ᠳᠤᠷᠠᠯᠠᠭ᠎ᠠ ᠦᠭᠡᠶ ᠪᠠᠷ ᠦᠨᠦᠰᠤᠯᠴᠠᠯ᠎ᠠ

ᠣᠷᠤᠭᠤᠯ ᠬᠠᠢ᠌ᠷ᠎ᠠ ᠬᠤᠶᠠᠷ ᠬᠠᠮᠳᠤ ᠪᠠᠢ᠌ᠳᠠᠭ ᠭᠡᠯ᠎ᠡ ᠴᠤ

ᠬᠠᠢ᠌ᠷᠠᠳᠠᠢ ᠭᠡᠵᠤ ᠭᠡᠯᠡᠭᠡ ᠦᠭᠡᠶ ᠪᠠᠷ ᠴᠢ ᠨᠠᠮ᠎ᠠ ᠶᠢ ᠦᠨᠦᠰᠤᠯ᠎ᠠ

ᠣᠩᠭ᠋ᠤᠨ ᠭᠡᠪ ᠶᠢᠡᠷ ᠶᠢᠡᠨ ᠪᠠᠢ᠌ᠭᠰᠠᠨ ᠣᠷᠤᠭᠤᠯ ᠤᠨ ᠬᠡ ᠪᠠᠨ

ᠳᠤᠷᠠᠯᠠᠯ᠎ᠠ ᠭᠡᠵᠤ ᠭᠡᠯᠡᠭᠡ ᠦᠭᠡᠶ ᠪᠠᠷ ᠨᠠᠳᠠ ᠳᠡᠭᠡᠷ᠎ᠡ ᠳᠠᠮᠠᠭᠠᠯᠠᠯ᠎ᠠ

ᠣᠷᠤᠭᠤᠯ ᠴᠢᠨᠢ ᠤᠢ᠌ᠷᠠᠳᠤᠭᠠᠤᠨ ᠠᠮᠢᠰᠬᠤᠯ ᠴᠢᠨᠢ ᠳᠦᠭᠡᠨᠡᠭᠡᠳ ᠢᠷᠡᠭᠦ ᠳ᠋ᠤ

ᠣᠷᠢᠳᠤ ᠡᠴᠠ ᠴᠢᠨᠢ ᠪᠢ ᠬᠠᠷᠠᠵᠤ ᠴᠢᠳᠠᠭ᠎ᠠ ᠦᠭᠡᠶ ᠳᠠᠯᠳᠢᠷᠠᠭᠰᠠᠨ ᠶᠤᠮ

ᠬᠠᠴᠠᠷ ᠢ ᠳᠠᠭᠠᠭᠠᠭᠰᠠᠨ ᠰᠡᠪᠠᠯᠭᠡ ᠶᠢ ᠮᠢᠨᠢ ᠢᠯᠪᠢᠭᠡᠳ

ᠬᠠᠷᠢᠨ ᠴᠢ ᠨᠠᠳᠠ ᠶᠢ ᠥᠨᠦᠰᠦᠭ᠍ᠰᠡᠨ ᠶᠤᠮ

ᠦᠨᠦᠰᠤᠶ᠎ᠠ ᠭᠡᠵᠤ ᠰᠠᠨᠠᠵᠤ ᠪᠠᠢ᠌ᠨ᠎ᠠ ᠰᠢᠤ ᠪᠢ ᠴᠢᠮ᠎ᠠ ᠶᠢ ᠭᠡᠰᠡᠨ ᠡᠴᠠ ᠪᠢᠰᠢ

ᠦᠨᠡᠨ ᠴᠢᠮ᠎ᠠ ᠳᠤ ᠳᠤᠷᠠᠯᠠᠯ᠎ᠠ ᠭᠡᠵᠤ ᠭᠡᠯᠡᠭᠡ ᠥᠭᠡᠢ

ᠬᠠᠢ᠌ᠷᠠᠳᠠᠢ ᠭᠦᠮᠤᠨ ᠮᠢᠨᠢ ᠯᠠ ᠥᠨᠦᠰᠭᠦ ᠣᠷᠤᠭᠤᠯ ᠳᠡᠭᠡᠷ᠎ᠡ ᠮᠢᠨᠢ

ᠬᠠᠢ᠌ᠬᠤᠷᠤᠮᠵᠢ ᠦᠭᠡᠶ ᠪᠠᠷ ᠴᠢ ᠪᠠᠰᠠ ᠥᠨᠦᠰᠦᠭ᠍ᠰᠡᠨ ᠶᠤᠮ

ᠬᠠᠷᠢᠯᠴᠠᠨ ᠪᠢᠳᠠ ᠳᠤᠷᠠᠯᠠᠯᠴᠠᠭᠰᠠᠨ ᠦᠭᠡᠶ ᠪᠠᠢ᠌ᠭᠠᠤᠨ ᠬᠠᠷᠢᠨ

ᠬᠠᠮᠤᠭ ᠠᠩᠬᠠᠨ ᠤ ᠦᠨᠦᠰᠤᠯᠳᠠ ᠪᠠᠨ ᠬᠠᠷᠢᠯᠴᠠᠨ ᠦᠷᠳᠦᠭᠡᠯ᠎ᠡ ᠪᠢᠳᠠ

ᠬᠠᠢ᠌ᠷᠠᠳᠠᠢ ᠭᠦᠮᠤᠨ ᠳᠡᠭᠡᠨ ᠥᠯᠡᠳᠡᠭᠡᠭᠦ ᠶᠤᠰᠤᠳᠠᠢ ᠡᠭᠦᠨ ᠵᠢᠠᠨ

ᠬᠠᠷᠢᠨ ᠴᠢ ᠪᠢᠳᠠ ᠳᠤᠷᠠᠰᠤᠮᠵᠢ ᠪᠣᠯᠭᠠᠨ ᠬᠤᠴᠤᠷᠭᠠᠯ᠎ᠠ

ᠳᠤᠷᠠᠯᠠᠯᠴᠠᠭᠰᠠᠨ ᠦᠭᠡᠶ ᠪᠠᠷ ᠥᠨᠦᠰᠦᠯᠴᠡᠭ᠍ᠰᠡᠨ ᠶᠤᠮ ᠡ

ᠳᠤᠷᠠᠳᠠᠢ ᠡᠰᠡᠭᠦ ᠪᠠᠨ ᠮᠡᠳᠡᠷᠡᠭᠡ ᠦᠭᠡᠶ ᠪᠠᠷ ᠥᠨᠦᠰᠦᠯᠴᠡᠭ᠍ᠰᠡᠨ ᠶᠤᠮ ᠡ

ᠡᠨᠡ ᠪᠣᠯ ᠳᠤᠷᠠᠯᠠᠯ ᠪᠢᠰᠢ᠂ ᠳᠤᠭᠯᠠᠭᠠᠮ ᠴᠤ ᠪᠢᠰᠢ ᠶᠤᠮ ᠪᠣᠯᠬᠤᠷ

ᠡᠩ ᠤᠨ ᠨᠢᠭᠡᠨ ᠳᠤᠷᠠᠳᠬᠠᠯ ᠪᠣᠯᠤᠭᠰᠠᠨ ᠦᠨᠦᠰᠤᠯᠳᠠ ᠶᠤᠮ ᠡ

ᠦᠨᠡᠨ ᠳᠤᠷᠠᠯᠠᠭᠠᠤᠨ ᠥᠨᠦᠰᠦᠯᠴᠡᠭ᠍ᠰᠡᠨ ᠪᠢᠰᠢ ᠬᠣᠢ᠌ᠨ᠎ᠠ

ᠡᠪᠯᠡᠭᠦᠯᠵᠤ ᠳᠡᠢ᠌ᠯᠭᠦ ᠦᠭᠡᠶ ᠨᠢ ᠠᠠᠳᠠ ᠮᠢᠨᠢ︕

ᠦᠷᠤᠨᠠᠳᠠᠭᠢᠨ ᠤ ᠵᠤᠯᠭᠠᠯᠳᠠ ᠶᠤᠮ ᠡ ᠭᠡᠵᠤ ᠰᠠᠨᠠᠭᠠᠤᠨ

ᠦᠣᠷ ᠴᠠᠢ᠌ᠬᠤ ᠶᠢᠨ ᠡᠷᠭᠡᠨ ᠳᠤ ᠮᠠᠷᠳᠠᠵᠤ ᠣᠷᠭᠢᠶ᠎ᠠ

ᠮᠠᠷᠭᠠᠰᠢ ᠪᠣᠯᠵᠤ ᠡᠭᠡ ᠬᠤᠳᠠ ᠶᠢᠨ ᠮᠢᠨᠢ ᠠᠮᠢᠳᠤᠷᠠᠯ ᠡᠭᠢᠯᠡᠭᠦ ᠳ᠋ᠤ

ᠰᠠᠢ᠌ᠨ ᠦᠦ︖ ᠪᠠᠢ᠌ᠨ᠎ᠠ ᠦᠦ ᠭᠡᠳ ᠪᠢᠳᠠ ᠵᠤᠯᠭᠠᠬᠤ ᠶᠤᠮ

ᠳᠤᠷᠠᠯᠠᠬᠤ ᠦᠭᠡᠶ ᠪᠠᠷ ᠥᠨᠦᠰᠦᠯᠴᠡᠭ᠍ᠰᠡᠨ ᠳᠠᠷᠠ ᠮᠦᠴᠡ ᠬᠠᠷᠢᠨ

ᠣᠨ ᠳᠤᠭᠠᠯᠠᠯ ᠤᠨ ᠬᠠᠭᠤᠳᠠᠰᠤ ᠠᠳᠠᠯᠢ ᠬᠠᠢ᠌ᠬᠤᠷᠤᠮᠵᠢ ᠦᠭᠡᠶ ᠳᠠᠰᠤᠳᠠᠭᠳᠠᠨ ᠬᠠᠶᠠᠭᠳᠠᠨ᠎ᠠ

ᠬᠠᠨ᠎ᠠ ᠳᠦᠰᠢᠭᠡᠳ ᠴᠢ ᠳᠠᠮᠠᠭᠢ ᠪᠠᠨ ᠠᠰᠠᠭᠠᠭᠠᠤᠨ ᠭᠦᠴᠦᠳᠡᠢ᠌ᠭᠡᠨ ᠰᠤᠷᠤᠭᠰᠠᠨ ᠶᠤᠮ

ᠬᠠᠵᠠᠭᠤ ᠡᠴᠠ ᠨᠢ ᠪᠢ ᠣᠳᠤᠭ᠎ᠠ ᠶᠢ ᠨᠢ ᠭᠤᠨᠢᠭᠳᠠᠢ᠌ᠬᠠᠨ ᠥᠯᠢᠶᠡᠭ᠍ᠰᠡᠨ ᠶᠤᠮ

ᠠᠮᠠᠷᠠᠭ ᠭᠦᠮᠤᠨ ᠤ ᠦᠨᠦᠰᠤᠯᠳᠠ ᠣᠷᠤᠭᠤᠯ ᠳᠡᠭᠡᠷ᠎ᠡ ᠪᠠᠢ᠌ᠳᠠᠭ ᠭᠡᠯ᠎ᠡ ᠴᠤ

ᠠᠠᠳᠠ ᠭᠦᠮᠤᠨ ᠤ ᠦᠨᠦᠰᠤᠯᠳᠠ ᠪᠠᠰᠠ ᠣᠷᠤᠭᠤᠯ ᠳᠡᠭᠡᠷ᠎ᠡ ᠪᠠᠢ᠌ᠳᠠᠭ ᠶᠤᠮ ᠪᠠᠢ᠌ᠨ᠎ᠠ

ᠳᠤᠷᠠᠯᠠᠯ ᠶᠢᠡᠷ ᠶᠢᠡᠨ ᠳᠤᠭᠯᠠᠭᠠᠮ ᠭᠢᠭ᠍ᠰᠡᠨ ᠦᠭᠡᠶ ᠵᠥᠪᠭᠡᠨ

ᠳᠤᠷᠠᠯᠠᠭᠰᠠᠨ ᠦᠭᠡᠶ ᠪᠠᠷ ᠥᠨᠦᠰᠦᠯᠴᠡᠭ᠍ᠰᠡᠨ ᠭᠡᠷᠡᠭ᠌ ᠪᠠᠢ᠌ᠨ᠎ᠠ

ᠣᠷᠤᠭᠤᠯ ᠣᠷᠤᠭᠤᠯ ᠳᠡᠭᠡᠷ᠎ᠡ ᠭᠦᠷᠭᠦ ᠶᠢᠨ ᠡᠷᠡᠨ ᠳᠤ ᠯᠠ

ᠣᠬᠠᠭᠠᠷᠠᠵᠤ ᠮᠡᠳᠡᠷᠡᠭ᠍ᠰᠡᠨ ᠶᠤᠮ ᠡ︕ ᠠᠯᠢᠪᠠ ᠪᠠᠨ

ᠢᠩᠭᠢᠵᠤ ᠯᠠ ᠳᠤᠮᠤᠭᠠᠵᠠᠳᠠᠭ ᠵᠠᠯᠠᠭᠤ ᠨᠠᠰᠤ ᠪᠠᠢ᠌ᠳᠠᠭ ᠪᠣᠯᠬᠤᠷ

ᠡᠷᠭᠢᠵᠤ ᠬᠠᠷᠠᠭᠠᠤᠨ ᠵᠠᠯᠠᠭᠤ ᠨᠠᠰᠤ ᠮᠢᠨᠢ ᠪᠠᠶᠠᠷᠳᠠᠢ ᠭᠡᠳ

ᠵᠠᠯᠠᠭᠤ ᠨᠠᠰᠤᠨ ᠤ ᠪᠠᠰᠠ ᠨᠢᠭᠡ ᠠᠯᠳᠠᠭ᠎ᠠ ᠪᠠᠨ

ᠵᠠᠯᠠᠷᠠᠭᠤᠯᠵᠤ ᠠᠪᠬᠤ ᠳᠤ ᠪᠢᠳᠠ ᠳᠤᠮᠤᠭᠠᠵᠢᠴᠢᠬᠠᠭᠰᠠᠨ ᠪᠠᠢ᠌ᠳᠠᠭ ᠶᠤᠮ ᠡ︕


ᠵᠤᠬᠢᠶᠠᠭᠴᠢ ᠶᠢᠨ ᠬᠠᠶ‍ᠢᠭ ᠄ ᠪᠠᠭᠰᠢ ᠶᠢᠨ ᠶᠡᠭᠡ ᠰᠤᠷᠭᠠᠭᠤᠯᠢ

ᠵᠤᠬᠢᠶᠠᠭᠴᠢ᠄ ᠰᠠᠳᠭᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1624
ᠴᠠᠭ᠄ 2010 ᠤᠨ ᠤ 09 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁