠠ᠃


ᠡᠪᠦᠭᠡ ᠶᠢᠨ ᠨᠤᠳᠤᠭ


ᠪᠢ ᠡᠨᠡ ᠵᠤᠨ ᠤ ᠠᠮᠠᠷᠠᠯᠳᠠ ᠪᠠᠨ ᠡᠪᠦᠭᠡ ᠡᠮᠡᠭᠡ ᠶᠢᠨ ᠳᠤ ᠪᠠᠨ ᠣᠴᠢᠵᠤ ᠥᠩᠭᠡᠷᠡᠭᠡᠯ᠎ᠡ᠃

ᠡᠪᠦᠭᠡ ᠶᠢᠨ ᠭᠡᠷ ᠤᠨ ᠵᠡᠭᠦᠨ ᠳᠠᠯ᠎ᠠ ᠳᠤ ᠨᠢᠭᠡᠨ ᠦᠨᠳᠦᠷ ᠰᠥᠷᠯᠢᠭ᠌ ᠠᠭᠤᠯᠠ ᠪᠠᠢ᠌ᠳᠠᠭ᠃ ᠡᠨᠡ ᠠᠭᠤᠯᠠ ᠶᠢ ᠪᠣᠭᠳᠠ ᠠᠭᠤᠯᠠ ᠭᠡᠨ᠎ᠡ᠃ ᠡᠵᠡᠨ ᠪᠣᠭᠳᠠ ᠴᠢᠩᠭᠢᠰ ᠬᠠᠭᠠᠨ ᠤ ᠳᠡᠭᠦᠤ ᠬᠠᠪᠣᠳᠤ ᠬᠠᠰᠠᠷ ᠢ ᠳᠠᠭᠢᠳᠠᠭ ᠠᠭᠤᠯᠠ ᠪᠣᠯᠬᠤᠷ ᠪᠣᠭᠳᠠ ᠠᠭᠤᠯᠠ ᠭᠡᠵᠤ ᠨᠡᠷᠡᠯᠡᠳᠡᠭ᠌᠃ ᠬᠤᠯᠠ ᠡᠴᠠ ᠬᠠᠷᠠᠬᠤ ᠳᠤ ᠭᠦᠭᠡᠷᠡᠨ ᠬᠠᠷᠠᠭᠳᠠᠵᠤ ᠪᠠᠢ᠌ᠳᠠᠭ᠃ ᠰᠡᠭᠦᠯᠡᠷ ᠨᠢᠩᠪᠣ ᠨᠠᠳᠠ ᠶᠢ ᠳᠤᠭᠤᠷᠢᠭᠤᠯᠤᠭᠰᠠᠨ ᠰᠠᠨ︕

ᠡᠪᠦᠭᠡ ᠶᠢᠨ ᠭᠡᠷ ᠤᠨ ᠡᠮᠦᠨᠡᠭᠦᠷ ᠨᠢᠭᠡᠨ ᠪᠢᠴᠢᠬᠠᠨ ᠭᠤᠷᠤᠬ᠎ᠠ ᠣᠷᠤᠰᠳᠠᠭ ᠪᠢᠯᠠ᠃ ᠪᠢ ᠡᠪᠦᠭᠡ ᠲᠡᠶ ᠪᠠᠨ ᠴᠤᠭ ᠳᠤᠭᠤᠷᠢᠬᠤ ᠪᠠᠷ ᠣᠴᠢᠪᠠ᠃ ᠪᠢᠴᠢᠬᠠᠨ ᠭᠤᠷᠤᠬ᠎ᠠ ᠳᠤᠳᠤᠷ᠎ᠠ ᠣᠯᠠᠨ ᠵᠢᠭᠠᠰᠤ ᠵᠢᠷᠠᠭᠠᠬᠠᠢ ᠣᠮᠪᠠᠨ᠎ᠠ᠃ ᠨᠤᠪ ᠨᠤᠭᠤᠭᠠᠨ ᠵᠥᠯᠭᠡᠨ ᠳᠡᠭᠡᠷ᠎ᠡ ᠮᠠᠰᠢ ᠣᠯᠠᠨ ᠮᠤᠷᠢᠨ ᠮᠡᠯᠡᠭᠡᠢ ᠦᠰᠦᠷᠭᠢᠯᠠᠨ᠎ᠡ᠃ ᠭᠤᠷᠤᠬ᠎ᠠ ᠶᠢᠨ ᠳᠤᠳᠤᠷ᠎ᠠ ᠪᠠᠰᠠ ᠣᠯᠠᠨ ᠣᠯᠠᠨ ᠰᠢᠨᠠᠭᠠᠨ ᠬᠤᠷᠤᠬᠠᠢ ᠨᠠᠰᠢ ᠴᠠᠰᠢ ᠣᠮᠪᠠᠯᠭᠢᠯᠠᠨ᠎ᠠ᠃

ᠡᠪᠦᠭᠡ ᠶᠢᠨ ᠨᠤᠳᠤᠭ ᠥᠨᠡᠭᠡᠷ ᠭᠤᠶᠤ ᠡ︕

ᠪᠢ ᠡᠪᠦᠭᠡ ᠡᠮᠡᠭᠡ ᠳᠤ ᠪᠠᠨ ᠬᠠᠢ᠌ᠷᠠᠳᠠᠢ᠃

ᠡᠪᠦᠭᠡ ᠶᠢᠨ ᠨᠤᠳᠤᠭ ᠲᠤ ᠪᠠᠨ ᠨᠠᠩ ᠬᠠᠢ᠌ᠷᠠᠳᠠᠢ᠃


ᠮᠢᠨᠤ ᠨᠤᠳᠤᠭ


4.3 ᠠᠨᠠᠷ


ᠮᠢᠨᠤ ᠨᠤᠳᠤᠭ ᠡᠷᠢᠶᠡᠨ ᠬᠤᠳᠠ ᠪᠣᠯ ᠠᠪᠣᠷᠭᠤ ᠭᠦᠷᠪᠠᠯ ᠤᠨ ᠥᠯᠦᠭᠡᠢ ᠶᠤᠮ᠃ ᠡᠮᠤᠨ᠎ᠡ ᠳᠠᠯ᠎ᠠ ᠪᠠᠷ ᠶᠢᠡᠨ ᠰᠦᠨᠢᠳ ᠪᠠᠷᠠᠭᠤᠨ ᠬᠤᠰᠢᠭᠤ ᠲᠡᠶ ᠵᠠᠬ᠎ᠠ ᠨᠠᠢ᠌ᠯᠠᠵᠤ᠂ ᠬᠣᠢ᠌ᠳᠤ ᠳᠠᠯ᠎ᠠ ᠪᠠᠷ ᠶᠢᠡᠨ ᠮᠤᠩᠭ᠋ᠤᠯ ᠣᠯᠤᠰ ᠤᠨ ᠵᠠᠮ ᠤᠨ ᠡᠭᠦᠳᠡ ᠬᠤᠳᠠ ᠲᠡᠶ ᠵᠠᠯᠭᠠᠯᠳᠤᠵᠤ ᠪᠠᠢ᠌ᠭ᠎ᠠ ᠭᠢᠯᠢ ᠶᠢᠨ ᠬᠤᠳᠠ ᠪᠣᠯᠤᠨ᠎ᠠ᠃

ᠮᠢᠨᠤ ᠨᠤᠳᠤᠭ ᠲᠤ ᠭᠠᠳᠠᠭᠠᠳᠤ ᠶᠢᠨ ᠭᠦᠮᠤᠨ ᠮᠠᠰᠢ ᠣᠯᠠᠨ ᠢᠷᠠᠵᠤ ᠵᠢᠭᠤᠴᠢᠯᠠᠬᠤ ᠪᠣᠶᠤ ᠠᠷᠠᠯᠵᠢᠶ᠎ᠠ ᠬᠤᠳᠠᠯᠳᠤᠭ᠎ᠠ ᠭᠢᠳᠡᠭ᠌ ᠶᠤᠮ᠃

ᠪᠢ ᠮᠤᠩᠭ᠋ᠤᠯ ᠰᠤᠷᠭᠠᠭᠤᠯᠢ ᠳᠤ ᠪᠠᠨ ᠰᠤᠷᠤᠯᠴᠠᠵᠤ ᠮᠤᠩᠭ᠋ᠤᠯ ᠶᠢᠡᠷ ᠶᠢᠡᠨ ᠶᠠᠷᠢᠵᠤ ᠪᠠᠢ᠌ᠬᠤ ᠳᠠᠭᠠᠨ ᠣᠮᠤᠭᠰᠢᠨ᠎ᠠ᠃ ᠮᠠᠨ ᠤ ᠡᠷᠢᠶᠡᠨ ᠬᠤᠳᠠ ᠨᠢ ᠵᠡᠭᠡᠯᠢ ᠳᠦᠭᠦᠷᠡᠩ ᠡᠪᠠᠰᠤ ᠮᠤᠳᠤ ᠳᠠᠷᠢᠵᠤ᠂ ᠦᠨᠳᠦᠷ ᠰᠥᠷᠯᠢᠭ᠌ ᠠᠰᠠᠷ ᠳᠠᠭᠳᠤ ᠵᠢᠭ᠍ᠳᠡᠷᠡᠨ ᠵᠡᠭᠡᠯᠢ ᠳᠦᠭᠦᠷᠡᠩ ᠮᠠᠰᠢᠨ ᠳᠡᠷᠭᠡ ᠵᠦᠷᠢᠯᠳᠤᠨ᠎ᠠ᠃ ᠳᠤᠮᠤ ᠳᠤᠮᠤ ᠵᠡᠭᠡᠯᠢ ᠶᠢᠨ ᠳ᠋ᠸᠩ ᠣᠷᠤᠢ ᠪᠣᠯᠪᠠᠯ ᠥᠩᠭᠡ ᠥᠩᠭᠡ ᠶᠢᠨ ᠭᠡᠷᠡᠯ ᠰᠠᠴᠤᠷᠠᠭᠤᠯᠵᠤ ᠰᠦᠨᠢ ᠶᠢᠨ ᠦᠵᠡᠮᠵᠢ ᠶᠢ ᠮᠠᠰᠢ ᠭᠤᠶᠤ ᠴᠢᠮᠡᠭᠯᠡᠳᠡᠭ᠌᠃ ᠳᠠᠷᠠ ᠭᠦ ᠥᠩᠭᠡᠳᠤ ᠭᠡᠷᠡᠯ ᠤᠨ ᠳᠤᠤᠷ᠎ᠠ ᠭᠦᠭᠡᠷᠦᠭᠦᠨ ᠴᠤᠪᠣᠭᠠᠯᠢᠭ ᠬᠡᠦᠬᠡᠳ ᠤᠳ ᠶᠠᠩᠵᠤ ᠪᠦᠷᠢ ᠶᠢᠨ ᠰᠤᠨᠢᠷᠬᠠᠯᠳᠠᠢ ᠳᠤᠭᠯᠠᠭᠠᠮ ᠶᠢᠡᠷ ᠳᠤᠭᠯᠠᠵᠤ᠂ ᠭᠦᠭ᠍ᠵᠢᠶᠡᠨ ᠨᠠᠷᠭᠢᠶᠠᠨ ᠶᠢᠡᠷ ᠪᠢᠯᠬᠠᠳᠠᠭ᠃

ᠵᠢᠯ ᠪᠦᠷᠢ ᠶᠢᠨ ᠴᠠᠭᠠᠨ ᠰᠠᠷ᠎ᠠ ᠶᠢᠨ ᠠᠷᠪᠠᠨ ᠳᠠᠪᠤᠨ ᠳᠤ ᠠᠭᠤᠳᠠᠮ ᠳᠠᠯᠠᠪᠠᠢ ᠳᠤ ᠥᠩᠭᠡᠳᠤ ᠬᠤᠸᠠᠷ ᠪᠣᠤᠵᠢᠩ ᠤᠨ ᠥᠵᠡᠭᠦᠯᠦᠯᠭᠡ ᠭᠠᠷᠭᠠᠵᠤ ᠪᠦᠭᠦ ᠡᠷᠢᠶᠡᠨ ᠤ ᠭᠦᠮᠦᠰ ᠬᠠᠮᠳᠤ ᠪᠠᠷ ᠶᠢᠡᠨ ᠬᠤᠸᠠᠷ ᠪᠣᠵᠢᠩ ᠶᠢᠡᠨ ᠰᠤᠨᠢᠷᠬᠠᠳᠠᠭ᠃

ᠡᠨᠡ ᠨᠤᠳᠤᠭ ᠲᠤ ᠪᠠᠨ ᠪᠢ ᠬᠠᠢ᠌ᠷᠠᠳᠠᠢ᠃ ᠨᠤᠳᠤᠭ ᠤᠨ ᠶᠢᠡᠨ ᠬᠠᠢ᠌ᠷᠠᠳᠠᠢ ᠪᠦᠭᠦᠨ ᠶᠢᠡᠨ ᠵᠢᠷᠤᠭᠰᠠᠨ ᠵᠢᠷᠤᠭ ᠰᠢᠭ ᠶᠢᠡᠨ ᠮᠥᠩᠭᠡ ᠬᠠᠳᠠᠭᠠᠯᠠᠵᠤ ᠶᠠᠪᠣᠨ᠎ᠠ᠃


ᠵᠢᠯᠤᠭᠤᠳᠤᠭᠰᠠᠨ ᠪᠠᠭᠰᠢ᠄ ᠲᠦᠪᠰᠢᠨ

ᠵᠤᠬᠢᠶᠠᠭᠴᠢ ᠶᠢᠨ ᠬᠠᠶ‍ᠢᠭ ᠄ ᠡᠷᠢᠶᠡᠨ

ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2983
ᠴᠠᠭ᠄ 2009 ᠤᠨ ᠤ 12 ᠰᠠᠷ᠎ᠠ ᠶᠢᠨ 08
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ