ᠲᠦᠮᠡᠨ ᠮᠦᠷᠠᠨ ᠤ ᠭᠦᠪᠠᠭᠡᠨ ᠳᠤ ᠳᠡᠯᠭᠡᠷᠡᠭ᠍ᠰᠡᠨ ᠨᠢᠭᠡᠨ ᠪᠣᠳᠠ ᠰᠤᠷᠭᠤᠭ ᠴᠡᠴᠡᠭ᠌ ᠮᠢᠩᠭ᠋ᠠᠨ ᠠᠭᠤᠯᠠᠨ ᠤ ᠠᠯᠤᠰ ᠡᠴᠠ ᠶᠠᠪᠣᠯᠴᠠᠭᠰᠠᠨ ᠬᠤᠶᠠᠷ ᠰᠠᠭᠤᠷᠢ ᠰᠤᠶᠤᠯ ᠤᠨ ᠥᠯᠦᠭᠡᠢ
᠊᠊᠊᠊᠊᠊᠊᠊᠊᠊᠊᠊᠊᠊᠊ ᠶᠠᠠᠪᠢᠶᠠᠨ ᠣᠷᠤᠨ ᠳᠤ ᠳᠤᠭᠤᠷᠢᠨ ᠰᠤᠷᠤᠯᠴᠠᠭᠰᠠᠨ ᠣᠯᠤᠯᠳᠠ ᠳᠦᠷᠦᠭ᠍ᠳᠡᠯ

ᠠᠯᠳᠠᠨ ᠨᠠᠮᠤᠷ ᠤᠨ ᠠᠷᠪᠠᠨ ᠰᠠᠷ᠎ᠠ ᠶᠢᠨ ᠰᠡᠭᠦᠯᠴᠢ ᠪᠠᠷ᠂ ᠰᠤᠷᠭᠠᠭᠤᠯᠢ ᠡᠴᠠ ᠶᠡᠭᠡ ᠭᠠᠷᠠᠭ ᠤᠨ ᠠᠮᠠᠷᠠᠯᠳᠠ ᠶᠢ ᠲᠤᠬᠢᠶᠠᠯᠳᠤᠭᠤᠯᠤᠨ ᠰᠤᠷᠭᠠᠭᠤᠯᠢ ᠶᠢᠨ ᠳᠠᠳ᠋ ᠵᠠᠭᠢᠷᠤᠯ ᠊᠊᠊᠊᠊᠊᠊᠊᠊᠊᠊᠊᠊᠊᠊ ᠶᠢᠨ ᠯᠢᠶᠠᠩ ᠪᠠᠭᠰᠢ ᠪᠠᠷ ᠳᠤᠯᠤᠭᠠᠢ᠌ᠯᠠᠭᠤᠯᠤᠭᠰᠠᠨ ᠠᠷᠪᠠᠨ ᠨᠠᠷᠠᠰ ᠪᠠᠭᠰᠢ ᠶᠢ ᠬᠤᠯᠪᠣᠭᠠᠰᠤ (ᠠᠬ᠎ᠠ ᠳᠡᠭᠦᠤ) ᠰᠤᠷᠭᠠᠭᠤᠯᠢ ᠪᠣᠯᠬᠤ ᠊᠊᠊᠊᠊᠊᠊᠊᠊᠊᠊᠊᠊᠊᠊ ᠶᠠᠠᠪᠢᠶᠠᠨ ᠶᠡᠭᠡ ᠰᠤᠷᠭᠠᠭᠤᠯᠢ ᠶᠢᠨ ᠪᠠᠭᠰᠢ ᠶᠢᠨ ᠳᠡᠭᠡᠳᠤ ᠰᠤᠷᠭᠠᠭᠤᠯᠢ ᠶᠢᠨ ᠬᠠᠷᠢᠶᠠᠳᠤ ᠪᠠᠭ᠎ᠠ ᠰᠤᠷᠭᠠᠭᠤᠯᠢ ᠳᠤ ᠳᠤᠭᠤᠷᠢᠨ ᠰᠤᠷᠤᠯᠴᠠᠭᠤᠯᠬᠤ ᠪᠠᠷ ᠳᠤᠮᠢᠯᠠᠭᠰᠠᠨ ᠪᠢᠯᠠ᠃ ᠠᠵᠠ ᠪᠠᠷ ᠪᠢ ᠴᠤ ᠡᠨᠡᠭᠦ ᠠᠷᠪᠠᠨ ᠪᠠᠭᠰᠢ ᠶᠢᠨ ᠳᠤᠭᠠᠨ ᠳᠤ ᠪᠠᠭᠳᠠᠭᠳᠠᠨ᠂ ᠠᠩᠭᠢ ᠪᠠ ᠭᠢᠴᠢᠶᠠᠯ ᠶᠢᠡᠨ ᠳᠤᠭᠢᠷᠠᠭᠤᠯᠤᠨ ᠪᠠᠷᠠᠮᠠᠭᠴᠠ ᠠᠯᠤᠰ ᠣᠷᠤᠨ ᠤ ᠬᠤᠯᠪᠣᠭᠠᠰᠤ ᠰᠤᠷᠭᠠᠭᠤᠯᠢ ᠵᠢᠴᠢ ᠰᠤᠯᠤᠩᠭ᠋ᠤᠰ ᠦᠨᠳᠦᠰᠦᠳᠠᠨ ᠤ ᠠᠬ᠎ᠠ ᠳᠡᠭᠦᠤ ᠨᠡᠷ ᠲᠡᠶ ᠣᠴᠠᠷᠠᠨ ᠵᠤᠯᠭᠠᠵᠤ᠂ ᠳᠤᠷᠰᠢᠯᠭ᠎ᠠ ᠰᠤᠷᠭᠠᠮᠵᠢ ᠪᠠᠨ ᠰᠤᠯᠢᠯᠴᠠᠬᠤ ᠭᠦᠰᠡᠯ ᠳᠤ ᠭᠦᠳᠦᠯᠦᠭ᠍ᠳᠡᠨ᠂ ᠭᠦᠷᠴᠢᠭᠢᠨᠡᠨ ᠳᠠᠪᠭᠢᠬᠤ ᠭᠠᠯᠳᠤ ᠳᠡᠷᠭᠡ ᠲᠡᠶ ᠬᠠᠮᠳᠤ ᠭᠡᠭᠦᠳᠡᠭ᠌ ᠤᠨ ᠪᠣᠳᠤᠯ ᠮᠢᠨᠢ ᠣᠷᠤᠭᠰᠢ ᠳᠠᠮᠠᠤᠯᠤᠯ᠎ᠠ᠃

ᠵᠠᠮ ᠳᠤᠷᠰᠢ ᠡᠭᠡ ᠣᠯᠤᠰ ᠤᠨ ᠡᠳᠡᠭᠡᠳ ᠰᠤᠨᠢᠨ ᠠᠭᠤᠯᠠ ᠣᠰᠤ᠂ ᠦᠪᠡᠷ᠎ᠠ ᠨᠤᠳᠤᠭ ᠤᠨ ᠰᠤᠨᠢᠨ ᠬᠠᠴᠢᠨ ᠵᠠᠩ ᠠᠭᠠᠯᠢ ᠶᠢ ᠰᠤᠨᠢᠷᠬᠠᠨ ᠪᠠᠬᠠᠷᠬᠠᠵᠤ ᠶᠠᠪᠣᠭᠰᠠᠨ ᠢ ᠥᠭᠦᠯᠡᠭᠦ ᠣᠴᠢᠷ ᠶᠠᠭᠤᠨ᠃ ᠴᠠᠩᠴᠦ᠋ᠨ ᠬᠤᠳᠠ ᠡᠴᠠ ᠭᠠᠷᠤᠮᠠᠭᠴᠠ ᠴᠠᠩ ᠪᠠᠢ ᠱᠠᠨ ᠨᠢᠷᠤᠭᠤᠨ ᠤ ᠰᠡᠵᠢᠭᠦᠷ ᠪᠣᠯᠬᠤ ᠠᠰᠬ᠎ᠠ ᠦᠨᠳᠦᠷ ᠠᠭᠤᠯᠠ ᠬᠠᠳᠠᠨ ᠤ ᠳᠤᠮᠳᠠᠭᠤᠷ ᠠᠶᠠᠨ ᠤ ᠳᠦᠷᠦᠭᠡ ᠰᠤᠩᠭ᠋ᠠᠨ ᠶᠠᠪᠣᠯ᠎ᠠ᠃ ᠮᠤᠷᠳᠠᠨ ᠭᠠᠷᠤᠭᠰᠠᠨ ᠤ ᠬᠤᠶᠠᠳᠤᠭᠠᠷ ᠡᠳᠦᠷ ᠤᠨ ᠦᠳᠡ ᠶᠢᠨ ᠬᠣᠢ᠌ᠨᠠᠭᠢ ᠬᠤᠶᠠᠷ ᠴᠠᠭ ᠤᠨ ᠠᠯᠳᠠ ᠳᠤ ᠰᠤᠯᠤᠩᠭ᠋ᠤᠰ ᠦᠨᠳᠦᠰᠦᠳᠠᠨ ᠤ ᠥᠪᠠᠷᠳᠡᠭᠡᠨ ᠵᠠᠰᠠᠬᠤ ᠵᠸᠤ ᠶᠢᠨ ᠲᠥᠪ ᠪᠣᠯᠤᠭᠰᠠᠨ ᠶᠠᠠᠵᠢ ᠬᠤᠳᠠ ᠶᠢᠨ ᠭᠠᠯᠳᠤ ᠳᠡᠷᠭᠡᠨ ᠦᠷᠳᠡᠭᠡᠨ ᠳᠤ ᠪᠠᠭᠤᠯ᠎ᠠ᠃ ᠡᠨᠡ ᠦᠶ᠎ᠡ ᠳᠤ ᠬᠤᠯᠪᠣᠭᠠᠰᠤ ᠰᠤᠷᠭᠠᠭᠤᠯᠢ ᠶᠢᠨ ᠭᠢᠨ ᠤ ᠣᠳᠤᠷᠢᠳᠤᠯᠭ᠎ᠠ ᠪᠠᠭᠰᠢᠨᠠᠷ ᠭᠡᠳᠥᠢᠨᠡᠢ ᠦᠷᠳᠡᠭᠡᠨ ᠳᠤ ᠭᠦᠷᠴᠤ ᠢᠷᠠᠨ ᠰᠠᠯᠤᠭᠠᠤᠨ ᠣᠳᠠᠭᠰᠠᠨ ᠳᠦᠷᠤᠯ ᠰᠠᠳᠤᠨ ᠢ ᠪᠠᠨ ᠣᠭᠳᠤᠬᠤ ᠮᠠᠳᠤ ᠮᠠᠨ ᠢ ᠭᠦᠯᠢᠶᠡᠵᠤ ᠪᠠᠢ᠌ᠯ᠎ᠠ᠃

ᠣᠷᠤᠢ ᠶᠢᠨ ᠬᠤᠭᠤᠯᠠᠨ ᠳᠤ ᠳᠠᠠᠳᠠᠭᠢ ᠰᠤᠷᠭᠠᠭᠤᠯᠢ ᠶᠢᠨ ᠣᠳᠤᠷᠢᠳᠤᠯᠭ᠎ᠠ ᠨᠡᠷ ᠤᠨ ᠬᠠᠯᠠᠭᠤᠨ ᠣᠭᠳᠤᠯᠭ᠎ᠠ ᠶᠢ ᠭᠦᠯᠢᠶᠡᠨ ᠠᠪᠣᠯ᠎ᠠ᠃ ᠰᠤᠷᠭᠠᠭᠤᠯᠢ ᠶᠢᠨ ᠵᠠᠭᠢᠷᠤᠯ ᠶᠢᠨ ᠬᠠᠢ ᠯᠢᠶᠠᠨ ᠨᠥᠭᠦᠷ ᠳᠡᠭᠡᠳᠤ ᠱᠠᠳᠤᠨ ᠤ ᠪᠠᠢ᠌ᠴᠠᠭᠠᠬᠤ ᠪᠦᠯᠭᠦᠮ ᠶᠢᠡᠨ ᠮᠤᠷᠳᠠᠭᠤᠯᠤᠮᠠᠭᠴᠠ ᠭᠦᠷᠴᠤ ᠢᠷᠠᠨ ᠮᠠᠨ ᠲᠡᠶ ᠬᠠᠮᠳᠤ ᠵᠤᠭᠤᠭᠳᠠᠨ ᠰᠠᠭᠤᠭᠰᠠᠨ ᠪᠢᠯᠠ᠃ ᠳᠤᠰ ᠣᠷᠤᠢ ᠶᠢᠨ ᠨᠠᠢ᠌ᠷ ᠭᠡᠵᠤ ᠳᠠᠭᠤᠤ ᠲᠡᠶ ᠱᠤᠤ ᠲᠡᠶ᠂ ᠢᠨᠢᠶᠠᠳᠤ ᠲᠡᠶ ᠬᠠᠨᠢᠶᠠᠳᠤ ᠲᠡᠶ ᠪᠠᠢ᠌ᠵᠤ ᠳᠤᠮᠳᠠᠳᠤ ᠣᠯᠤᠰ ᠤᠨ ᠴᠥᠭᠡᠨ ᠳᠤᠭᠠᠳᠤ ᠦᠨᠳᠦᠰᠦᠳᠠᠨ ᠤ ᠳᠤᠳᠤᠷᠠᠭᠢ ᠬᠤᠶᠠᠷ ᠪᠣᠳᠠ ᠰᠤᠷᠭᠤᠭ ᠴᠡᠴᠡᠭ᠌ ᠪᠣᠯᠤᠭᠰᠠᠨ ᠮᠤᠩᠭ᠋ᠤᠯ᠂ ᠰᠤᠯᠤᠩᠭ᠋ᠤᠰ ᠬᠤᠶᠠᠷ ᠦᠨᠳᠦᠰᠦᠳᠠᠨ ᠪᠦᠷ ᠯᠠ ᠠᠰᠪᠣᠷ ᠴᠠᠢ᠌ᠯᠭᠠᠨ᠂ ᠬᠠᠯᠠᠭᠤᠮᠰᠤᠭ ᠰᠡᠳᠭᠢᠯ ᠲᠡᠶ᠂ ᠵᠤᠴᠢᠠᠰᠠᠭ ᠵᠠᠩ ᠲᠡᠶ᠂ ᠳᠠᠭᠤᠤ ᠰᠢᠯᠦᠭ᠌ ᠲᠤ ᠠᠪᠢᠶᠠᠰ ᠲᠡᠶ ᠵᠡᠷᠭᠡ ᠠᠳᠠᠯᠢᠪᠳᠤᠷ ᠳᠠᠯ᠎ᠠ ᠲᠡᠶ ᠪᠠᠢ᠌ᠯ᠎ᠠ᠃ ᠪᠢᠳᠠ ᠬᠠᠷᠢᠯᠴᠠᠨ ᠳᠠᠨᠢᠯᠴᠠᠨ᠂ ᠬᠠᠷᠢᠯᠴᠠᠨ ᠵᠤᠭᠤᠭᠳᠠᠨ᠂ ᠬᠠᠷᠢᠯᠴᠠᠨ ᠥᠭᠡ ᠭᠡᠯᠡ᠂ ᠵᠠᠩ ᠵᠠᠩᠰᠢᠯ ᠶᠢᠡᠨ ᠰᠤᠷᠤᠯᠴᠠᠨ᠂ ᠦᠪᠡᠷ ᠦᠪᠡᠷ ᠤᠨ ᠰᠤᠷᠭᠠᠭᠤᠯᠢ ᠪᠠᠨ ᠳᠦᠭᠦᠮ ᠶᠢᠡᠷ ᠳᠠᠨᠢᠯᠴᠠᠭᠤᠯᠤᠨ᠂ ᠪᠠᠶᠠᠷᠯᠠᠨ ᠭᠦᠭᠡᠷᠴᠤ ᠨᠢᠭᠡ ᠣᠷᠤᠢ ᠶᠢ ᠥᠩᠭᠡᠷᠡᠭᠡᠯ᠎ᠡ᠃ ᠮᠠᠷᠭᠠᠰᠢ ᠨᠢ ᠦᠷᠯᠦᠭᠡ ᠡᠷᠳᠡ ᠡᠴᠡ ᠪᠢᠳᠠ ᠳᠤᠰ ᠬᠠᠷᠢᠶᠠᠳᠤ ᠪᠠᠭ᠎ᠠ ᠰᠤᠷᠭᠠᠭᠤᠯᠢ ᠪᠠᠷ ᠳᠤᠭᠤᠷᠢᠨ ᠰᠤᠷᠤᠯᠴᠠᠬᠤ ᠠᠵᠢᠯ ᠶᠢᠡᠨ ᠡᠭᠢᠯᠡᠭᠦᠯᠦᠭ᠍ᠰᠡᠨ ᠪᠢᠯᠠ᠃ ᠬᠤᠶᠠᠷ ᠡᠳᠦᠷ ᠤᠨ ᠭᠢᠴᠢᠶᠠᠯ ᠰᠤᠨᠤᠰᠬᠤ᠂ ᠶᠠᠷᠢᠯᠴᠠᠬᠤ᠂ ᠪᠠᠢ᠌ᠴᠠᠭᠠᠨ ᠥᠵᠡᠭᠦ᠂ ᠰᠤᠷᠪᠣᠯᠵᠢᠯᠠᠭ᠎ᠠ ᠪᠠᠷ ᠳᠠᠮᠵᠢᠨ ᠪᠢᠳᠠ ᠰᠤᠯᠤᠩᠭ᠋ᠤᠰ ᠦᠨᠳᠦᠰᠦᠳᠠᠨ ᠤ ᠵᠠᠩ ᠵᠠᠩᠰᠢᠯ᠂ ᠴᠥᠭᠡᠨ ᠳᠤᠭᠠᠳᠤ ᠦᠨᠳᠦᠰᠦᠳᠠᠨ ᠤ ᠣᠷᠤᠨ ᠤ ᠰᠤᠷᠭᠠᠭᠤᠯᠢ ᠶᠢᠨ ᠪᠦᠳᠦᠭᠡᠨ ᠪᠠᠢ᠌ᠭᠤᠯᠤᠯᠳᠠ᠂ ᠭᠢᠯᠢ ᠭᠢᠵᠠᠭᠠᠷ ᠣᠷᠤᠨ ᠤ ᠰᠤᠷᠭᠠᠨ ᠭᠦᠮᠦᠵᠢᠯ᠂ ᠳᠦᠷᠤ ᠶᠢᠨ ᠪᠣᠳᠤᠯᠭ᠎ᠠ ᠶᠢᠨ ᠳᠤᠬᠠᠢ ᠡᠳᠦᠢ ᠳᠠᠳᠤᠢ ᠣᠯᠤᠯᠳᠠ ᠳᠦᠷᠦᠭ᠍ᠳᠡᠯ ᠲᠡᠶ ᠪᠣᠯᠤᠭᠰᠠᠨ ᠪᠠᠢ᠌ᠨ᠎ᠠ᠃ ᠳᠠᠷᠠᠭᠠᠨ ᠳ᠋ᠤᠨᠢ ᠪᠢ ᠦᠵᠡᠵᠤ ᠰᠤᠨᠤᠰᠤᠭᠰᠠᠨ ᠶᠢᠡᠨ ᠡᠮᠭᠢᠯᠡᠨ ᠭᠡᠳᠤᠨ ᠵᠤᠷᠪᠣᠰ ᠳᠡᠮᠳᠡᠭᠯᠡᠨ ᠳᠠ ᠣᠯᠠᠨ ᠲᠡᠶ ᠪᠠᠨ ᠠᠶᠠᠨ ᠤ ᠣᠯᠵᠠ᠂ ᠵᠠᠮ ᠤᠨ ᠵᠤᠭ᠎ᠠ ᠪᠣᠯᠭᠠᠵᠤ ᠬᠤᠪᠢᠶᠠᠯᠴᠠᠶ᠎ᠠ᠃

ᠨᠢᠭᠡ ᠄ ᠳᠦᠷᠤ ᠶᠢᠨ ᠪᠣᠳᠤᠯᠭ᠎ᠠ ᠠᠭᠤᠵᠢᠮ ᠰᠠᠷᠠᠭᠤᠯ᠂ ᠦᠨᠳᠦᠰᠦᠳᠠᠨ ᠤ ᠰᠤᠷᠭᠠᠨ ᠭᠦᠮᠦᠵᠢᠯ ᠤᠨ ᠪᠠᠯᠠ ᠣᠷᠤᠭᠤᠯᠤᠯᠳᠠ ᠶᠡᠭᠡ᠂ ᠦᠨᠳᠦᠰᠦᠳᠠᠨ ᠤ ᠰᠤᠷᠭᠠᠨ ᠭᠦᠮᠦᠵᠢᠯ ᠢ ᠭᠦᠡᠳᠦᠳᠭᠡᠨ ᠦᠵᠡᠵᠤ ᠪᠠᠢ᠌ᠨ᠎ᠠ

ᠪᠠᠢ᠌ᠴᠠᠭᠠᠯᠳᠠ ᠶᠢ ᠦᠨᠳᠦᠰᠦᠯᠠᠪᠠᠯ᠂ ᠶᠠᠠᠵᠢ ᠬᠤᠳᠠ ᠳᠤ ᠳᠦᠴᠢᠭᠡᠳ ᠲᠦᠮᠡᠨ ᠡᠯ᠎ᠡ ᠦᠨᠳᠦᠰᠦᠳᠠᠨ ᠤ ᠠᠷᠠᠤᠨ ᠲᠦᠮᠡᠨ ᠠᠵᠤ ᠳᠦᠷᠤᠨ ᠠᠮᠢᠳᠤᠷᠠᠵᠤ᠂ ᠡᠭᠦᠨ ᠳᠤ ᠰᠤᠯᠤᠩᠭ᠋ᠤᠰ ᠦᠨᠳᠦᠰᠦᠳᠠᠨ ᠤ ᠠᠷᠠᠤᠨ ᠲᠦᠮᠡᠨ 60% ᠣᠷᠴᠢᠮ ᠢ ᠡᠵᠡᠯᠡᠨ᠂ ᠪᠠᠷᠤᠭ 25 ᠲᠦᠮᠡᠨ ᠭᠦᠮᠤᠨ ᠠᠮᠠ ᠪᠠᠢ᠌ᠳᠠᠭ᠃ ᠭᠡᠭᠦ ᠳᠤ ᠬᠤᠷᠢᠨ ᠳᠠᠪᠣᠬᠠᠨ ᠲᠦᠮᠡᠨ ᠠᠮᠠᠨ ᠳᠤᠭ᠎ᠠ ᠲᠡᠶ ᠡᠨᠡᠭᠦ ᠵᠢᠵᠢᠭ᠌ ᠬᠤᠳᠠ ᠳᠤ ᠨᠢ᠋ᠮᠠᠨ ᠦᠨᠳᠦᠰᠦᠳᠠᠨ ᠤ ᠪᠠᠭ᠎ᠠ ᠰᠤᠷᠭᠠᠭᠤᠯᠢ ᠲᠡᠶ ᠪᠠᠢ᠌ᠵᠤ (ᠰᠤᠷᠭᠠᠭᠤᠯᠢ ᠪᠦᠷᠢ ᠮᠢᠩᠭ᠎ᠠ ᠢᠯᠡᠭᠦᠤ ᠰᠤᠷᠤᠭᠴᠢ ᠲᠡᠶ)᠂ ᠪᠠᠷᠤᠭ ᠨᠢ᠋ᠮᠠᠨ ᠮᠢᠩᠭ᠋ᠠᠨ ᠬᠡᠦᠬᠡᠳ ᠰᠤᠷᠤᠭᠴᠢ ᠦᠪᠡᠷ ᠤᠨ ᠥᠭᠡ ᠭᠡᠯᠡ ᠪᠠᠷ ᠶᠢᠡᠨ ᠦᠨᠳᠦᠰᠦᠳᠠᠨ ᠤ ᠰᠤᠷᠭᠠᠨ ᠭᠦᠮᠦᠵᠢᠯ ᠭᠦᠷᠳᠡᠵᠤ ᠪᠠᠢ᠌ᠨ᠎ᠠ᠃ ᠪᠦᠭᠦ ᠬᠤᠳᠠ ᠳᠤ ᠳᠠᠪᠢᠭᠠᠤᠨ ᠰᠤᠷᠭᠠᠭᠤᠯᠢ ᠲᠡᠶ ᠪᠠᠢ᠌ᠵᠤ᠂ ᠰᠤᠯᠤᠩᠭ᠋ᠤᠰ ᠦᠨᠳᠦᠰᠦᠳᠠᠨ ᠤ ᠰᠤᠷᠭᠠᠭᠤᠯᠢ ᠬᠠᠭᠠᠰ ᠢ ᠨᠢ ᠡᠵᠡᠯᠡᠵᠤ ᠪᠣᠢ᠃ ᠭᠡᠳᠡᠯ᠎ᠡ ᠮᠤᠩᠭ᠋ᠤᠯ ᠦᠨᠳᠦᠰᠦᠳᠠᠨ ᠤ ᠥᠪᠠᠷᠳᠡᠭᠡᠨ ᠵᠠᠰᠠᠬᠤ ᠣᠷᠤᠨ ᠪᠣᠯᠤᠭᠰᠠᠨ ᠮᠠᠨ ᠤ ᠭᠢᠨ ᠤ ᠬᠤᠰᠢᠭᠤᠨ ᠲᠥᠪ ᠲᠤ ᠨᠢᠭᠡ ᠯᠠ ᠦᠨᠳᠦᠰᠦᠳᠠᠨ ᠤ ᠪᠠᠭ᠎ᠠ ᠰᠤᠷᠭᠠᠭᠤᠯᠢ ᠪᠠ ᠨᠢᠭᠡ ᠯᠠ ᠦᠨᠳᠦᠰᠦᠳᠠᠨ ᠤ ᠳᠤᠮᠳᠠᠳᠤ ᠰᠤᠷᠭᠠᠭᠤᠯᠢ ᠲᠡᠶ ᠪᠠᠢ᠌ᠳᠠᠭ᠃ ᠬᠤᠳᠠ ᠶᠢᠨ ᠲᠥᠪ ᠲᠤ ᠴᠤ ᠮᠦᠨ ᠬᠤᠶᠠᠷᠬᠠᠨ ᠦᠨᠳᠦᠰᠦᠳᠠᠨ ᠤ ᠪᠠᠭ᠎ᠠ ᠰᠤᠷᠭᠠᠭᠤᠯᠢ ᠪᠠ ᠭᠠᠭᠴᠠᠬᠠᠨ ᠦᠨᠳᠦᠰᠦᠳᠠᠨ ᠤ ᠳᠤᠮᠳᠠᠳᠤ ᠰᠤᠷᠭᠠᠭᠤᠯᠢ ᠲᠡᠶ᠃ ᠳᠡᠭᠡᠷᠡᠭᠢ ᠳᠤᠭ᠎ᠠ ᠪᠠᠷᠢᠮᠳᠠ ᠡᠴᠠ ᠦᠵᠡᠪᠠᠯ ᠶᠠᠠᠪᠢᠶᠠᠨ ᠣᠷᠤᠨ ᠤ ᠰᠤᠷᠭᠠᠨ ᠭᠦᠮᠦᠵᠢᠯ ᠤᠨ ᠳᠦᠷᠤ ᠶᠢᠨ ᠪᠣᠳᠤᠯᠭ᠎ᠠ ᠠᠭᠤᠵᠢᠮ ᠰᠠᠷᠠᠭᠤᠯ ᠪᠠᠢ᠌ᠵᠤ᠂ ᠮᠠᠨ ᠤ ᠨᠠᠮ ᠤᠨ ᠦᠨᠳᠦᠰᠦᠳᠠᠨ ᠤ ᠳᠤᠬᠠᠢ ᠳᠦᠷᠤ ᠶᠢᠨ ᠪᠣᠳᠤᠯᠭ᠎ᠠ ᠵᠦᠪ ᠣᠨᠤᠪᠴᠢᠳᠠᠢ ᠭᠡᠷᠡᠭ᠍ᠵᠢᠭᠦᠯᠦᠭ᠍ᠳᠡᠵᠤ ᠪᠠᠢ᠌ᠭ᠎ᠠ ᠨᠢ ᠪᠣᠳᠠᠳᠠᠢ ᠶᠤᠮ ᠪᠠᠢ᠌ᠨ᠎ᠠ᠃

ᠦᠨᠳᠦᠰᠦᠳᠠᠨ ᠤ ᠥᠭᠡ ᠭᠡᠯᠡ ᠦᠰᠦᠭ᠌ ᠪᠢᠴᠢᠭ᠌ ᠤᠨ ᠭᠡᠷᠡᠭᠯᠡᠯᠳᠡ ᠪᠠ ᠰᠦᠯᠵᠢᠶᠠᠵᠢᠯᠳᠠ ᠶᠢ ᠭᠦᠡᠳᠦᠳᠭᠡᠨ ᠴᠢᠬᠤᠯᠠᠴᠢᠯᠠᠵᠤ ᠪᠣᠢ᠃

ᠮᠠᠨ ᠤ ᠭᠢᠨ ᠤ ᠭᠢᠴᠢᠶᠠᠯ ᠤᠨ ᠳᠢᠩᠭᠢᠮ ᠳᠤ ᠡᠳᠦᠢ ᠳᠠᠳᠤᠢ ᠬᠤᠯᠢᠮᠠᠭ ᠭᠡᠯᠡ ᠳᠠᠭᠠᠯᠳᠤᠭᠰᠠᠨ ᠪᠠᠢ᠌ᠳᠠᠭ᠃ ᠵᠠᠷᠢᠮ ᠦᠶᠡᠰ ᠰᠤᠷᠤᠭᠴᠢᠳ ᠮᠠᠨᠢ ᠴᠤ ᠭᠢᠳᠠᠤᠨ ᠥᠭᠡ ᠪᠠᠷ ᠳᠠᠢ᠌ᠯᠪᠣᠷᠢᠯᠠᠬᠤ ᠦᠭᠡᠶ ᠪᠣᠯ ᠳᠦᠭᠦᠭᠡᠷᠡᠭᠦ ᠦᠭᠡᠶ ᠭᠡᠮᠵᠢᠶᠡᠨ ᠳᠤ ᠭᠦᠷᠦᠭ᠍ᠰᠡᠨ ᠪᠠᠢ᠌ᠳᠠᠭ᠃ ᠭᠡᠳᠡᠯ᠎ᠡ ᠪᠢᠳᠠ ᠬᠤᠶᠠᠷ ᠡᠳᠦᠷ ᠤᠨ ᠭᠢᠴᠢᠶᠠᠯ ᠰᠤᠨᠤᠰᠬᠤ ᠶᠠᠪᠣᠴᠠ ᠳᠤ ᠵᠥᠪᠭᠡᠨ ᠭᠢᠳᠠᠤᠨ ᠭᠡᠯᠡᠨ ᠤ ᠭᠢᠴᠢᠶᠠᠯ ᠳᠤ ᠭᠢᠳᠠᠤᠨ ᠥᠭᠡ ᠶᠢ ᠭᠡᠷᠡᠭᠯᠡᠭ᠍ᠰᠡᠨ ᠡᠴᠠ ᠪᠣᠰᠤᠳ ᠪᠦᠷ ᠦᠪᠡᠷ ᠤᠨ ᠦᠨᠳᠦᠰᠦᠳᠠᠨ ᠤ ᠥᠭᠡ ᠭᠡᠯᠡ ᠪᠠᠷ ᠶᠢᠡᠨ ᠭᠢᠴᠢᠶᠠᠯ ᠣᠷᠤᠭᠰᠠᠨ ᠪᠠᠢ᠌ᠨ᠎ᠠ᠃ ᠰᠤᠷᠤᠭᠴᠢᠳ ᠨᠢ ᠴᠤ ᠰᠤᠯᠤᠩᠭ᠋ᠤᠰ᠂ ᠭᠢᠳᠠᠤᠨ ᠬᠤᠶᠠᠷ ᠭᠡᠯᠡ ᠪᠠᠷ ᠣᠷᠤᠰᠤᠮ᠎ᠠ ᠶᠠᠷᠢᠵᠤ᠂ ᠣᠢ᠌ᠯᠠᠭᠠᠵᠤ ᠭᠡᠷᠡᠭᠯᠡᠵᠤ ᠴᠢᠳᠠᠳᠠᠭ ᠨᠢ ᠭᠠᠢ᠌ᠬᠠᠯᠳᠠᠢ᠃ ᠪᠢᠳᠠ ᠶᠠᠷᠢᠯᠴᠠᠭᠠᠨ ᠤ ᠳᠤᠮᠳᠠ ᠭᠢᠴᠢᠶᠠᠯ ᠤᠨ ᠨᠤᠮ ᠢ ᠳᠠᠭᠠᠭᠰᠠᠨ ᠳᠤᠰᠬᠠᠢ ᠰᠤᠯᠤᠩᠭ᠋ᠤᠰ ᠭᠡᠯᠡᠨ ᠤ ᠺᠦᠤᠷᠰᠸᠸᠢᠷ ᠤᠨ ᠰᠦᠯᠵᠢᠶ᠎ᠠ ᠪᠠᠢ᠌ᠬᠤ ᠶᠢ ᠮᠠᠳᠠᠯ᠎ᠠ᠃ ᠳᠤᠰ ᠰᠦᠯᠵᠢᠶ᠎ᠠ ᠡᠴᠠ ᠪᠠᠭᠰᠢᠨᠠᠷ ᠭᠢᠴᠢᠶᠠᠯ ᠤᠨ ᠳᠢᠩᠭᠢᠮ ᠳᠤ ᠭᠡᠷᠡᠭᠯᠡᠭᠦ ᠺᠦᠤᠷᠰᠸᠸᠢᠷ ᠶᠢᠡᠨ ᠰᠢᠭᠤᠳ ᠪᠠᠭᠤᠯᠭᠠᠨ ᠠᠪᠴᠤ ᠵᠠᠷᠤᠵᠤ ᠪᠠᠢ᠌ᠳᠠᠭ᠃ ᠡᠨᠡ ᠨᠢ ᠳᠤᠤᠷ ᠰᠦᠯᠵᠢᠶ᠎ᠠ ᠪᠠ ᠰᠢᠨ᠎ᠡ ᠮᠡᠷᠭᠡᠵᠢᠯ ᠤᠨ ᠣᠢ᠌ᠯᠠᠳᠤᠯ ᠢ ᠰᠤᠷᠭᠠᠨ ᠭᠦᠮᠦᠵᠢᠯ ᠳᠤ ᠠᠰᠢᠭᠯᠠᠵᠤ ᠪᠠᠢ᠌ᠭ᠎ᠠ ᠶᠢᠨ ᠢᠯᠠᠷᠠᠯ ᠪᠣᠯᠤᠨ᠎ᠠ᠃

ᠰᠤᠷᠭᠠᠭᠤᠯᠢ ᠶᠢᠨ ᠬᠠᠳᠠᠭᠤ ᠳᠤᠨᠤᠭ ᠤᠨ ᠪᠦᠳᠦᠭᠡᠨ ᠪᠠᠢ᠌ᠭᠤᠯᠤᠯᠳᠠ ᠪᠦᠷᠢᠨ ᠳᠦᠭᠦᠷ᠃

ᠮᠠᠨ ᠤ ᠣᠴᠢᠭᠰᠠᠨ ᠬᠠᠷᠢᠶᠠᠳᠤ ᠪᠠᠭ᠎ᠠ ᠰᠤᠷᠭᠠᠭᠤᠯᠢ ᠶᠢᠨ ᠭᠢᠨ ᠰᠤᠷᠭᠠᠭᠤᠯᠢ ᠶᠢᠨ ᠳᠤᠨᠤᠭ ᠳᠦᠭᠦᠭᠡᠷᠦᠮᠵᠢ ᠪᠦᠷᠢᠨ ᠳᠦᠭᠦᠷ᠂ ᠣᠳᠤᠭᠢᠴᠢᠯᠠᠭᠰᠠᠨ ᠮᠠᠶ‍ᠢᠭ ᠤᠨ ᠪᠠᠢ᠌ᠵᠤ᠂ ᠪᠠᠭᠰᠢ ᠰᠤᠷᠤᠭᠴᠢ ᠶᠢᠨ ᠭᠡᠷᠡᠭ᠍ᠴᠡᠭᠡ ᠪᠠ ᠡᠷᠡᠭᠦᠯ ᠮᠠᠠᠳᠤ ᠳᠤ ᠵᠤᠭᠢᠴᠠᠭᠤᠯᠤᠨ ᠣᠯᠠᠨ ᠵᠣᠢ᠌ᠯ ᠤᠨ ᠠᠰᠢᠭᠳᠠᠢ ᠨᠥᠭᠦᠴᠡᠯ ᠪᠦᠷᠢᠯᠳᠦᠭᠦᠯᠤᠨ ᠦᠭ‍ᠭᠦᠭ᠍ᠰᠡᠨ ᠪᠠᠢ᠌ᠨ᠎ᠠ᠃ ᠪᠣᠳᠠᠳᠠᠢ ᠳᠤᠷᠠᠳᠪᠠᠯ᠄ ᠰᠤᠷᠭᠠᠭᠤᠯᠢ ᠳᠠᠭᠠᠨ ᠺᠤᠮᠫᠢᠦ᠋ᠲ᠋ᠧᠷ ᠤᠨ ᠳᠠᠰᠤᠭ᠂ ᠭᠦᠭ᠍ᠵᠢᠮ ᠤᠨ ᠳᠠᠰᠤᠭ᠂ ᠳᠤᠷᠰᠢᠯᠳᠠ ᠶᠢᠨ ᠳᠠᠰᠤᠭ᠂ ᠣᠩᠰᠢᠯᠭ᠎ᠠ ᠶᠢᠨ ᠳᠠᠰᠤᠭ᠂ ᠰᠠᠳᠭᠢᠴᠠ ᠶᠢᠨ ᠡᠷᠡᠭᠦᠯ ᠮᠠᠠᠳᠤ ᠶᠢᠨ ᠳᠠᠰᠤᠭ᠂ ᠡᠯᠡᠰᠤᠨ ᠨᠠᠭᠠᠳᠤᠮ ᠤᠨ ᠭᠠᠵᠠᠷ ᠵᠡᠷᠭᠡ ᠳᠤᠰᠬᠠᠢ ᠭᠡᠷ ᠪᠠᠢ᠌ᠬᠤ ᠡᠴᠠ ᠭᠠᠳᠠᠨ᠎ᠠ᠂ ᠣᠠᠴᠠᠭᠠᠢ᠌ᠯᠠᠨ ᠳᠤᠷᠠᠳᠤᠭᠤᠰᠢᠳᠠᠢ ᠨᠢ ᠪᠠᠭᠰᠢ ᠶᠢᠨ ᠪᠠᠶ᠎ᠠ ᠪᠣᠯᠪᠠᠰᠤᠷᠠᠬᠤ ᠳᠠᠰᠤᠭ᠂ ᠣᠭᠢᠶᠠᠯᠭ᠎ᠠ ᠶᠢᠨ ᠳᠠᠰᠤᠭ᠂ ᠪᠠᠭᠰᠢ ᠶᠢᠨ ᠦᠳᠡ ᠳᠤ ᠠᠮᠠᠷᠠᠬᠤ ᠭᠠᠵᠠᠷ ᠲᠡᠶ ᠪᠠᠢ᠌ᠵᠤ᠂ ᠪᠠᠭᠰᠢ ᠶᠢᠨ ᠪᠠᠶ᠎ᠠ ᠪᠣᠯᠪᠠᠰᠤᠷᠠᠬᠤ ᠳᠠᠰᠤᠭ ᠲᠠᠭᠠᠨ ᠫᠢᠩᠫᠣᠩ ᠪᠦᠮᠪᠦᠭᠡ ᠶᠢᠨ ᠳᠠᠢ᠌ᠰᠠ᠂ ᠭᠦᠶ‍ᠦᠯᠳᠡ ᠶᠢᠨ ᠮᠠᠰᠢᠨ ᠵᠡᠷᠭᠡ ᠣᠯᠠᠨ ᠠᠷᠪᠢᠨ ᠣᠯᠠᠮᠵᠢᠯᠠᠯᠳᠤ ᠪᠠ ᠰᠢᠨ᠎ᠡ ᠮᠠᠶ‍ᠢᠭ ᠤᠨ ᠪᠠᠶ᠎ᠠ ᠪᠣᠯᠪᠠᠰᠤᠷᠠᠬᠤ ᠪᠠᠭᠠᠵᠢ ᠭᠡᠷᠡᠭ᠍ᠰᠡᠯ ᠢ ᠪᠦᠷᠢᠯᠳᠦᠭᠦᠯᠤᠨ ᠦᠭ‍ᠭᠦᠭ᠍ᠰᠡᠨ ᠪᠠᠢ᠌ᠨ᠎ᠠ᠃ ᠪᠠᠭᠰᠢ ᠶᠢᠨ ᠠᠵᠢᠯᠯᠠᠬᠤ ᠭᠡᠷ ᠲᠤ ᠪᠠᠭᠰᠢ ᠪᠦᠷᠢ ᠳᠤ ᠪᠦᠷ ᠺᠤᠮᠫᠢᠦ᠋ᠲ᠋ᠧᠷ ᠳᠤᠭᠢᠷᠠᠭᠤᠯᠤᠨ ᠥᠭ᠍ᠴᠤ ᠰᠤᠷᠤᠯᠴᠠᠬᠤ ᠪᠠ ᠠᠵᠢᠯᠯᠠᠬᠤ ᠳᠤ ᠳᠤᠭᠢᠳᠠᠢ ᠳᠦᠭᠦᠮ ᠨᠥᠭᠦᠴᠡᠯ ᠪᠦᠷᠢᠯᠳᠦᠭᠦᠯᠤᠨ ᠦᠭ‍ᠭᠦᠭ᠍ᠰᠡᠨ ᠪᠠᠢ᠌ᠨ᠎ᠠ᠃

ᠠᠩᠭᠢ ᠶᠢᠨ ᠭᠡᠷ ᠨᠢ ᠮᠦᠨ ᠴᠤ ᠳᠤᠭᠢᠯᠢᠭ ᠰᠠᠢ᠌ᠬᠠᠨ ᠪᠠᠢ᠌ᠵᠤ᠂ ᠠᠩᠭᠢ ᠪᠦᠷᠢ ᠳᠤ ᠳᠤᠮᠤ ᠳᠡᠯᠭᠡᠴᠡᠳᠤ ᠳᠸᠯᠸᠢᠰ᠂ ᠺᠤᠮᠫᠢᠦ᠋ᠲ᠋ᠧᠷ᠂ ᠪᠣᠳᠤᠭᠳᠤ ᠳᠠᠷᠤᠮᠠᠯᠯᠠᠬᠤ ᠮᠠᠰᠢᠨ᠂ ᠳᠤᠰᠬᠠᠭᠤᠷ ᠮᠠᠰᠢᠨ᠂ ᠮᠠᠲ᠋ᠸᠷᠢᠶᠠᠯ ᠬᠠᠳᠠᠭᠠᠯᠠᠳᠠᠭ ᠳᠤᠮᠤ ᠠᠪᠳᠠᠷ᠎ᠠ ᠵᠢᠴᠢ ᠰᠤᠷᠤᠭᠴᠢ ᠪᠦᠷᠢ ᠳᠤ ᠨᠤᠮ ᠪᠠ ᠳᠠᠪᠳᠠᠷ ᠭᠢᠭᠦ ᠳᠤ ᠭᠡᠷᠡᠭᠯᠡᠭᠦ ᠵᠢᠵᠢᠭ᠌ ᠠᠪᠳᠠᠷ᠎ᠠ ᠶᠢ ᠪᠦᠷᠢᠯᠳᠦᠭᠦᠯᠤᠨ ᠦᠭ‍ᠭᠦᠭ᠍ᠰᠡᠨ ᠶᠢᠡᠷ ᠪᠠᠷᠠᠬᠤ ᠦᠭᠡᠶ ᠬᠠᠯᠠᠭᠤᠨ ᠴᠠᠭ ᠭᠡᠷᠡᠭᠯᠡᠭᠦ ᠰᠠᠯᠭᠢᠨ ᠰᠠᠩᠰᠠ ᠶᠢ ᠴᠤ ᠣᠭᠰᠠᠷᠠᠨ ᠦᠭ‍ᠭᠦᠭ᠍ᠰᠡᠨ ᠪᠠᠢ᠌ᠯ᠎ᠠ᠃

ᠳᠤᠰ ᠰᠤᠷᠭᠠᠭᠤᠯᠢ ᠶᠢᠨ ᠭᠢᠴᠢᠶᠠᠯ ᠰᠠᠳᠤᠪ ᠤᠨ ᠰᠤᠳᠤᠯᠭᠠᠨ ᠤ ᠠᠵᠢᠯ ᠢ ᠬᠠᠷᠢᠭᠤᠴᠠᠵᠤ ᠪᠠᠢ᠌ᠭ᠎ᠠ ᠯᠢ ᠡᠷᠭᠢᠯᠡᠭ᠍ᠴᠢ ᠶᠢᠨ ᠳᠠᠨᠢᠯᠴᠠᠭᠤᠯᠬᠤ ᠪᠠᠷ᠂ ᠳᠤᠰ ᠰᠤᠷᠭᠠᠭᠤᠯᠢ ᠶᠢᠨ ᠪᠠᠭᠠᠵᠢ ᠭᠡᠷᠡᠭ᠍ᠰᠡᠯ᠂ ᠳᠤᠨᠤᠭ ᠳᠦᠭᠦᠭᠡᠷᠦᠮᠵᠢ ᠮᠦᠨ ᠴᠤ ᠪᠣᠰᠤᠳ ᠰᠤᠷᠭᠠᠭᠤᠯᠢ ᠡᠴᠠ ᠪᠠᠨ ᠪᠠᠰᠠ ᠪᠠᠬᠠᠨ ᠬᠤᠴᠤᠷᠴᠤ ᠪᠠᠢ᠌ᠨ᠎ᠠ ᠭᠡᠨ᠎ᠡ᠃ ᠳᠡᠭᠡᠷᠡᠭᠢ ᠵᠢᠱᠢᠶ᠎ᠠ ᠡᠴᠠ ᠶᠠᠠᠪᠢᠶᠠᠨ ᠣᠷᠤᠨ ᠤ ᠨᠠᠮ ᠵᠠᠰᠠᠭ ᠤᠨ ᠭᠢᠨ ᠦᠨᠳᠦᠰᠦᠳᠠᠨ ᠤ ᠰᠤᠷᠭᠠᠨ ᠭᠦᠮᠦᠵᠢᠯ ᠢ ᠭᠦᠡᠳᠦᠳᠭᠡᠨ ᠦᠵᠡᠵᠤ ᠪᠠᠯᠠ ᠣᠷᠤᠭᠤᠯᠤᠯᠳᠠ ᠪᠠᠨ ᠶᠡᠭᠡᠰᠭᠡᠵᠤ ᠪᠠᠢ᠌ᠭ᠎ᠠ ᠶᠢ ᠣᠯᠵᠤ ᠬᠠᠷᠠᠵᠤ ᠪᠣᠯᠬᠤ ᠰᠢᠭ᠃

ᠬᠤᠶᠠᠷ᠄ ᠵᠢᠭᠠᠨ ᠰᠤᠷᠭᠠᠯᠳᠠ ᠶᠢᠨ ᠥᠭᠡᠷᠡᠴᠢᠯᠡᠯᠳᠡ ᠶᠢ ᠠᠭᠢᠭᠤᠯᠤᠨ᠂ ᠰᠢᠨ᠎ᠡ ᠵᠢᠭᠠᠨ ᠰᠤᠷᠭᠠᠬᠤ ᠠᠷᠭ᠎ᠠ ᠠᠪᠴᠢᠯ ᠢ ᠭᠡᠷᠡᠭ᠍ᠵᠢᠭᠦᠯᠵᠤ ᠪᠠᠢ᠌ᠨ᠎ᠠ

ᠵᠢᠭᠠᠨ ᠰᠤᠷᠭᠠᠯᠳᠠ ᠶᠢᠨ ᠠᠷᠭ᠎ᠠ ᠠᠪᠴᠢᠯ ᠵᠢᠴᠢ ᠥᠭᠡᠷᠡᠴᠢᠯᠡᠯᠳᠡ ᠶᠢᠨ ᠳᠤᠬᠠᠢ ᠪᠢᠳᠠ ᠠᠩᠭᠢ ᠳᠤ ᠭᠢᠴᠢᠶᠠᠯ ᠰᠤᠨᠤᠰᠬᠤ ᠪᠠ ᠪᠠᠭᠰᠢ ᠨᠡᠷ ᠲᠡᠶ ᠶᠠᠷᠢᠯᠴᠠᠬᠤ ᠪᠠᠷ ᠳᠠᠮᠵᠢᠨ ᠣᠢ᠌ᠯᠠᠭᠠᠭᠰᠠᠨ ᠪᠠᠢ᠌ᠨ᠎ᠠ᠃ ᠬᠠᠷᠢᠶᠠᠳᠤ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠳᠠ ᠨᠢ ᠳᠤᠤᠷᠠᠭᠢ ᠮᠠᠳᠤ ᠭᠡᠳᠤᠨ ᠳᠠᠯ᠎ᠠ ᠪᠠᠷ ᠣᠠᠴᠠᠯᠢᠭᠳᠠᠵᠤ ᠪᠣᠢ᠃

ᠰᠤᠷᠤᠭᠴᠢᠳ ᠤᠨ ᠪᠠᠶ᠎ᠠ ᠪᠠᠨ ᠳᠠᠭᠠᠭᠠᠨ ᠰᠤᠷᠤᠯᠴᠠᠬᠤ ᠴᠢᠳᠠᠪᠣᠷᠢ ᠨᠠᠯᠢᠶᠠᠤᠨ ᠦᠨᠳᠦᠷ᠃ ᠪᠠᠭᠰᠢ ᠨᠡᠷ ᠴᠤ ᠡᠨᠡᠭᠦ ᠴᠢᠳᠠᠪᠣᠷᠢ ᠶᠢ ᠭᠦᠮᠦᠵᠢᠭᠦᠯᠭᠦ ᠶᠢ ᠠᠩᠬᠠᠷᠤᠨ ᠳᠠᠰᠬᠠᠯ ᠳᠠᠭᠠᠭᠠᠯᠭᠠᠪᠣᠷᠢ ᠪᠠᠨ ᠴᠤ ᠪᠠᠶ᠎ᠠ ᠪᠠᠨ ᠳᠠᠭᠠᠭᠠᠨ ᠰᠤᠷᠤᠯᠴᠠᠬᠤ ᠭᠡᠯᠪᠠᠷᠢ ᠪᠠᠷ ᠥᠯᠡᠳᠡᠭᠡᠭ᠍ᠰᠡᠨ ᠪᠠᠢ᠌ᠳᠠᠭ᠃ ᠰᠤᠷᠭᠠᠭᠤᠯᠢ ᠴᠤ ᠡᠨᠡᠭᠦ ᠳᠠᠯ᠎ᠠ ᠶᠢᠨ ᠳᠤᠰᠬᠠᠢ ᠴᠠᠭ ᠭᠠᠷᠭᠠᠨ ᠭᠢᠴᠢᠶᠠᠯ ᠡᠭᠢᠯᠡᠭᠦ ᠬᠤᠩᠬᠤ ᠶᠢ ᠬᠤᠶᠠᠷ ᠣᠳᠠᠭ᠎ᠠ ᠪᠠᠷ ᠳᠤᠭᠢᠷᠠᠭᠤᠯᠤᠭᠰᠠᠨ ᠪᠠᠢ᠌ᠳᠠᠭ᠃ ᠨᠢᠭᠡᠳᠦᠭᠡᠷ ᠬᠤᠩᠬᠤ ᠨᠢ ᠪᠡᠯᠡᠳᠭᠡᠯ ᠬᠤᠩᠬᠤ ᠊᠊᠊᠊᠊᠊᠊᠊᠊᠊᠊᠊᠊᠊᠊ ᠭᠢᠴᠢᠶᠠᠯ ᠡᠴᠠ ᠡᠮᠦᠨ᠎ᠡ ᠭᠤᠷᠪᠠᠨ ᠮᠢᠨᠦ᠋ᠲ ᠲᠤ ᠳᠤᠤᠭᠠᠷᠴᠤ᠂ ᠬᠤᠶᠠᠳᠤᠭᠠᠷ ᠣᠳᠠᠭᠠᠨ ᠤ ᠬᠤᠩᠬᠤ ᠨᠢ ᠭᠢᠴᠢᠶᠠᠯ ᠡᠭᠢᠯᠡᠭᠦ ᠬᠤᠩᠬᠤ ᠊᠊᠊᠊᠊᠊᠊᠊᠊᠊᠊᠊᠊᠊᠊ ᠭᠢᠴᠢᠶᠠᠯ ᠡᠭᠢᠯᠡᠭᠦ ᠦᠶᠡᠰ ᠨᠠᠮ ᠳᠠᠭᠤ ᠪᠠᠷ ᠣᠶᠠᠩᠭ᠋ᠠᠨ ᠭᠦᠭ᠍ᠵᠢᠮ ᠬᠠᠩᠭᠢᠨᠠᠵᠤ ᠪᠠᠢ᠌ᠳᠠᠭ᠃ ᠡᠨᠡᠭᠦ ᠪᠡᠯᠡᠳᠭᠡᠯ ᠤᠨ ᠭᠤᠷᠪᠠᠨ ᠮᠢᠨᠦ᠋ᠲ ᠲᠤ ᠰᠤᠷᠤᠭᠴᠢᠳ ᠥᠪᠠᠷᠳᠡᠭᠡᠨ ᠪᠠᠶ᠎ᠠ ᠪᠠᠨ ᠳᠠᠭᠠᠭᠠᠨ ᠰᠤᠷᠤᠯᠴᠠᠭᠰᠠᠨ ᠠᠭᠤᠯᠭ᠎ᠠ ᠪᠠᠨ ᠣᠩᠰᠢᠵᠤ᠂ ᠪᠢᠴᠢᠵᠤ᠂ ᠶᠠᠷᠢᠵᠤ ᠪᠦᠷ ᠪᠣᠯᠳᠠᠭ᠃ ᠠᠩᠭᠢ ᠪᠦᠷᠢ ᠳᠤ ᠦᠪᠡᠷ ᠢ ᠪᠠᠨ ᠢᠯᠡᠷᠡᠭᠦᠯᠭᠦ ᠰᠠᠮᠪᠠᠷ᠎ᠠ ᠲᠡᠶ᠃ ᠡᠨᠡᠭᠦ ᠰᠠᠮᠪᠠᠷ᠎ᠠ ᠶᠢ ᠬᠠᠵᠠᠭᠤ ᠶᠢᠨ ᠬᠠᠨ᠎ᠠ ᠳᠤ ᠰᠤᠷᠤᠭᠴᠢ ᠶᠢᠨ ᠪᠠᠶ᠎ᠠ ᠭᠦᠷᠭᠦᠢᠴᠡ ᠭᠠᠵᠠᠷ ᠡᠯᠭᠦᠵᠤ ᠪᠠᠢ᠌ᠳᠠᠭ᠃ ᠰᠤᠷᠤᠭᠴᠢᠳ ᠭᠢᠴᠢᠶᠠᠯ ᠡᠭᠢᠯᠡᠭᠦ ᠡᠴᠠ ᠡᠮᠤᠨ᠎ᠡ ᠦᠪᠡᠷ ᠤᠨ ᠪᠠᠶ᠎ᠠ ᠪᠠᠨ ᠳᠠᠭᠠᠭᠠᠨ ᠰᠤᠷᠤᠭᠰᠠᠨ ᠠᠭᠤᠯᠭ᠎ᠠ ᠪᠠᠨ ᠪᠢᠴᠢᠵᠤ ᠪᠣᠯᠳᠠᠭ᠃ ᠪᠢᠴᠢᠭᠦ ᠠᠭᠤᠯᠭ᠎ᠠ ᠳᠤ ᠬᠤᠯᠪᠣᠭ᠎ᠠ ᠥᠭᠡ᠂ ᠥᠭᠦᠯᠡᠪᠦᠷᠢ᠂ ᠭᠡᠰᠡᠭᠯᠡᠯ᠂ ᠣᠢ᠌ᠯᠠᠭᠠᠯᠳᠠ ᠳᠦᠷᠦᠭ᠍ᠳᠡᠯ᠁ ᠵᠡᠷᠭᠡ ᠪᠦᠷ ᠪᠠᠢ᠌ᠵᠤ ᠪᠣᠯᠳᠠᠭ᠃

ᠠᠩᠭᠢ ᠪᠦᠷᠢ ᠳᠤ ᠳᠤᠰᠬᠠᠢ ᠨᠤᠮ ᠤᠨ ᠪᠣᠯᠤᠩ ᠪᠠ ᠬᠤᠪᠢ ᠭᠦᠮᠤᠨ ᠤ ᠵᠢᠵᠢᠭ᠌ ᠠᠪᠳᠠᠷ᠎ᠠ ᠲᠡᠶ᠃ ᠳᠤᠰ ᠪᠣᠯᠤᠩ ᠳᠠᠭᠠᠨ ᠵᠤᠬᠢᠶᠠᠯ ᠤᠨ ᠨᠤᠮ᠂ ᠳᠤᠮᠤᠭ ᠥᠯᠢᠭᠡᠷ᠂ ᠬᠡᠦᠬᠡᠳ ᠤᠨ ᠥᠯᠢᠭᠡᠷ ᠵᠡᠷᠭᠡ ᠣᠯᠠᠨ ᠰᠢᠲ᠋ᠢᠯᠢ ᠶᠢᠨ ᠨᠤᠮ ᠵᠤᠬᠢᠶᠠᠯ ᠳᠠᠯᠪᠢᠭᠠᠰᠤᠳᠠᠢ ᠪᠠᠢ᠌ᠵᠤ᠂ ᠰᠤᠷᠤᠭᠴᠢᠳ ᠤᠨ ᠶᠠᠷᠤ ᠶᠢᠨ ᠴᠠᠭ ᠤᠨ ᠰᠤᠷᠤᠯᠴᠠᠯᠭ᠎ᠠ ᠳᠤ ᠨᠥᠭᠦᠴᠡᠯ ᠪᠦᠷᠢᠯᠳᠦᠭᠦᠯᠤᠨ ᠦᠭ‍ᠭᠦᠭ᠍ᠰᠡᠨ ᠪᠠᠢ᠌ᠨ᠎ᠠ᠃ ᠮᠠᠨ ᠤ ᠣᠷᠤᠨ ᠤ ᠰᠤᠷᠤᠭᠴᠢᠳ ᠤᠨ ᠰᠢᠷᠡᠭᠡᠨ ᠳᠡᠭᠡᠷ᠎ᠡ ᠡᠯ᠎ᠡ ᠳᠦᠷᠤᠯ ᠤᠨ ᠨᠤᠮ ᠳᠠᠪᠳᠠᠷ ᠵᠡᠷᠭᠡᠯᠡᠨ ᠣᠪᠣᠭᠠᠯᠠᠵᠤ᠂ ᠡᠨᠡ ᠨᠢ ᠰᠢᠮᠳᠠᠨ ᠰᠤᠷᠤᠯᠴᠠᠵᠤ ᠪᠠᠢ᠌ᠭ᠎ᠠ ᠪᠣᠶᠤ ᠣᠯᠠᠨ ᠳᠦᠷᠤᠯ ᠤᠨ ᠰᠠᠳᠤᠪ ᠮᠠᠲ᠋ᠸᠷᠢᠶᠠᠯ ᠣᠷᠤᠯᠳᠤᠵᠤ ᠪᠠᠢ᠌ᠭ᠎ᠠ ᠶᠢᠨ ᠪᠠᠯᠭᠡ ᠳᠡᠮᠳᠡᠭ᠌ ᠪᠣᠯᠤᠭᠰᠠᠨ ᠪᠠᠢ᠌ᠳᠠᠭ᠃ ᠰᠤᠷᠤᠭᠴᠢᠳ ᠮᠦᠨ ᠴᠤ ᠬᠤᠪᠴᠠᠰᠤ ᠬᠤᠨᠠᠷ ᠶᠢᠡᠨ ᠰᠠᠠᠳᠠᠯᠢ ᠶᠢᠨ ᠳᠦᠰᠢᠯᠭᠡ ᠳᠤ ᠡᠯᠭᠦᠵᠤ ᠠᠪᠴᠤ ᠡᠮᠦᠰᠭᠦ ᠳᠤ ᠳᠦᠭᠦᠮ ᠪᠣᠯᠭᠠᠭᠰᠠᠨ ᠪᠠᠢ᠌ᠳᠠᠭ᠃ ᠭᠡᠳᠡᠯ᠎ᠡ ᠬᠠᠷᠢᠶᠠᠳᠤ ᠪᠠᠭ᠎ᠠ ᠰᠤᠷᠭᠠᠭᠤᠯᠢ ᠶᠢᠨ ᠭᠢᠨᠢ ᠰᠢᠷᠡᠭᠡᠨ ᠳᠡᠭᠡᠷ᠎ᠡ ᠨᠤᠮ ᠳᠠᠪᠳᠠᠷ᠂ ᠰᠠᠠᠳᠠᠯᠢ ᠳᠡᠭᠡᠷ᠎ᠡ ᠬᠤᠪᠴᠠᠰᠤ ᠬᠤᠨᠠᠷ ᠭᠡᠵᠤ ᠨᠢᠭᠡᠴᠤ ᠬᠠᠷᠠᠭᠳᠠᠬᠤ ᠦᠭᠡᠶ᠂ ᠬᠠᠷᠢᠨ ᠠᠷᠤ ᠳᠠᠯ᠎ᠠ ᠳᠤ ᠪᠠᠢ᠌ᠭ᠎ᠠ ᠳᠤᠰ ᠳᠤᠰ ᠤᠨ ᠬᠤᠪᠢ ᠭᠦᠮᠤᠨ ᠤ ᠵᠢᠵᠢᠭ᠌ ᠠᠪᠳᠠᠷ᠎ᠠ ᠳᠠᠭᠠᠨ ᠳᠠᠷᠢ ᠳᠡᠭ᠍ᠰᠢ ᠭᠢᠵᠤ ᠣᠨᠢᠰᠤᠯᠠᠭᠰᠠᠨ ᠪᠠᠢ᠌ᠳᠠᠭ᠃ ᠶᠠᠮᠠᠷ ᠭᠢᠴᠢᠶᠠᠯ ᠣᠷᠤᠬᠤ ᠭᠡᠪᠠᠯ ᠶᠠᠮᠠᠷ ᠨᠤᠮ ᠶᠢᠡᠨ ᠬᠤᠷᠭᠤ ᠡᠴᠠ ᠪᠠᠨ ᠣᠴᠢᠵᠤ ᠠᠪᠴᠢᠷᠠᠳᠠᠭ᠃ ᠡᠨᠡᠭᠦ ᠳᠤᠭᠢᠷᠠᠭᠤᠯᠤᠯᠳᠠ ᠨᠢ ᠳᠠᠷᠢ ᠳᠡᠭ᠍ᠰᠢ ᠭᠤᠸ᠎ᠠ ᠰᠠᠢ᠌ᠬᠠᠨ ᠤ ᠰᠠᠷᠠᠯᠳᠠ ᠲᠡᠶ ᠪᠦᠭᠡᠳ ᠰᠤᠷᠤᠭᠴᠢ ᠶᠢᠨ ᠰᠤᠷᠤᠯᠴᠠᠯᠭ᠎ᠠ ᠳᠤ ᠡᠮᠭᠢ ᠵᠠᠮᠪᠠᠷᠠᠭ᠎ᠠ ᠲᠡᠶ ᠨᠥᠭᠦᠴᠡᠯ ᠬᠠᠩᠭ᠋ᠠᠵᠤ ᠶᠠᠭ ᠭᠡᠷ ᠲᠤ ᠪᠠᠨ ᠪᠠᠢ᠌ᠭ᠎ᠠ ᠰᠢᠭ ᠳᠦᠷᠦᠭ᠍ᠳᠡᠯ ᠣᠯᠭᠤᠨ᠎ᠠ᠃

ᠡᠳᠦᠷ ᠳᠤᠳᠤᠮ ᠤᠨ ᠠᠵᠢᠯ ᠰᠤᠷᠤᠯᠴᠠᠯᠭ᠎ᠠ ᠶᠢᠨ ᠳᠤᠭᠢᠷᠠᠭᠤᠯᠤᠯᠳᠠ ᠨᠢ ᠦᠪᠡᠷ ᠤᠨ ᠣᠠᠴᠠᠯᠢᠭ ᠪᠠ ᠦᠨᠳᠦᠰᠦᠳᠠᠨ ᠤ ᠣᠠᠴᠠᠯᠢᠭ ᠢ ᠬᠠᠳᠠᠭᠠᠯᠠᠭᠰᠠᠨ ᠪᠠᠢ᠌ᠳᠠᠭ᠃ ᠪᠣᠳᠠᠳᠠᠢ ᠳᠤᠷᠠᠳᠪᠠᠯ᠄ ᠦᠷᠯᠦᠭᠡ ᠪᠦᠷᠢ ᠬᠠᠭᠠᠰ ᠴᠠᠭ ᠤᠨ ᠣᠩᠰᠢᠯᠭ᠎ᠠ ᠲᠡᠶ᠂ ᠡᠨᠡᠭᠦ ᠣᠩᠰᠢᠯᠭ᠎ᠠ ᠶᠢ ᠪᠠᠭᠰᠢᠨᠠᠷ ᠡᠴᠠ ᠵᠢᠯᠤᠭᠤᠳᠤᠨ ᠭᠢᠴᠢᠶᠠᠯ ᠭᠦᠮᠦᠵᠢᠯ ᠤᠨ ᠭᠠᠵᠠᠷ ᠡᠴᠠ ᠬᠠᠷᠢᠭᠤᠴᠠᠨ ᠪᠠᠢ᠌ᠴᠠᠭᠠᠵᠤ ᠪᠠᠢ᠌ᠳᠠᠭ᠃ ᠠᠭᠤᠯᠭ᠎ᠠ ᠨᠢ ᠭᠢᠴᠢᠶᠠᠯ ᠤᠨ ᠭᠠᠳᠠᠨᠠᠭᠢ ᠨᠤᠮ ᠶᠢᠡᠷ ᠭᠤᠤᠯ ᠪᠣᠯᠭᠠᠭᠰᠠᠨ ᠪᠠᠢ᠌ᠳᠠᠭ᠃ ᠬᠠᠭᠠᠰ ᠴᠠᠭ ᠤᠨ ᠣᠩᠰᠢᠯᠭ᠎ᠠ ᠶᠢᠨ ᠳᠠᠷᠠᠭ᠎ᠠ ᠯᠠᠪᠠᠷ ᠳᠡᠭᠡᠷ᠎ᠡ ᠳᠤᠭ ᠭᠠᠷᠬᠤ ᠠᠶᠠᠰ ᠢ ᠭᠦᠭ᠍ᠵᠢᠮᠳᠡᠨ᠎ᠡ᠂ ᠳᠠᠷᠠᠭ᠎ᠠ ᠨᠢ ᠣᠯᠤᠰ ᠤᠨ ᠳᠠᠭᠤᠨ ᠤ ᠠᠶ᠎ᠠ ᠶᠢ ᠭᠦᠭ᠍ᠵᠢᠮᠳᠡᠨ᠎ᠡ᠂ ᠡᠨᠡ ᠦᠶᠡᠰ ᠪᠦᠭᠦ ᠰᠤᠷᠤᠭᠴᠢᠳ ᠪᠣᠰᠴᠤ ᠵᠤᠭᠰᠤᠨ ᠣᠯᠤᠰ ᠤᠨ ᠳᠠᠭᠤᠤ ᠶᠢ ᠲᠠᠭᠠᠨ ᠳᠠᠭᠤᠯᠠᠳᠠᠭ᠃ ᠳᠠᠷᠠᠭ᠎ᠠ ᠨᠢ ᠦᠨᠳᠦᠰᠦᠳᠠᠨ ᠤ ᠭᠡᠯᠡ ᠪᠠᠷ ᠶᠢᠡᠨ ᠰᠤᠯᠤᠩᠭ᠋ᠤᠰ ᠦᠨᠳᠦᠰᠦᠳᠠᠨ ᠤ ᠳᠠᠭᠤᠤ ᠪᠠᠨ ᠬᠠᠮᠳᠤ ᠪᠠᠷ ᠳᠠᠭᠤᠯᠠᠨ᠎ᠠ᠃ ᠡᠨᠡ ᠳᠠᠭᠤᠤ ᠪᠠᠨ ᠳᠤᠭᠳᠠᠭᠰᠠᠨ ᠴᠠᠭ ᠲᠤ ᠰᠤᠯᠢᠵᠤ ᠪᠠᠢ᠌ᠳᠠᠭ ᠭᠡᠨ᠎ᠡ᠃ ᠵᠠᠪᠰᠠᠷᠯᠠᠭ᠎ᠠ ᠶᠢᠨ ᠳᠠᠮᠢᠷ ᠤᠨ ᠭᠢᠴᠢᠶᠠᠯ ᠳᠤ ᠰᠤᠷᠭᠠᠭᠤᠯᠢ ᠶᠢᠨ ᠳᠠᠭᠤᠨ ᠳᠤ ᠪᠡᠯᠡᠳᠭᠡᠯ ᠳᠠᠮᠢᠷ ᠤᠨ ᠭᠦᠳᠡᠯᠭᠡᠭᠡᠨ ᠭᠢᠵᠤ᠂ ᠳᠠᠷᠠᠭ᠎ᠠ ᠨᠢ ᠷᠠᠳᠢᠤ᠋ ᠳᠠᠮᠢᠷ᠂ ᠳᠡᠭᠦᠨ ᠤ ᠳᠠᠷᠠᠭ᠎ᠠ ᠨᠢ ᠳᠡᠭᠡᠰᠤ ᠦᠰᠦᠷᠭᠦ ᠳᠠᠮᠢᠷ ᠭᠢᠵᠤ ᠪᠠᠢ᠌ᠳᠠᠭ᠃ ᠡᠨᠡᠭᠦ ᠵᠠᠪᠰᠠᠷᠯᠠᠭ᠎ᠠ ᠶᠢᠨ ᠳᠠᠮᠢᠷ ᠤᠨ ᠭᠢᠴᠢᠶᠠᠯ ᠳᠤ ᠠᠩᠭᠢ ᠶᠢᠨ ᠪᠠᠭᠰᠢᠨᠠᠷ ᠰᠤᠷᠤᠭᠴᠢᠳ ᠤᠨ ᠶᠢᠡᠨ ᠡᠮᠤᠨ᠎ᠡ ᠵᠤᠭᠰᠤᠨ ᠳᠠᠮᠢᠷ ᠭᠢᠵᠤ ᠪᠠᠢ᠌ᠭ᠎ᠠ ᠥᠵᠡᠭ᠍ᠳᠡᠯ ᠨᠢ ᠮᠢᠨᠤ ᠠᠩᠬᠠᠷᠤᠯ ᠢ ᠣᠠᠴᠠᠭᠠᠢ ᠳᠠᠳᠠᠵᠤ᠂ ᠪᠠᠭᠰᠢ ᠰᠤᠷᠤᠭᠴᠢᠳ ᠤᠨ ᠪᠠᠶ᠎ᠠ ᠮᠠᠬᠠᠪᠣᠤᠨ ᠤᠨ ᠡᠷᠡᠭᠦᠯ ᠴᠢᠭᠢᠷᠠᠭ ᠢ ᠠᠩᠬᠠᠷᠤᠨ ᠬᠠᠯᠠᠮᠵᠢᠯᠠᠵᠤ ᠪᠠᠢ᠌ᠭ᠎ᠠ ᠠᠷᠭ᠎ᠠ ᠭᠡᠮᠵᠢᠶ᠎ᠡ ᠶᠢ ᠪᠢᠰᠢᠷᠠᠯ᠎ᠠ᠃ ᠭᠢᠴᠢᠶᠠᠯ ᠤᠨ ᠳᠢᠩᠭᠢᠮ ᠳᠤ ᠰᠤᠷᠤᠭᠴᠢᠳ ᠬᠠᠷᠢᠯᠴᠠᠨ ᠳᠤᠭᠣᠢ᠌ᠯᠠᠩ ᠶᠢᠡᠷ ᠬᠠᠮᠵᠢᠯᠴᠠᠨ ᠰᠤᠷᠤᠯᠴᠠᠵᠤ ᠴᠢᠳᠠᠬᠤ ᠪᠦᠭᠡᠳ ᠭᠢᠴᠢᠶᠠᠯ ᠤᠨ ᠵᠠᠪᠰᠠᠷ ᠲᠤ ᠴᠤ ᠥᠢᠮᠡᠭᠡᠨ ᠪᠠᠭ᠎ᠠ ᠨᠠᠮ ᠵᠢᠮ ᠪᠠᠢ᠌ᠳᠠᠭ᠃ ᠡᠨᠡ ᠨᠢ ᠰᠤᠷᠤᠭᠴᠢ ᠶᠢᠨ ᠭᠡᠪ ᠴᠢᠨᠠᠷ ᠦᠨᠳᠦᠷ ᠪᠣᠶᠤ ᠪᠠᠭᠰᠢ ᠶᠢᠨ ᠬᠠᠮᠢᠶᠠᠷᠤᠯᠳᠠ ᠲᠡᠶ ᠰᠢᠭᠤᠳ ᠬᠤᠯᠪᠣᠭ᠎ᠠ ᠲᠡᠶ ᠪᠣᠶᠤ ᠭᠡᠵᠤ ᠪᠢ ᠪᠣᠳᠤᠨ᠎ᠠ᠃

ᠭᠢᠴᠢᠶᠠᠯ ᠤᠨ ᠳᠢᠩᠭᠢᠮ ᠨᠢ ᠦᠨᠳᠦᠷ ᠪᠦᠳᠦᠮᠵᠢᠳᠤ ᠵᠢᠭᠠᠨ ᠰᠤᠷᠭᠠᠯᠳᠠ ᠶᠢ ᠭᠡᠷᠡᠭ᠍ᠵᠢᠭᠦᠯᠵᠤ᠂ ᠠᠩᠭᠢ ᠪᠦᠷᠢ ᠶᠢᠨ ᠰᠤᠷᠤᠭᠴᠢ ᠶᠢᠨ ᠳᠤᠭ᠎ᠠ ᠶᠢ ᠭᠤᠴᠢᠨ ᠵᠢᠷᠭᠤᠭ᠎ᠠ ᠪᠠᠷ ᠭᠢᠵᠠᠭᠠᠷᠯᠠᠵᠤ᠂ ᠠᠩᠭᠢ ᠶᠢᠨ ᠰᠤᠷᠤᠭᠴᠢ ᠶᠢᠨ ᠳᠤᠭ᠎ᠠ ᠶᠢ ᠣᠯᠠᠮ ᠪᠠᠭᠠᠰᠬᠠᠬᠤ ᠪᠠᠷ ᠴᠢᠷᠮᠠᠢ᠌ᠨ ᠳᠤᠷᠰᠢᠵᠤ ᠪᠠᠢ᠌ᠨ᠎ᠠ᠃ ᠭᠢᠴᠢᠶᠠᠯ ᠤᠨ ᠴᠠᠭ ᠰᠤᠷᠤᠭᠴᠢᠳ ᠳᠤᠭᠣᠢ᠌ᠯᠠᠩ ᠶᠢᠡᠷ ᠶᠢᠡᠨ ᠡᠰᠡᠷᠭᠦ ᠡᠰᠡᠷᠭᠦ ᠪᠠᠨ ᠬᠠᠠᠳᠤᠨ ᠰᠠᠭᠤᠭᠰᠠᠨ ᠪᠠᠢ᠌ᠳᠠᠭ᠃ ᠭᠡᠭᠦ ᠳᠡᠭᠡᠨ ᠰᠤᠬᠤᠷ ᠪᠠᠯᠠᠢ ᠪᠠᠷ ᠪᠣᠰᠤᠳ ᠤᠨ ᠰᠤᠷᠭᠠᠨ ᠭᠦᠮᠦᠵᠢᠭᠦᠯᠭᠦ ᠰᠢᠨ᠎ᠠ ᠠᠷᠭ᠎ᠠ ᠮᠠᠶ‍ᠢᠭ ᠢ ᠠᠪᠴᠢᠷᠠᠨ ᠭᠡᠷᠡᠭᠯᠡᠭ᠍ᠰᠡᠨ ᠪᠠᠢ᠌ᠳᠠᠯ ᠬᠠᠷᠠᠭᠳᠠᠬᠤ ᠦᠭᠡᠶ᠂ ᠬᠠᠷᠢᠨ ᠰᠤᠷᠤᠭᠴᠢᠳ ᠤᠨ ᠨᠠᠰᠤᠨ ᠤ ᠣᠠᠴᠠᠯᠢᠭ᠂ ᠭᠦᠯᠢᠶᠡᠨ ᠠᠪᠬᠤ ᠴᠢᠳᠠᠪᠣᠷᠢ ᠳᠤ ᠨᠢ ᠵᠤᠭᠢᠴᠠᠭᠤᠯᠤᠨ᠂ ᠣᠨ ᠨᠢᠭᠡᠴᠡ ᠳ᠋ᠠᠭᠢ ᠵᠢᠭᠠᠬᠤ ᠠᠷᠭ᠎ᠠ ᠨᠢ ᠠᠳᠠᠯᠢ ᠦᠭᠡᠶ ᠪᠠᠢ᠌ᠵᠤ᠂ ᠳᠡᠭᠡᠳᠤ ᠣᠨ ᠳᠠᠰᠢ ᠳᠠᠪᠰᠢᠬᠤ ᠪᠦᠷᠢ ᠪᠠᠶ᠎ᠠ ᠪᠠᠨ ᠳᠠᠭᠠᠭᠠᠨ ᠰᠤᠷᠤᠯᠴᠠᠬᠤ ᠴᠢᠳᠠᠪᠣᠷᠢ ᠶᠢ ᠴᠢᠩᠭ᠋ᠠᠳᠬᠠᠨ᠂ ᠣᠯᠠᠮᠵᠢᠯᠠᠯᠳᠤ ᠵᠢᠭᠠᠨ ᠰᠤᠷᠭᠠᠬᠤ ᠠᠷᠭ᠎ᠠ ᠶᠢᠨ ᠣᠭᠢ ᠰᠤᠳᠤ ᠶᠢ ᠨᠢ ᠰᠢᠩᠭᠡᠭᠡᠨ᠂ ᠰᠢᠨ᠎ᠡ ᠵᠢᠭᠠᠨ ᠰᠤᠷᠭᠠᠬᠤ ᠠᠷᠭ᠎ᠠ ᠠᠪᠴᠠᠯ ᠲᠡᠶ ᠣᠶᠠᠯᠳᠤᠭᠤᠯᠤᠨ ᠦᠪᠡᠷ ᠤᠨ ᠭᠡᠰᠡᠨ ᠵᠢᠭᠠᠨ ᠰᠤᠷᠭᠠᠬᠤ ᠠᠷᠭ᠎ᠠ ᠶᠢ ᠰᠥᠪᠠᠭ᠍ᠴᠢᠯᠡᠵᠤ ᠪᠠᠢ᠌ᠭ᠎ᠠ ᠨᠢ ᠢᠯᠠ ᠮᠡᠳᠡᠭ᠍ᠳᠡᠨ᠎ᠡ᠃

ᠭᠤᠷᠪᠠ ᠄ ᠰᠤᠷᠭᠠᠭᠤᠯᠢ ᠶᠢᠨ ᠭᠦᠷᠢᠶᠡᠨ ᠤ ᠪᠣᠰᠤᠳ ᠳᠠᠯ᠎ᠠ ᠶᠢᠨ ᠰᠤᠶᠤᠯ ᠤᠨ ᠪᠦᠳᠦᠭᠡᠨ ᠪᠠᠢ᠌ᠭᠤᠯᠤᠯᠳᠠ

ᠭᠤᠳᠤᠮ ᠤᠨ ᠰᠤᠶᠤᠯ᠂ ᠣᠬᠠᠭᠤᠯᠭ᠎ᠠ ᠶᠢᠨ ᠠᠭᠤᠷ ᠠᠮᠢᠰᠬᠤᠯ ᠦᠳᠭᠡᠨ᠃ ᠠᠰᠠᠷ ᠤᠨ ᠱᠠᠳᠤ ᠶᠢᠨ ᠬᠠᠨ᠎ᠠ ᠳᠡᠭᠡᠷ᠎ᠡ ᠦᠨᠳᠦᠰᠦᠳᠠᠨ ᠤ ᠣᠠᠴᠠᠯᠢᠭ ᠪᠠ ᠵᠠᠩ ᠳᠠᠳᠬᠠᠯ ᠢ ᠬᠠᠷᠠᠭᠤᠯᠤᠭᠰᠠᠨ ᠳᠤᠮᠤ ᠭᠡᠯᠪᠠᠷᠢ ᠶᠢᠨ ᠵᠢᠷᠤᠭ ᠢ ᠨᠠᠭᠠᠵᠤ ᠪᠠᠢ᠌ᠨ᠎ᠠ᠃ ᠡᠭᠦᠨ ᠳᠤ ᠦᠨᠳᠦᠰᠦᠳᠠᠨ ᠤ ᠬᠤᠪᠴᠠᠰᠤ ᠬᠤᠨᠠᠷ᠂ ᠢᠳᠡᠭᠡᠨ ᠣᠮᠳᠠᠭᠠᠨ᠂ ᠭᠦᠭ᠍ᠵᠢᠯ ᠬᠤᠪᠢᠷᠠᠯ᠂ ᠳᠠᠭᠤᠤ ᠪᠦᠵᠢᠭ᠌᠂ ᠦᠨᠳᠦᠰᠦᠳᠠᠨ ᠤ ᠳᠠᠷᠬᠠᠯᠳᠠ ᠵᠡᠷᠭᠡ ᠶᠢ ᠬᠠᠷᠠᠭᠤᠯᠤᠭᠰᠠᠨ ᠣᠯᠠᠨ ᠠᠭᠤᠯᠭ᠎ᠠ ᠪᠠᠭᠳᠠᠵᠤ ᠪᠠᠢ᠌ᠳᠠᠭ᠃ ᠠᠰᠠᠷ ᠤᠨ ᠱᠠᠳᠤ ᠳᠤ ᠴᠤ ᠰᠤᠷᠤᠭᠴᠢ ᠶᠢᠨ ᠡᠳᠦᠷ ᠳᠤᠳᠤᠮ ᠤᠨ ᠣᠢ᠌ᠯᠠ ᠠᠵᠢᠯᠯᠠᠭ᠎ᠠ ᠶᠢ ᠠᠩᠬᠠᠷᠤᠭᠤᠯᠤᠭᠰᠠᠨ ᠪᠢᠴᠢᠭᠡᠰᠤ ᠨᠠᠭᠠᠵᠤ ᠪᠠᠢ᠌ᠨ᠎ᠠ᠃ ᠠᠩᠭᠢ ᠶᠢᠨ ᠭᠡᠷ ᠤᠨ ᠬᠠᠵᠠᠭᠤ ᠳᠠᠯ᠎ᠠ ᠶᠢᠨ ᠬᠠᠨ᠎ᠠ ᠳᠤ ᠰᠤᠷᠤᠭᠴᠢ ᠶᠢᠨ ᠵᠢᠷᠤᠭ᠂ ᠭᠠᠷ ᠣᠷᠠᠯᠠᠯ ᠤᠨ ᠪᠦᠳᠦᠭᠡᠯ ᠢ ᠳᠦᠭᠦᠷᠡᠩ ᠨᠠᠭᠠᠵᠤ ᠪᠠᠢ᠌ᠳᠠᠭ᠃ ᠡᠳᠡᠭᠡᠷ ᠵᠣᠢ᠌ᠯ ᠨᠢ ᠦᠨᠳᠦᠰᠦᠳᠠᠨ ᠤ ᠰᠤᠶᠤᠯ ᠶᠢᠡᠨ ᠬᠠᠢ᠌ᠷᠠᠯᠠᠬᠤ ᠦᠵᠡᠯ ᠣᠬᠠᠮᠰᠠᠷ ᠢ ᠭᠦᠮᠦᠵᠢᠭᠦᠯᠭᠦ ᠳᠤ ᠢᠳᠠᠪᠭᠢ ᠣᠢ᠌ᠯᠠᠳᠤᠯ ᠥᠵᠡᠭᠦᠯᠭᠦ ᠨᠢ ᠶᠠᠷᠢᠶᠠᠨ ᠦᠭᠡᠶ᠃

ᠰᠤᠷᠭᠠᠭᠤᠯᠢ ᠶᠢᠨ ᠭᠦᠷᠢᠶᠡᠨ ᠤ ᠭᠡᠷᠡᠮ ᠳᠡᠭᠡᠨ ᠦᠨᠳᠦᠰᠦᠳᠠᠨ ᠤ ᠣᠠᠴᠠᠯᠢᠭᠳᠤ ᠵᠢᠷᠤᠭ ᠵᠢᠷᠤᠵᠤ ᠥᠩᠭᠡ ᠪᠣᠳᠤᠭ ᠢᠯᠭᠠᠷᠠᠨ ᠨᠢᠳᠤ ᠬᠤᠵᠢᠷᠯᠠᠨ᠎ᠠ᠃ ᠪᠠᠷᠢᠮᠵᠢᠶᠠᠳᠤ ᠰᠢᠶᠠᠩᠫᠢ ᠳᠠᠮᠢᠷ ᠤᠨ ᠳᠠᠯᠠᠪᠣᠷ ᠲᠡᠶ ᠡᠴᠠ ᠭᠠᠳᠠᠨ᠎ᠠ᠂ ᠦᠨᠳᠦᠰᠦᠳᠠᠨ ᠤ ᠣᠠᠴᠠᠯᠢᠭᠳᠤ ᠨᠠᠭᠠᠳᠤᠮ ᠤᠨ ᠪᠠᠭᠠᠵᠢ ᠪᠣᠯᠬᠤ 《ᠳᠡᠭᠦᠵᠢᠩ》᠂ ᠰᠤᠷᠭᠠᠭᠤᠯᠢ ᠶᠢᠨ ᠣᠠᠴᠠᠯᠢᠭ ᠪᠣᠯᠬᠤ ᠳᠤᠤᠷ ᠪᠦᠮᠪᠦᠭᠡᠨ ᠳᠠᠯᠠᠪᠣᠷ᠂ ᠣᠠᠴᠠᠯᠢᠭᠳᠤ ᠠᠩᠭᠢ ᠶᠢᠨ ᠭᠡᠷ (ᠭᠡᠩᠭᠡᠷᠭᠡᠨ ᠠᠩᠭᠢ) ᠁ ᠵᠡᠷᠭᠡ ᠨᠢ ᠬᠠᠷᠢᠶᠠᠳᠤ ᠪᠠᠭ᠎ᠠ ᠰᠤᠷᠭᠠᠭᠤᠯᠢ ᠶᠢᠨ ᠳᠤᠭ ᠳᠡᠮᠳᠡᠭ᠌ ᠪᠣᠯᠵᠤ ᠨᠢᠳᠤ ᠶᠢ ᠬᠤᠵᠢᠷᠯᠠᠨ ᠠᠩᠬᠠᠷᠤᠯ ᠢ ᠳᠠᠳᠠᠨ᠎ᠠ᠃

ᠠᠩᠭᠢ ᠶᠢᠨ ᠭᠡᠷ ᠤᠨ ᠳᠦᠷᠪᠠᠨ ᠬᠠᠨ᠎ᠠ ᠪᠠᠨ ᠳᠦᠭᠦᠷᠡᠩ ᠠᠰᠢᠭᠯᠠᠵᠤ ᠪᠠᠢ᠌ᠨ᠎ᠠ᠃ ᠡᠮᠤᠨ᠎ᠡ ᠳᠠᠯ᠎ᠠ ᠳᠤ ᠨᠢ ᠰᠠᠮᠪᠠᠷ᠎ᠠ᠂ ᠠᠷᠤ ᠳᠠᠯ᠎ᠠ ᠳᠤ ᠨᠢ ᠬᠠᠨ᠎ᠠ ᠶᠢᠨ ᠰᠤᠨᠢᠨ᠂ ᠪᠠᠷᠠᠭᠤᠨ ᠭᠠᠷ ᠳᠠᠯ᠎ᠠ ᠳᠤ ᠪᠣᠯᠪᠠᠰᠤᠷᠠᠯ ᠤᠨ ᠴᠠᠭᠠᠨ ᠰᠠᠮᠪᠠᠷ᠎ᠠ᠂ ᠵᠡᠭᠦᠨ ᠭᠠᠷ ᠳᠠᠯ᠎ᠠ ᠳᠤ ᠰᠤᠷᠤᠭᠴᠢᠳ ᠤᠨ ᠬᠠᠷᠠᠯᠳᠠ᠂ ᠣᠷᠤᠯᠳᠤᠭᠠᠨ ᠤ ᠳ᠋ᠦ᠋ᠩ ᠵᠡᠷᠭᠡ ᠶᠢ ᠳᠤᠭᠢᠷᠠᠭᠤᠯᠤᠨ ᠨᠠᠭᠠᠭᠰᠠᠨ ᠪᠠᠢ᠌ᠳᠠᠭ᠃

ᠠᠩᠭᠢ ᠪᠦᠷᠢ ᠳᠤ ᠵᠤᠬᠢᠶᠠᠮᠠᠯ ᠴᠡᠴᠡᠭ᠌ ᠪᠠ ᠳᠠᠷᠢᠮᠠᠯ ᠴᠡᠴᠡᠭ᠌ ᠲᠡᠶ᠃ ᠡᠨᠡ ᠨᠢ ᠪᠠᠭᠰᠢ ᠰᠤᠷᠤᠭᠴᠢᠳ ᠤᠨ ᠪᠠᠶ᠎ᠠ ᠰᠠᠳᠭᠢᠴᠠ ᠶᠢᠨ ᠡᠷᠡᠭᠦᠯ ᠮᠠᠠᠳᠤ ᠳᠤ ᠶᠡᠭᠡᠭᠡᠨ ᠳᠤᠰᠠ ᠪᠣᠯᠬᠤ ᠨᠢ ᠶᠠᠷᠢᠶᠠᠨ ᠦᠭᠡᠶ᠃ ᠳᠡᠭᠡᠭᠦ ᠮᠦᠷᠳᠡᠭᠡᠨ ᠴᠡᠴᠡᠭ᠌ ᠤᠨ ᠪᠠᠢ᠌ᠷᠢᠰᠢᠭᠤᠯᠤᠯᠳᠠ ᠨᠢ ᠵᠦᠢ ᠵᠤᠭᠢᠰᠳᠠᠢ᠂ ᠠᠩᠭᠢ ᠪᠦᠷᠢ ᠨᠢ ᠦᠨᠳᠦᠰᠦᠨ ᠳᠡᠭᠡᠨ ᠠᠳᠠᠯᠢᠬᠠᠨ ᠪᠠᠢ᠌ᠷᠢᠨ ᠳᠤ ᠦᠷᠤᠨ ᠳᠠᠯᠪᠢᠭᠰᠠᠨ ᠪᠠᠢ᠌ᠳᠠᠭ᠃

ᠪᠢᠳᠠᠨ ᠤ ᠳᠤᠭᠤᠷᠢᠨ ᠰᠤᠷᠤᠯᠴᠠᠬᠤ ᠬᠤᠭᠤᠴᠠᠭ᠎ᠠ ᠳᠠᠭᠤᠰᠴᠤ ᠪᠣᠴᠠᠬᠤ ᠡᠴᠠ ᠡᠮᠤᠨ᠎ᠡ᠂ ᠬᠠᠷᠢᠶᠠᠳᠤ ᠪᠠᠭ᠎ᠠ ᠰᠤᠷᠭᠠᠭᠤᠯᠢ ᠶᠢᠨ ᠳᠤᠭᠢᠷᠠᠭᠤᠯᠭ᠎ᠠ ᠪᠠᠷ ᠪᠢᠳᠠ ᠡᠭᠡ ᠣᠯᠤᠰ ᠤᠨ ᠳᠠᠷᠬᠠᠨ ᠭᠢᠯᠢ ᠪᠣᠯᠬᠤ ᠲᠦᠮᠡᠨ ᠮᠦᠷᠠᠨ ᠤ ᠭᠦᠪᠠᠭᠡᠨ ᠳᠤ ᠭᠦᠷᠴᠤ ᠬᠠᠭᠠᠰ ᠡᠳᠦᠷ ᠳᠤᠭᠤᠷᠢᠨ ᠵᠤᠭᠠᠴᠠᠯ᠎ᠠ᠃ ᠮᠠᠯᠮᠠᠯᠵᠠᠨ ᠣᠷᠤᠰᠬᠤ ᠲᠦᠮᠡᠨ ᠮᠦᠷᠠᠨ ᠤ ᠭᠦᠪᠠᠭᠡᠨ ᠡᠴᠠ ᠭᠦᠷᠰᠢ ᠣᠯᠤᠰ ᠊᠊᠊᠊᠊᠊᠊᠊᠊᠊᠊᠊᠊᠊᠊ ᠰᠤᠯᠤᠩᠭ᠋ᠤᠰ ᠤᠨ ᠨᠠᠠᠶᠠᠩ ᠬᠤᠳᠠ ᠶᠢ ᠪᠠᠷᠠᠯᠠᠨ᠂ ᠡᠭᠡ ᠣᠯᠤᠰ ᠤᠨ ᠭᠦᠭ᠍ᠵᠢᠯᠳᠡ ᠶᠢ ᠪᠠᠬᠠᠳᠤᠨ᠂ ᠭᠢᠯᠢ ᠶᠢᠨ ᠡᠭᠦᠳᠡ ᠳᠤ ᠵᠤᠭᠰᠤᠨ᠂ ᠦᠨᠳᠦᠰᠦᠳᠠᠨ ᠣᠭᠰᠠᠭᠠᠳᠠᠨ ᠤ ᠭᠦᠴᠦᠷᠭᠡᠭ᠍ᠵᠢᠯ ᠳᠤ ᠣᠮᠤᠭᠰᠢᠵᠠᠭᠠᠯ᠎ᠠ᠃ ᠣᠷᠤᠢ ᠶᠢᠨ ᠨᠢ᠋ᠮᠠᠨ ᠴᠠᠭ ᠤᠨ ᠦᠶᠡᠰ᠂ ᠭᠠᠯ ᠳᠡᠷᠭᠡᠨ ᠦᠷᠳᠡᠭᠡᠨ ᠳᠤ ᠬᠠᠷᠢᠶᠠᠳᠤ ᠪᠠᠭ᠎ᠠ ᠰᠤᠷᠭᠠᠭᠤᠯᠢ ᠶᠢᠨ ᠵᠠᠭᠢᠷᠤᠯ᠂ ᠳᠠᠳ᠋ ᠵᠠᠭᠢᠷᠤᠯ᠂ ᠡᠷᠭᠢᠯᠡᠭ᠍ᠴᠢ ᠨᠡᠷ ᠭᠦᠷᠴᠤ ᠢᠷᠠᠨ ᠮᠠᠨ ᠢ ᠦᠳᠡᠨ ᠮᠤᠷᠳᠠᠭᠤᠯᠤᠭᠰᠠᠨ ᠪᠠᠢ᠌ᠨ᠎ᠠ᠃ ᠶᠠᠷᠢᠭᠠᠤᠨ ᠪᠠᠷᠠᠰᠢ ᠦᠭᠡᠶ ᠬᠠᠯᠠᠭᠤᠨ ᠵᠤᠭᠤᠭ᠂ ᠭᠡᠯᠡᠯᠴᠡᠭᠡᠳ ᠳᠠᠭᠤᠰᠤᠰᠢ ᠦᠭᠡᠶ ᠬᠠᠮᠳᠤ ᠶᠢᠨ ᠣᠢ᠌ᠯᠠᠰ᠁ ᠨᠢ ᠮᠠᠨ ᠢ ᠦᠨᠡᠩᠬᠦ ᠳᠤᠳᠤᠨᠤ ᠭᠦᠮᠤᠨ ᠰᠢᠭ᠌ ᠰᠠᠨᠠᠭᠳᠠᠭᠤᠯᠵᠤ᠂ ᠪᠢᠳᠠ ᠴᠤ ᠬᠠᠷᠢᠶᠠᠳᠤ ᠪᠠᠭ᠎ᠠ ᠰᠤᠷᠭᠠᠭᠤᠯᠢ ᠶᠢᠨ ᠪᠠᠭᠰᠢ ᠣᠳᠤᠷᠢᠳᠤᠯᠭ᠎ᠠ ᠶᠢᠨ ᠮᠠᠨ ᠤ ᠰᠤᠷᠭᠠᠭᠤᠯᠢ ᠳᠤ ᠳᠤᠭᠤᠷᠢᠨ ᠰᠤᠷᠤᠯᠴᠠᠬᠤ ᠪᠠᠷ ᠣᠴᠢᠬᠤ ᠶᠢᠨ ᠪᠣᠯᠵᠤᠭ᠎ᠠ ᠳᠠᠯᠪᠢᠭᠰᠠᠭᠠᠷ ᠭᠠᠷ ᠠᠳᠬᠤᠨ ᠰᠠᠯᠤᠯᠴᠠᠪᠠ᠃

ᠪᠠᠶᠠᠷᠳᠠᠢ ︕ ᠡᠭᠡ ᠣᠷᠤᠨ ᠤ ᠳᠠᠷᠬᠠᠨ ᠭᠢᠯᠢ ᠊᠊᠊᠊᠊᠊᠊᠊᠊᠊᠊᠊᠊᠊᠊ ᠶᠠᠠᠪᠢᠶᠠᠨ ᠣᠷᠤᠨ᠃

ᠪᠠᠶᠠᠷᠳᠠᠢ ︕ ᠦᠨᠳᠦᠰᠦᠳᠠᠨ ᠤ ᠰᠤᠶᠤᠯ ᠤᠨ ᠠᠷᠢᠭᠤᠨ ᠭᠤᠯᠤᠮᠳᠠ ᠊᠊᠊᠊᠊᠊᠊᠊᠊᠊᠊᠊᠊᠊᠊ ᠶᠠᠠᠵᠢ ᠬᠤᠳᠠ᠃

ᠪᠠᠶᠠᠷᠳᠠᠢ ︕ ᠬᠠᠯᠠᠭᠤᠨ ᠰᠡᠳᠭᠢᠯ ᠵᠤᠴᠢᠠᠰᠠᠭ ᠵᠠᠩ ᠲᠡᠶ ᠰᠤᠯᠤᠩᠭ᠋ᠤᠰ ᠦᠨᠳᠦᠰᠦᠳᠠᠨ ᠤ ᠠᠬ᠎ᠠ ᠳᠡᠭᠦᠤ ᠨᠡᠷ᠃

ᠪᠠᠶᠠᠷᠳᠠᠢ ︕ ᠦᠨᠳᠦᠰᠦᠳᠠᠨ ᠣᠭᠰᠠᠭᠠᠳᠠᠨ ᠤ ᠮᠠᠷᠭᠠᠰᠢ ᠶᠢᠨ ᠲᠦᠯᠦᠭᠡ ᠵᠢᠳᠭᠦᠭᠡ ᠬᠠᠷᠢᠶᠠᠳᠤ ᠪᠠᠭ᠎ᠠ ᠰᠤᠷᠭᠠᠭᠤᠯᠢ ᠶᠢᠨ ᠪᠠᠭᠰᠢ ᠨᠡᠷ᠃



ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠣᠯᠠᠭᠠᠠᠨᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1499
ᠴᠠᠭ᠄ 2014 ᠤᠨ ᠤ 03 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁