ᠳᠤᠷᠠᠰᠬᠠᠯ ᠤᠨ ᠮᠠᠯᠠᠭᠠᠢ

        ᠪᠠᠵᠢᠭᠤᠨ ᠴᠢᠭᠢᠨ ᠳᠤ ᠬᠠᠯᠬᠠᠪᠴᠢ ᠪᠣᠯᠵᠤ

        ᠪᠠᠭᠠᠮ᠎ᠠ ᠳᠤᠯᠤᠭᠠᠢ ᠳᠤ ᠥᠯᠦᠭᠡᠢ ᠪᠣᠯᠤᠭᠰᠠᠨ  

        ᠬᠠᠮᠠᠷ ᠠᠮᠠᠨ ᠡᠴᠠ ᠡᠭᠢᠯᠡᠭᠡᠳ

        ᠬᠠᠴᠠᠷ ᠭᠦᠷᠳᠡᠯ᠎ᠡ ᠳᠤᠭᠳᠤᠭᠤᠯᠳᠠᠭ ᠶᠤᠮ  

ᠭᠦᠢᠳᠡᠨ ᠡᠪᠦᠯ ᠤᠨ ᠳᠠᠰᠭᠢᠮ᠎ᠠ ᠰᠠᠯᠭᠢᠨ ᠳ᠋ᠤ  

ᠨᠦᠮᠦᠷᠢ ᠪᠣᠯᠳᠠᠭ ᠰᠠᠢ᠌ᠬᠠᠨ ᠮᠠᠯᠠᠭᠠᠢ  

ᠭᠦᠵᠦᠭᠦᠨ ᠤ ᠭᠡᠳᠦᠢ ᠰᠠᠬᠠᠯ ᠢ ᠭᠦᠷᠳᠡᠯ᠎ᠡ  

ᠬᠠᠮᠠᠭᠠᠯᠠᠵᠤ ᠶᠠᠪᠣᠳᠠᠭ ᠨᠤᠤᠰᠤ ᠲᠡᠶ ᠮᠠᠯᠠᠭᠠᠢ

        ᠪᠦᠰ ᠪᠣᠯᠪᠠᠴᠤ ᠦᠨ᠎ᠡ ᠳᠠᠢ  

        ᠦᠨᠡᠳᠠᠢ ᠭᠡᠭᠦ ᠳᠤ ᠠᠯᠳᠠ ᠪᠠᠷ ᠴᠤ  

        ᠠᠪᠴᠢᠷᠠᠵᠤ ᠳᠡᠢ᠌ᠯᠭᠦ ᠥᠭᠡᠢ  

        ᠪᠣᠯᠪᠠᠰᠤᠨ ᠰᠡᠳᠭᠢᠯ ᠤᠨ ᠬᠠᠢ᠌ᠷ᠎ᠠ ᠶᠤᠮ

ᠭᠦᠮᠤᠨ ᠦᠵᠡᠪᠠᠴᠤ ᠭᠡᠪᠳᠡᠢ ᠮᠠᠯᠠᠭᠠᠢ

᠊ᠭ᠍‍ᠬᠢᠷ ᠲᠤ ᠳᠠᠷᠤᠭᠳᠠᠪᠠᠴᠤ ᠮᠠᠷᠮᠠᠬᠠᠨ ᠮᠠᠯᠠᠭᠠᠢ

ᠭᠡᠦᠭᠡᠨ ᠴᠢᠨᠤ ᠢᠳᠡᠭᠡᠯ ᠤᠨ  

ᠭᠡᠯᠡ ᠦᠭᠡᠶ ᠠᠷᠢᠭᠤᠨ ᠭᠡᠷᠡᠴᠢ ᠶᠤᠮ

        ᠬᠠᠷ᠎ᠠ ᠭᠠᠭᠴᠠᠭᠠᠷ ᠪᠠᠢ᠌ᠬᠤ ᠦᠶ᠎ᠡ ᠳ᠋ᠤ  

        ᠬᠠᠵᠠᠭᠤ ᠳᠤ ᠪᠠᠨ ᠠᠪᠴᠤ ᠳᠠᠯᠪᠢᠪᠠᠯ

        ᠬᠤᠶᠠᠭᠤᠯᠠ ᠪᠠᠨ ᠰᠢᠭ ᠰᠠᠢ᠌ᠬᠠᠨ ᠪᠣᠳᠤᠭᠳᠠᠵᠤ

        ᠬᠠᠷᠠᠵᠤ ᠠᠪᠣᠭᠠᠤᠨ ᠦᠵᠡᠪᠠᠯ ᠳᠤᠳᠤᠨᠤ ᠰᠠᠨᠠᠭᠳᠠᠳᠠᠭ

ᠬᠠᠨᠢ ᠮᠢᠨᠢ ᠴᠢ ᠨᠠᠳᠠ ᠳᠠᠭᠠᠨ

ᠬᠠᠢ᠌ᠷᠠᠳᠠᠢ ᠭᠡᠳᠡᠭ᠌ ᠥᠭᠡ ᠪᠠᠨ ᠭᠡᠯᠡᠭᠦ ᠦᠭᠡᠶ ᠴᠤ

ᠬᠠᠷ᠎ᠠ ᠭᠦᠤ ᠪᠢ ᠴᠢᠨᠢ ᠮᠠᠳᠠᠷᠠᠵᠤ ᠪᠠᠢ᠌ᠨ᠎ᠠ  

ᠬᠠᠢ᠌ᠷ᠎ᠠ ᠰᠡᠳᠭᠢᠯ ᠳᠡᠭᠡᠨ ᠦᠨᠡᠠᠴᠢ ᠶᠠᠪᠣᠶ᠎ᠠ︕   



ᠵᠤᠬᠢᠶᠠᠭᠴᠢ ᠶᠢᠨ ᠬᠠᠶ‍ᠢᠭ ᠄ ᠬᠦᠬᠡ‍ᠨᠠᠭᠤᠷ ᠮᠤᠵᠢ ᠶᠢᠨ ᠳᠤᠯᠠᠭᠠᠨ ᠰᠢᠶᠠᠨ ᠤ ᠨᠤᠮᠤᠬᠠᠨ ᠳᠤᠰᠬᠤᠨ

ᠵᠤᠬᠢᠶᠠᠭᠴᠢ᠄ ᠳ·ᠪᠦᠷᠢᠠᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1324
ᠴᠠᠭ᠄ 2010 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁