ᠬᠤᠨᠢᠨ ᠳᠠᠪᠠᠯ ᠲᠡᠶ ᠪᠣᠷᠤ ᠦᠬᠢᠨ

ᠬᠤᠩᠭ᠋ᠤᠷ ᠨᠠᠰᠤᠨ ᠤ ᠳᠤᠷᠠᠯᠠᠯ ᠳᠤ

ᠬᠤᠪᠢ ᠳᠤ ᠪᠠᠨ ᠭᠡᠭᠦ ᠵᠠᠶᠠᠭ᠎ᠠ ᠦᠭᠡᠶ ᠴᠤ

ᠬᠤᠨᠢᠨ ᠳᠠᠪᠠᠯ ᠲᠡᠶ ᠨᠤᠳᠤᠭ ᠤᠨ ᠦᠬᠢᠨ

ᠪᠣᠳᠤᠯ ᠳᠤ ᠮᠢᠨᠢ ᠨᠢᠭᠤᠴᠠᠬᠠᠨ ᠢᠷᠡᠳᠡᠭ᠌ ᠲᠤ ᠨᠢ

ᠰᠢᠯᠦᠭ᠌ ᠣᠶᠠᠬᠠᠨ ᠶᠢᠡᠷ ᠨᠢ ᠳᠠᠭᠤᠯᠠᠳᠠᠭ ᠶᠤᠮ

ᠵᠦᠷᠴᠢ ᠰᠠᠨᠠᠨ ᠮᠦᠷᠦᠭᠡᠳᠦᠳᠡᠭ᠌ ᠴᠤ ᠶᠤᠮ ︕

ᠣᠯᠠᠭᠠᠨ ᠳᠤᠯᠤᠭᠠᠢ ᠶᠢᠨ ᠠᠷᠤ ᠦᠪᠣᠷ

ᠥᠨᠡ᠊ᠨᠳᠡᠭᠡᠨ ᠪᠢᠳᠠ ᠬᠤᠯᠠ ᠦᠭᠡᠶ

ᠣᠴᠠᠷᠠᠯ ᠤᠨ ᠰᠠᠢ᠌ᠬᠠᠨ ᠢ ᠬᠠᠢ᠌ᠨ᠎ᠠ ᠭᠡᠭᠦ ᠪᠠᠷ

ᠢᠰᠢᠭᠡ ᠶᠢᠨ ᠪᠠᠯᠴᠢᠭᠡᠷ ᠨᠡᠢ᠌ᠯᠡᠭᠦ ᠴᠤ ᠦᠭᠡᠶ

ᠠᠪᠣ ᠶᠢᠨ ᠫᠣᠤ ᠶᠢ ᠡᠭᠦᠷᠴᠤ ᠪᠣᠰᠤᠭᠠᠤᠨ

ᠠᠩ ᠳᠤ ᠶᠠᠪᠣᠨ᠎ᠠ ᠭᠡᠵᠤ ᠭᠠᠷᠳᠠᠭ ᠪᠠᠢ᠌ᠯ᠎ᠠ

ᠠᠷᠤ ᠭᠡᠷ ᠤᠨ ᠪᠠᠷ᠎ᠠ ᠳᠠᠰᠤᠷᠠᠬᠤ ᠳᠤ

ᠴᠢᠨᠤ ᠵᠥᠭ᠌ ᠲᠤ ᠳᠡᠮᠡᠤᠯᠳᠡᠭ᠌ ᠪᠠᠢ᠌ᠯ᠎ᠠ

ᠡᠪᠦᠯ ᠤᠨ ᠬᠤᠪᠴᠠᠰᠤ ᠵᠤᠵᠠᠭᠠᠨ ᠳᠤ ᠪᠠᠨ ᠭᠡᠵᠤ

ᠭᠦᠯᠦᠰᠤ ᠴᠢᠭᠢᠭ᠍ᠳᠡᠭᠦᠯᠤᠨ ᠭᠦᠷᠳᠡᠭ᠌ ᠴᠤ ᠶᠤᠮ

ᠪᠣᠯᠵᠤᠭ᠎ᠠ ᠦᠭᠡᠶ ᠪᠠᠨ ᠮᠠᠷᠳᠠᠴᠢᠬᠠᠵᠤ ᠪᠢ

ᠡᠵᠢ ᠶᠢᠨ ᠭᠢᠨᠢ ᠴᠠᠢ ᠶᠢ ᠣᠭᠤᠴᠢᠯᠠᠳᠠᠭ ᠴᠤ ᠪᠠᠢ᠌ᠯ᠎ᠠ

ᠭᠦᠤ ᠮᠢᠨᠢ ᠶᠠᠭᠤᠨ ᠳᠤ ᠶᠠᠪᠣᠭ᠎ᠠ ᠪᠣᠯ ᠭᠡᠭᠦ

ᠭᠡᠨᠤᠨᠭᠡᠨ ᠠᠰᠠᠭᠤᠯᠳᠠ ᠳᠤ ᠵᠠᠩᠭᠢᠷᠠᠴᠢᠬᠠᠵᠤ ᠪᠢ

ᠢᠰᠢᠭᠡ ᠪᠠᠨ ᠠᠯᠳᠠᠭᠠᠤᠨ ᠠᠷᠪᠠᠭᠠᠤᠨ ᠡᠳᠦᠷ ᠭᠡᠵᠤ ᠁

ᠭᠦᠯᠦᠷᠡᠭ᠍ᠰᠡᠨ ᠶᠢᠡᠨ ᠰᠠ‍‌ᠶᠢ ᠮᠡᠳᠡᠷᠡᠳᠡᠭ᠌ ᠪᠠᠢ᠌ᠯ᠎ᠠ

ᠭᠡᠦᠭᠡᠨ ᠮᠠᠯ ᠳᠤ ᠶᠠᠪᠣᠭᠰᠠᠨ ᠶᠤᠮ

ᠣᠳᠠᠬᠤ ᠦᠭᠡᠶ ᠢᠷᠡᠭᠦ ᠪᠣᠢ ᠭᠡᠴᠢᠭᠡᠳ

ᠠᠨᠢᠷ ᠠᠪᠣᠭ᠎ᠠ ᠦᠭᠡᠶ ᠴᠤ ᠭᠡᠮᠡᠷ

ᠡᠵᠢ ᠨᠢ ᠣᠶᠤᠳᠠᠯ ᠶᠢᠠᠨ ᠡᠷᠭᠢᠭᠦᠯᠵᠤ ᠰᠠᠭᠤᠨ᠎ᠠ

ᠢᠷᠠᠵᠤ ᠪᠣᠯᠳᠠᠭ ᠦᠭᠡᠶ ᠶᠢᠨ ᠵᠤᠪᠠᠯᠠᠩ ᠳᠤ ᠪᠠᠷᠢᠭᠳᠠᠵᠤ

ᠰᠢᠯ ᠴᠤᠩᠬᠤ ᠶᠢ ᠴᠤ ᠠᠵᠢᠵᠤ ᠠᠮᠵᠢᠨ᠎ᠠ

ᠢᠰᠢᠭᠡ ᠬᠠᠢ᠌ᠨ᠎ᠠ ᠭᠡᠵᠤ ᠬᠤᠳᠠᠯ ᠣᠷᠭᠢᠭᠠᠤᠨ

ᠠᠢ᠌ᠯ ᠤᠨ ᠦᠬᠢᠨ ᠢ ᠭᠦᠯᠢᠶᠡᠨ᠎ᠡ ᠭᠡᠳᠡᠭ᠌

ᠭᠠᠩᠵᠠᠢ ᠶᠢᠨ ᠵᠤᠵᠢᠭ ᠣᠴᠢᠷ ᠪᠠᠢ᠌ᠨ᠎ᠠ

ᠭᠠᠷᠴᠤ ᠴᠤ ᠪᠣᠯᠬᠤ ᠦᠭᠡᠶ᠂ ᠰᠠᠭᠤᠵᠤ ᠴᠤ ᠪᠣᠯᠬᠤ ᠦᠭᠡᠶ

ᠬᠠᠴᠠᠷ ᠨᠢᠯᠴᠢᠭᠡᠨᠡᠭᠡᠳ ᠴᠤ ᠭᠡᠴᠡᠭᠦᠤ ᠯᠠ ᠪᠠᠢ᠌ᠨ᠎ᠠ ᠁

ᠡᠭᠦᠳᠡ ᠳᠠᠷᠳ᠋ ᠭᠢᠨ ᠳᠤᠤᠭᠠᠷᠬᠤ ᠪᠠᠷ

ᠣᠬᠤᠰᠭᠢᠨ ᠵᠥᠭᠯᠡᠵᠤ ᠬᠠᠷᠠᠪᠠᠯ

ᠬᠤᠨᠢᠨ ᠣᠭᠴᠤᠷ ᠲᠡᠶ ᠭᠡᠦᠭᠡᠨ ᠬᠠᠷᠢᠨ

ᠳᠠᠠᠳᠠ ᠪᠠᠨ ᠮᠡᠯᠡᠷᠡᠩᠭᠡᠨ ᠵᠤᠭᠰᠤᠬᠤ ᠴᠤ ᠶᠤᠮ

ᠭᠦᠢᠳᠡ ᠳᠠᠭᠠᠪᠣᠷᠢᠯᠠᠭᠰᠠᠨ ᠬᠠᠴᠠᠷ ᠨᠢ

ᠣᠯᠠᠭ᠎ᠠ ᠪᠣᠳᠠᠷᠠᠨ ᠭᠢᠯᠠᠯᠵᠠᠬᠤ ᠴᠤ ᠶᠤᠮ

ᠴᠢ ᠶᠠᠭᠠᠭᠢᠭᠠᠤᠨ ᠢᠷᠡᠳᠡᠭ᠌ ᠴᠢᠨᠢ ᠭᠡᠮᠡᠷ

ᠪᠠᠶ᠎ᠠ ᠪᠠᠨ ᠢᠳᠡᠭᠡᠭᠦ ᠦᠭᠡᠶ ᠴᠢᠩᠨᠠᠬᠤ ᠴᠤ ᠰᠢᠭ

ᠥᠭᠡ ᠶᠠᠷᠢᠬᠤ ᠭᠡᠰᠡᠨ ᠶᠢᠡᠨ ᠨᠢᠭᠡ

ᠣᠷᠤᠭᠤᠯ ᠪᠠᠨ ᠬᠠᠵᠠᠭᠠᠤᠨ ᠵᠤᠭᠰᠤᠬᠤ ᠶᠤᠮ

ᠬᠤᠨᠢᠨ ᠪᠣᠷᠤ ᠨᠢᠳᠤ ᠪᠠᠷ ᠶᠢᠡᠨ

ᠳᠤᠭᠳᠤᠯᠠᠩᠬᠠᠨ ᠵᠢᠷᠦᠭᠡ ᠨᠢ ᠪᠣᠯᠭᠢᠬᠤ ᠴᠤ ᠭᠡᠮᠡᠷ

ᠠᠷᠤ ᠳᠠᠯ᠎ᠠ ᠡᠴᠠ ᠡᠵᠢ ᠨᠢ ᠨᠠᠳᠠ ᠶᠢ

ᠰᠢᠯ ᠳᠡᠭᠡᠭᠦᠷ ᠶᠢᠡᠨ ᠬᠠᠷᠠᠬᠤ ᠴᠤ ᠰᠢᠭ

ᠠᠮᠢᠳᠤ ᠳᠠᠤᠯᠠᠢ ᠡᠪᠦᠷᠯᠡᠪᠡ ᠦᠦ ᠭᠡᠮᠡᠷ

ᠣᠷᠤᠨ ᠡᠴᠠ ᠪᠠᠨ ᠣᠬᠤᠰᠭᠢᠨ ᠪᠣᠰᠤᠭᠰᠠᠨ ᠴᠤ ᠶᠤᠮ

ᠠᠰᠠᠭᠤᠨ᠎ᠠ ᠭᠡᠳᠡᠭ᠌ ᠣᠴᠢᠷ ᠶᠢᠡᠨ ᠪᠢ

ᠠᠷᠤ ᠳᠤ ᠪᠠᠨ ᠭᠡᠳᠥᠢᠨᠢ ᠮᠠᠷᠳᠠᠴᠢᠬᠠᠵᠠᠢ

ᠠᠷᠭ᠎ᠠ ᠠᠭᠠᠰᠢ ᠨᠢ ᠪᠠᠷᠠᠭᠳᠠᠵᠤ

ᠭᠠᠷ ᠶᠢᠡᠨ ᠨᠤᠬᠤᠯᠠᠪᠠᠴᠤ ᠳᠤᠰᠠᠯᠠᠭᠰᠠᠨ ᠦᠭᠡᠶ

ᠮᠠᠨ ᠤ ᠰᠦᠷᠦᠭ᠌ ᠲᠤ ᠢᠰᠢᠭᠡ ᠬᠠᠷᠠᠭᠳᠠᠪᠠ ᠦᠦ ᠭᠡᠵᠤ

ᠡᠵᠢ ᠨᠢ ᠬᠠᠵᠠᠭᠤ ᠡᠴᠠ ᠠᠰᠠᠭᠤᠬᠤ ᠳᠤ ᠬᠠᠷᠢᠨ

ᠢᠰᠢᠭᠡ ᠨᠢ ᠡᠨᠡ ᠪᠠᠢ᠌ᠨ᠎ᠠ ᠭᠡᠮᠡᠷ

ᠢᠴᠢᠩᠭᠦᠢᠷᠡᠨ ᠳᠤᠷᠤᠭᠰᠢ ᠬᠠᠷᠠᠳᠠᠭ ᠶᠤᠮ ᠪᠠᠢ᠌ᠨ᠎ᠠ

ᠣᠷᠳᠤ ᠠᠢ᠌ᠯ ᠪᠠᠷ ᠰᠤᠷᠠᠭᠯᠠᠶ᠎ᠠ ᠭᠡᠵᠤ

ᠡᠭᠦᠳᠡ ᠶᠢ ᠨᠢ ᠣᠷᠭᠢᠭᠠᠤᠨ ᠭᠠᠷᠤᠭᠰᠠᠨ ᠶᠤᠮ

ᠡᠮᠤᠨ᠎ᠡ ᠵᠥᠭ᠌ ᠢ ᠪᠠᠷᠢᠵᠤ

ᠭᠡᠳᠦᠢ ᠶᠠᠪᠣᠭᠰᠠᠨ ᠶᠢᠡᠨ ᠴᠤ ᠮᠡᠳᠡᠭᠡ ᠦᠭᠡᠶ

ᠬᠣᠢ᠌ᠳᠤ ᠵᠥᠭ᠌ ᠤᠨ ᠭᠡᠷ ᠶᠢᠡᠨ ᠪᠢ

ᠭᠡᠨᠡᠳᠭᠡᠨ ᠰᠠᠨᠠᠵᠤ ᠣᠯᠤᠭᠰᠠᠨ ᠶᠤᠮ

ᠠᠢ᠌ᠯ ᠤᠨ ᠵᠡᠭᠦᠨ ᠰᠤᠭᠤᠯ ᠢ ᠳᠠᠭᠠᠵᠤ

ᠠᠩ ᠶᠢᠠᠨ ᠭᠢᠵᠤ ᠪᠣᠴᠠᠭᠰᠠᠨ ᠴᠤ ᠶᠤᠮ ᠁


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠬᠠᠷᠢᠶ᠎ᠠ᠄ ᠰᠢᠯᠦᠭ
ᠳᠠᠷᠤᠮ᠄ 1800
ᠴᠠᠭ᠄ 2011 ᠤᠨ ᠤ 10 ᠰᠠᠷ᠎ᠠ ᠶᠢᠨ 13